Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ᠄ ᠤᠯᠤᠰ ᠦᠨᠳᠦᠰᠦᠲᠡᠨ ᠦ ᠪᠡᠨ ᠠᠶᠤᠯ ᠦᠭᠡᠢ ᠪᠠᠢᠢᠳᠠᠯ᠂ ᠮᠣᠩ᠋ᠭᠣᠯ ᠭᠡᠷ ᠪᠦᠯᠢ ᠢᠢᠨ ᠰᠠᠢᠢᠨ ᠰᠠᠢᠢᠬᠠᠨ ᠠᠮᠢᠳᠤᠷᠠᠯ ᠤᠨ ᠲᠥᠯᠥᠭᠡ 《ᠡᠷᠡᠭᠦᠯ ᠮᠣᠩ᠋ᠭᠣᠯ ᠬᠦᠮᠦᠨ》 ᠦᠨᠳᠦᠰᠦᠨ ᠦ ᠬᠥᠳᠡᠯᠭᠡᠭᠡᠨ ᠥᠷᠨᠢᠭᠦᠯᠴᠡᠭᠡᠶ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠢᠢᠨ ᠢᠪᠡᠭᠡᠯ ᠳᠣᠣᠷ᠎ᠠ ᠵᠣᠬᠢᠶᠠᠨ ᠪᠠᠢᠢᠭᠤᠯᠵᠤ ᠪᠤᠢ 《ᠨᠡᠢᠢᠭᠡᠮ ᠤᠨ ᠬᠥᠭ᠍ᠵᠢᠯ ᠳ᠋ᠦ ᠡᠷᠡᠭᠲᠡᠢᠢᠴᠦᠳ ᠦᠨ ᠣᠷᠣᠯᠴᠠᠭ᠎ᠠ᠂ ᠮᠠᠩᠯᠠᠢᠢᠯᠠᠯ》 ᠰᠡᠳᠦᠪ ᠲᠥ ᠦᠨᠳᠦᠰᠦᠨ ᠦ ᠴᠢᠭᠤᠯᠭᠠᠨ ᠲᠥᠷᠥ ᠢᠢᠨ ᠣᠷᠳᠣᠨ ᠳᠤ ᠡᠬᠢᠯᠡᠯ᠎ᠡ᠃
ᠴᠢᠭᠤᠯᠭᠠᠨ ᠳᠤ ᠣᠷᠣᠯᠴᠠᠭᠰᠠᠳ ᠡᠷᠡᠭᠲᠡᠢᠢᠴᠦᠳ ᠦᠨ ᠠᠮᠢᠳᠤᠷᠠᠯ ᠤᠨ ᠴᠢᠨᠠᠷ᠂ ᠣᠷᠣᠯᠴᠠᠭ᠎ᠠ᠂ ᠮᠠᠩᠯᠠᠢᠢᠯᠠᠯ ᠢ ᠳᠡᠮᠵᠢᠬᠦ ᠳᠥ ᠲᠤᠯᠭᠠᠷᠴᠤ ᠪᠤᠢ ᠰᠣᠷᠢᠯᠲᠠ᠂ ᠪᠡᠷᠬᠡᠰᠢᠶᠡᠯ᠂ ᠲᠡᠳᠡᠭᠡᠷ ᠦᠨ ᠭᠠᠷᠴᠠ ᠰᠢᠢᠳᠦᠯ ᠢ ᠬᠠᠮᠲᠤ ᠳᠤ ᠪᠠᠨ ᠲᠣᠳᠣᠷᠬᠠᠢᠢᠯᠠᠨ᠎ᠠ᠃
ᠡᠨᠡ ᠬᠦᠷᠢᠶᠡᠨ ᠳᠥ 《ᠡᠷᠡᠭᠲᠡᠢᠢᠴᠦᠳ ᠲᠥ ᠲᠤᠯᠭᠠᠮᠳᠠᠵᠤ ᠪᠤᠢ ᠵᠠᠷᠢᠮ ᠠᠰᠠᠭᠤᠳᠠᠯ》᠂ ᠡᠷᠡᠭᠲᠡᠢᠢᠴᠦᠳ ᠦᠨ ᠮᠠᠩᠯᠠᠢᠢᠯᠠᠯ᠂ ᠶᠣᠰᠣ ᠵᠦᠢ᠂ ᠡᠭᠦᠷᠭᠡ ᠬᠠᠷᠢᠭᠤᠴᠠᠯᠭ᠎ᠠ᠂ ᠣᠷᠣᠯᠴᠠᠭ᠎ᠠ》᠂ 《ᠡᠷᠡᠭᠲᠡᠢᠢᠴᠦᠳ ᠦᠨ ᠡᠷᠡᠭᠦᠯ ᠮᠡᠨᠳᠦ᠂ ᠡᠷᠡᠭᠦᠯ ᠠᠮᠢᠳᠤᠷᠠᠯ ᠤᠨ ᠬᠡᠪ ᠮᠠᠶᠢᠭ》᠂ 《ᠡᠷᠡᠭᠲᠡᠢᠢᠴᠦᠳ ᠦᠨ ᠲᠠᠯᠠᠭᠠᠷᠬᠢ ᠬᠡᠪᠰᠢᠮᠡᠯ ᠣᠢᠢᠯᠠᠭᠠᠯᠲᠠ ᠪᠣᠯᠪᠠᠰᠤᠷᠠᠯ᠂ ᠠᠮᠢᠳᠤᠷᠠᠯ ᠤᠨ ᠤᠬᠠᠭᠠᠨ》᠂ 《ᠡᠷᠡᠭᠲᠡᠢᠢᠴᠦᠳ ᠦᠨ ᠬᠥᠳᠡᠯᠮᠦᠷᠢ ᠡᠷᠬᠢᠯᠡᠯᠲᠡ᠂ ᠨᠡᠢᠢᠭᠡᠮ ᠤᠨ ᠬᠠᠮᠠᠭᠠᠯᠠᠯ》 ᠵᠡᠷᠭᠡ ᠰᠡᠳᠦᠪ ᠢᠶᠡᠷ ᠢᠯᠡᠳᠬᠡᠯ ᠰᠣᠨᠣᠰᠴᠤ ᠬᠡᠯᠡᠯᠴᠡᠭᠦᠯᠭᠡ ᠥᠷᠨᠢᠭᠦᠯᠦᠨ᠂ ᠵᠥᠪᠯᠡᠮᠵᠢ ᠭᠠᠷᠭᠠᠬᠤ ᠶᠤᠮ᠃
ᠦᠨᠳᠦᠰᠦᠨ ᠦ ᠴᠢᠭᠤᠯᠭᠠᠨ ᠢ ᠨᠡᠭᠡᠭᠡᠵᠦ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠢᠢᠨ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊.ᠬᠦᠷᠡᠯᠰᠦ᠋ᠬᠡ᠄
ᠡᠷᠬᠢᠮ ᠬᠦᠨᠳᠡᠥ ᠴᠢᠭᠤᠯᠭᠠᠨ ᠤ ᠲᠥᠯᠥᠭᠡᠯᠡᠭᠴᠢᠳ ᠡ᠂
ᠤᠯᠤᠰ ᠣᠷᠣᠨ ᠤ ᠲᠥᠰᠢᠭ ᠲᠤᠯᠭᠠᠭᠤᠷᠢ᠂ ᠠᠢᠢᠯ ᠭᠡᠷ ᠦᠨ ᠨᠣᠶᠠᠨ ᠨᠢᠷᠤᠭᠤ ᠪᠣᠯᠤᠭᠰᠠᠨ ᠡᠷᠡᠴᠦᠳ ᠡ᠂
ᠲᠠ ᠪᠦᠬᠦᠨ ᠳᠥ ᠡᠨᠡ ᠡᠳᠦᠷ ᠦᠨ ᠮᠡᠨᠳᠦ ᠢᠢ ᠡᠷᠭᠦᠨ ᠳᠡᠪᠰᠢᠭᠦᠯᠦᠶ᠎ᠡ!
ᠮᠣᠩ᠋ᠭᠣᠯ ᠲᠥᠷᠥ ᠢᠢᠨ ᠭᠠᠯ ᠭᠣᠯᠣᠮᠲᠠ ᠪᠣᠯᠤᠭᠰᠠᠨ ᠲᠥᠷᠥ ᠢᠢᠨ ᠣᠷᠳᠣᠨ ᠳᠤ ᠪᠠᠨ ᠮᠣᠩ᠋ᠭᠣᠯ ᠡᠷᠡᠴᠦᠳ ᠦᠨ ᠢᠶᠡᠨ ᠲᠠᠯ᠎ᠠ ᠪᠠᠷ ᠬᠡᠯᠡᠯᠴᠡᠨ ᠶᠠᠷᠢᠯᠴᠠᠵᠤ᠂ ᠡᠬᠡ ᠣᠷᠣᠨ ᠤ ᠪᠠᠨ ᠬᠥᠭ᠍ᠵᠢᠯ ᠳᠡᠪᠰᠢᠯ ᠳᠥ ᠡᠷᠡᠭᠲᠡᠢᠢᠴᠦᠳ ᠦᠨ ᠡᠭᠦᠷᠭᠡ ᠣᠷᠣᠯᠴᠠᠭ᠎ᠠ᠂ ᠮᠠᠩᠯᠠᠢᠢᠯᠠᠯ ᠤᠨ ᠲᠠᠯ᠎ᠠ ᠪᠠᠷ ᠰᠠᠨᠠᠯ ᠪᠣᠳᠣᠯ ᠢᠶᠠᠨ ᠰᠣᠯᠢᠯᠴᠠᠨ᠂ ᠪᠣᠳᠣᠯᠭ᠎ᠠ᠂ ᠵᠣᠷᠢᠯᠲᠠ ᠪᠠᠨ ᠲᠣᠳᠣᠷᠬᠠᠢᠢᠯᠠᠬᠤ ᠪᠠᠷ ᠤᠯᠤᠰ ᠣᠷᠣᠨ ᠤ ᠪᠠᠨ ᠥᠨᠴᠥᠭ ᠪᠤᠯᠤᠨ ᠪᠦᠷᠢ ᠡᠴᠡ ᠬᠦᠷᠦᠯᠴᠡᠨ ᠢᠷᠡᠭᠰᠡᠨ ᠲᠠ ᠪᠦᠬᠦᠨ ᠳᠥ ᠲᠥᠷᠥ ᠢᠢᠨ ᠲᠡᠷᠢᠭᠦᠨ᠂ ᠤᠯᠤᠰ ᠤᠨ ᠶᠡᠷᠦᠩᠬᠡᠢᠢᠯᠡᠭᠴᠢ ᠭᠦᠨ ᠲᠠᠯᠠᠷᠬᠠᠯ ᠢᠯᠡᠷᠬᠡᠢᠢᠯᠡᠵᠦ ᠪᠠᠢᠢᠨ᠎ᠠ᠃
ᠤᠯᠤᠰ ᠣᠷᠣᠨ ᠤ ᠬᠥᠭ᠍ᠵᠢᠯ ᠳᠡᠪᠰᠢᠯ᠂ ᠭᠡᠷ ᠪᠦᠯᠢ ᠢᠢᠨ ᠠᠮᠢᠳᠤᠷᠠᠯ ᠳᠤ ᠡᠷᠡᠭᠲᠡᠢᠢᠴᠦᠳ ᠦᠨ ᠡᠭᠦᠷᠭᠡ᠂ ᠬᠠᠷᠢᠭᠤᠴᠠᠯᠭ᠎ᠠ᠂ ᠮᠠᠩᠯᠠᠢᠢᠯᠠᠯ ᠮᠠᠰᠢ ᠴᠢᠬᠤᠯᠠ ᠡᠭᠦᠷᠭᠡ ᠲᠡᠢ᠃
ᠮᠣᠩ᠋ᠭᠣᠯᠴᠤᠳ ᠪᠢᠳᠡ ᠡᠷᠲᠡ ᠳᠡᠭᠡᠷ᠎ᠡ ᠦᠶᠡ ᠡᠴᠡ ᠡᠷᠡᠴᠦᠳ ᠢᠶᠡᠨ 《ᠡᠷᠦᠬᠡ ᠢᠢᠨ ᠲᠡᠷᠢᠭᠦᠨ᠂ ᠭᠡᠷ ᠦᠨ ᠡᠵᠡᠨ》 ᠬᠡᠮᠡᠨ ᠬᠦᠨᠳᠦᠳᠬᠡᠨ ᠢᠷᠡᠭᠰᠡᠨ ᠰᠠᠢᠢᠬᠠᠨ ᠤᠯᠠᠮᠵᠢᠯᠠᠯ ᠲᠠᠢ᠃ ᠠᠢᠢᠯ ᠡᠷᠦᠬᠡ ᠪᠣᠯ ᠤᠯᠤᠰ ᠤᠨ ᠦᠨᠳᠦᠰᠦ᠂ ᠲᠥᠷᠥ ᠢᠢᠨ ᠲᠤᠯᠭᠠᠭᠤᠷᠢ ᠶᠤᠮ᠃
ᠬᠠᠲᠠᠨ ᠵᠣᠷᠢᠭᠲᠤ ᠮᠣᠩ᠋ᠭᠣᠯ ᠡᠷᠡᠴᠦᠳ ᠾᠢᠦᠩᠨᠦ ᠭᠦᠷᠦᠨ ᠡᠴᠡ ᠡᠬᠢᠯᠡᠨ ᠳᠡᠯᠡᠬᠡᠢ ᠢᠢᠨ ᠲᠠᠯ᠎ᠠ ᠢᠢ ᠲᠥᠪᠰᠢᠳᠬᠡᠨ ᠲᠥᠷᠥ ᠤᠯᠤᠰ ᠢᠶᠠᠨ ᠪᠠᠢᠢᠭᠤᠯᠵᠤ᠂ ᠳᠠᠶᠠᠩ ᠳᠡᠯᠡᠬᠡᠢ ᠳᠥ ᠮᠣᠩ᠋ᠭᠣᠯ ᠤᠨ ᠶᠡᠬᠡ ᠠᠮᠤᠷ ᠠᠮᠤᠭᠤᠯᠠᠩ ᠢ ᠲᠣᠭᠲᠠᠭᠠᠨ᠂ ᠲᠤᠭᠤᠷᠭ᠎ᠠ ᠲᠤᠰᠠᠭᠠᠷ ᠤᠯᠤᠰ ᠢᠶᠠᠨ ᠴᠣᠭᠴᠠᠯᠠᠭᠠᠨ ᠮᠠᠨᠳᠤᠭᠤᠯᠵᠤ᠂ ᠮᠣᠩ᠋ᠭᠣᠯ ᠬᠦᠮᠦᠨ᠂ ᠮᠣᠩ᠋ᠭᠣᠯ ᠦᠨᠳᠦᠰᠦᠲᠡᠨ ᠢ ᠳᠡᠯᠡᠬᠡᠢ ᠢᠢᠨ ᠲᠡᠦᠬᠡᠨ ᠳᠥ ᠲᠠᠮᠠᠭᠠᠯᠠᠨ ᠦᠯᠡᠳᠡᠭᠡᠭᠰᠡᠨ ᠪᠠᠬᠠᠳᠤᠮ᠎ᠠ ᠲᠡᠦᠬᠡ᠂ ᠪᠠᠭᠠᠲᠤᠷᠯᠢᠭ ᠭᠠᠪᠢᠶ᠎ᠠ ᠲᠠᠢ ᠪᠢᠯᠡ᠃
ᠪᠢᠳᠡᠨ ᠦ ᠡᠪᠦᠭᠡ ᠳᠡᠭᠡᠳᠦᠰ ᠮᠣᠩ᠋ᠭᠣᠯ ᠡᠷ᠎ᠡ ᠬᠦᠮᠦᠨ ᠢ ᠡᠷ᠎ᠡ ᠵᠣᠷᠢᠭ ᠲᠠᠢ᠂ ᠡᠷᠳᠡᠮ ᠪᠢᠯᠢᠭ᠋᠍  ᠲᠡᠢ᠂ ᠬᠣᠯᠠᠴᠢ ᠤᠬᠠᠭᠠᠨ ᠲᠠᠢ᠂ ᠠᠭᠤᠵᠢᠭᠤ ᠰᠡᠳᠬᠢᠯ ᠲᠡᠢ᠂ ᠲᠡᠰᠪᠦᠷᠢ ᠬᠠᠲᠠ ᠲᠠᠢ᠂ ᠶᠣᠰᠣ ᠵᠤᠳᠠᠭ ᠲᠠᠢ᠂ ᠰᠢᠳᠤᠷᠭᠤ ᠵᠢᠷᠤᠮ ᠲᠠᠢ᠂ ᠠᠨᠳᠠᠭᠠᠢ ᠲᠠᠩᠭᠠᠷᠢᠭ ᠲᠤ ᠪᠠᠨ ᠦᠨᠡᠨᠴᠢ᠂ ᠡᠬᠡ ᠬᠦᠨᠳᠦ ᠡᠯᠪᠡᠷᠢᠯ ᠲᠡᠢ ᠪᠠᠢᠢᠬᠤ ᠢᠢ ᠰᠤᠷᠭᠠᠵᠤ᠂ ᠲᠥᠷᠥ ᠤᠯᠤᠰ᠂ ᠲᠥ ᠮᠡᠨ ᠣᠯᠠᠨ ᠳᠤ ᠪᠠᠨ ᠥᠮᠥᠭ ᠲᠥᠰᠢᠭ ᠪᠣᠯᠤᠭᠰᠠᠨ ᠨᠣᠶᠠᠨ ᠨᠢᠷᠤᠭᠤ ᠲᠠᠢ ᠡᠷᠡᠰ ᠢ 《ᠡᠷ᠎ᠡ ᠬᠦᠮᠦᠨ》 ᠬᠡᠮᠡᠨ ᠡᠷᠭᠦᠮᠵᠢᠯᠡᠵᠦ ᠢᠷᠡᠭᠰᠡᠨ ᠲᠡᠦᠬᠡ ᠲᠡᠢ᠃
ᠮᠣᠩ᠋ᠭᠣᠯᠴᠤᠳ ᠪᠢᠳᠡ ᠡᠷᠲᠡ ᠦᠶᠡ ᠡᠴᠡ ᠬᠤᠭᠤᠷᠴᠢ ᠮᠡᠬᠡᠯᠡᠬᠦ᠂ ᠵᠢᠰᠤᠷᠳᠠᠵᠤ ᠵᠠᠯᠢᠳᠠᠬᠤ᠂ ᠤᠷᠪᠠᠵᠤ ᠰᠢᠷᠪᠠᠬᠤ᠂ ᠶᠡᠬᠡᠷᠬᠡᠵᠦ ᠪᠠᠶᠠᠷᠬᠠᠬᠤ᠂ ᠬᠦᠴᠦᠷᠬᠢᠯᠡᠨ ᠳᠡᠭᠡᠷᠡᠯᠬᠡᠬᠦ᠂ ᠰᠠᠷᠬᠤᠳ ᠲᠤ ᠬᠣᠣᠳᠤᠷᠤᠭᠤᠯᠬᠤ᠂ ᠬᠤᠯᠠᠭᠠᠢ ᠳᠡᠭᠡᠷᠡᠮ ᠬᠢᠬᠦ᠂ ᠬᠣᠪ ᠵᠢᠪ ᠬᠥᠭᠡᠭᠡᠯᠴᠡᠳᠥᠬᠦ ᠵᠡᠷᠭᠡ ᠢᠢ ᠠᠳᠠᠭ ᠤᠨ ᠠᠷᠠᠨᠰᠢᠨ᠂ ᠬᠦᠮᠦᠨ ᠦ ᠮᠥᠰᠥ ᠴᠢᠨᠠᠷ ᠲᠤ ᠬᠠᠷᠰᠢ ᠬᠡᠮᠡᠨ ᠴᠡᠭᠡᠷᠯᠡᠵᠦ ᠢᠷᠡᠭᠰᠡᠨ ᠵᠠᠩᠰᠢᠯ ᠲᠠᠢ᠃
《ᠨᠡᠷᠡ ᠬᠤᠭᠤᠷᠠᠬᠤ ᠪᠠᠷ ᠶᠠᠰᠤ ᠬᠤᠭᠤᠷᠠ》 ᠬᠡᠮᠡᠨ ᠮᠠᠨ ᠤ ᠠᠷᠠᠳ ᠲᠥᠮᠡᠨ ᠶᠠᠷᠢᠳᠠᠭ ᠪᠢᠯᠡ᠃
ᠡᠴᠢᠭᠡ ᠡᠪᠦᠭᠡᠳ ᠡᠴᠡ ᠤᠯᠠᠮᠵᠢᠯᠠᠭᠳᠠᠨ ᠢᠷᠡᠭᠰᠡᠨ ᠡᠨᠡᠬᠦ ᠶᠣᠰᠣ ᠵᠤᠳᠠᠭ᠂ ᠵᠠᠩ ᠵᠠᠩᠰᠢᠯ᠂ ᠦᠨᠡᠲᠥ ᠵᠦᠢᠯᠡᠰ ᠢᠶᠡᠨ ᠪᠢᠳᠡ ᠬᠡᠵᠢᠶ᠎ᠡ ᠴᠤ ᠮᠠᠷᠲᠠᠬᠤ ᠶᠣᠰᠣ ᠦᠭᠡᠢ ᠪᠥᠭᠡᠳ ᠦᠶ᠎ᠡ ᠢᠢᠨ ᠦᠶ᠎ᠡ ᠳᠥ ᠦᠷ᠎ᠡ ᠬᠡᠦᠬᠡᠳ ᠦᠳ ᠳᠡᠭᠡᠨ ᠥᠪᠯᠡᠭᠦᠯᠦᠨ ᠤᠯᠠᠮᠵᠢᠯᠠᠭᠤᠯᠵᠤ ᠪᠠᠢᠢᠬᠤ ᠤᠴᠢᠷᠲᠠᠢ᠃
ᠬᠠᠷᠢᠨ ᠪᠢᠳᠡ ᠥᠨᠥᠳᠥᠷ ᠡᠨᠡ ᠵᠠᠩ ᠵᠠᠩᠰᠢᠯ᠂ ᠵᠠᠬᠢᠶ᠎ᠠ ᠳᠠᠭᠠᠭᠠᠯᠭᠠᠪᠤᠷᠢ᠂ ᠶᠣᠰᠣ ᠵᠤᠳᠠᠭ ᠢᠶᠠᠨ ᠬᠡᠷᠬᠢᠨ ᠬᠠᠳᠠᠭᠠᠯᠠᠵᠤ᠂ ᠬᠡᠷᠬᠢᠨ ᠬᠠᠮᠠᠭᠠᠯᠠᠵᠤ᠂ ᠬᠡᠷᠬᠢᠨ ᠠᠪᠴᠤ ᠶᠠᠪᠤᠭ᠎ᠠ ᠲᠠᠯ᠎ᠠ ᠪᠠᠷ ᠢᠶᠠᠨ ᠬᠡᠯᠡᠯᠴᠡᠨ ᠶᠠᠷᠢᠯᠴᠠᠵᠤ᠂ ᠲᠤᠩᠭ᠋ᠠᠨ ᠪᠣᠳᠣᠬᠤ ᠴᠠᠭ ᠪᠣᠯᠵᠠᠢ᠃
ᠮᠣᠩ᠋ᠭᠣᠯ ᠡᠷ᠎ᠡ ᠬᠦᠮᠦᠨ ᠪᠣᠯ ᠬᠠᠨᠢ ᠢᠵᠢᠯᠢ᠂ ᠭᠡᠷ ᠪᠦᠯᠢ᠂ ᠦᠷ᠎ᠡ ᠬᠡᠦᠬᠡᠳ ᠢᠶᠡᠨ ᠬᠠᠢᠢᠷᠠᠯᠠᠨ ᠬᠠᠯᠠᠮᠵᠢᠯᠠᠵᠤ᠂ ᠤᠯᠤᠰ ᠣᠷᠣᠨ᠂ ᠭᠡᠷ ᠪᠦᠯᠢ ᠢᠢᠨ ᠢᠶᠡᠨ ᠲᠥᠯᠥᠭᠡ ᠬᠢᠴᠢᠶᠡᠨ ᠵᠢᠳᠬᠦᠵᠦ᠂ ᠡᠬᠡ ᠣᠷᠣᠨ ᠢᠶᠠᠨ ᠪᠠᠲᠤᠯᠠᠨ ᠬᠠᠮᠠᠭᠠᠯᠠᠬᠤ ᠡᠭᠦᠷᠭᠡ ᠪᠡᠨ ᠢᠮᠠᠭᠲᠠ ᠤᠬᠠᠮᠰᠠᠷᠯᠠᠨ ᠨᠡᠷ᠎ᠡ ᠲᠥᠷᠥ ᠲᠡᠢ ᠪᠡᠷ ᠠᠮᠢᠳᠤᠷᠠᠬᠤ ᠶᠣᠰᠣᠲᠠᠢ᠃
ᠡᠷᠬᠡ ᠴᠢᠯᠦᠭᠡᠲᠥ ᠮᠣᠩ᠋ᠭᠣᠯ ᠤᠯᠤᠰ ᠲᠤ ᠡᠷᠡᠭᠲᠡᠢ᠂ ᠡᠮᠡᠭᠲᠡᠢ ᠬᠦᠮᠦᠨ ᠢᠵᠢᠯ ᠲᠡᠭᠰᠢ ᠡᠷᠬᠡ ᠲᠡᠢ ᠪᠠᠢᠢᠳᠠᠭ ᠬᠡᠳᠦᠢ ᠴᠤ ᠡᠷᠡᠴᠦᠳ ᠪᠢᠳᠡ ᠡᠬᠡ ᠣᠷᠣᠨ᠂ ᠠᠷᠠᠳ ᠲᠥᠮᠡᠨ᠂ ᠭᠡᠷ ᠪᠦᠯᠢ᠂ ᠦᠷ᠎ᠡ ᠬᠡᠦᠬᠡᠳ ᠦᠨ ᠢᠶᠡᠨ ᠡᠮᠦᠨ᠎ᠡ ᠢᠯᠡᠭᠦᠦ ᠶᠡᠬᠡ ᠡᠭᠦᠷᠭᠡ᠂ ᠬᠠᠷᠢᠭᠤᠴᠠᠯᠭ᠎ᠠ ᠬᠦᠯᠢᠶᠡᠵᠦ᠂ ᠢᠯᠡᠭᠦᠦ ᠶᠡᠬᠡ ᠠᠴᠢᠶᠠᠨ ᠤ ᠬᠦᠨᠳᠦ  ᠡᠭᠦᠷᠬᠦ ᠤᠴᠢᠷᠲᠠᠢ᠃

ᠡᠢᠢᠮᠦ ᠡᠴᠡ ᠮᠣᠩ᠋ᠭᠣᠯ ᠡᠷ᠎ᠡ ᠬᠦᠮᠦᠨ ᠡᠷᠡᠭᠦᠯ ᠪᠡᠶ᠎ᠡ ᠲᠡᠢ᠂ ᠰᠠᠷᠠᠭᠤᠯ ᠤᠬᠠᠭᠠᠨ ᠲᠠᠢ᠂ ᠵᠥᠪ ᠰᠡᠳᠬᠢᠯ ᠲᠡᠢ᠂ ᠵᠥᠪ ᠬᠠᠨᠳᠤᠯᠭ᠎ᠠ ᠲᠠᠢ᠂ ᠦᠤᠬᠡ ᠲᠡᠦᠬᠡ᠂ ᠥᠪ ᠰᠤᠶᠤᠯ᠂ ᠦᠨᠡᠲᠥ ᠵᠦᠢᠯ ᠢᠶᠡᠨ ᠡᠷᠬᠢᠮᠯᠡᠨ ᠳᠡᠭᠡᠳᠦᠯᠡᠳᠡᠭ᠂ ᠮᠡᠳᠡᠯᠭᠡ ᠪᠣᠯᠪᠠᠰᠤᠷᠠᠯ ᠲᠠᠢ᠂ ᠠᠵᠢᠯ ᠠᠮᠢᠳᠤᠷᠠᠯ ᠲᠠᠢ᠂ ᠬᠦᠮᠦᠨ ᠲᠥᠷᠥᠯᠬᠢᠲᠡᠨ ᠦ ᠬᠥᠭ᠍ᠵᠢᠯ ᠳᠡᠪᠰᠢᠯ ᠲᠡᠢ ᠬᠥᠯ ᠨᠡᠢᠢᠯᠡᠭᠦᠯᠦᠨ ᠠᠯᠬᠤᠵᠤ ᠴᠢᠳᠠᠳᠠᠭ ᠪᠠᠢᠢᠬᠤ ᠶᠣᠰᠣᠲᠠᠢ᠃

ᠢᠩᠭᠢᠬᠦ ᠢᠢᠨ ᠲᠤᠯᠠᠳᠠ ᠡᠷᠡᠭᠦᠯ ᠮᠡᠨᠳᠦ᠂ ᠰᠡᠳᠬᠢᠯ ᠵᠦᠢ᠂ ᠪᠣᠯᠪᠠᠰᠤᠷᠠᠯ᠂ ᠬᠥᠳᠡᠯᠮᠦᠷᠢ ᠡᠷᠬᠢᠯᠡᠯᠲᠡ᠂ ᠬᠥᠭ᠍ᠵᠢᠯ ᠦᠨ ᠠᠰᠠᠭᠤᠳᠠᠯ ᠳᠤ ᠨᠢ ᠲᠥᠷᠥ ᠢᠢᠨ ᠪᠣᠳᠣᠯᠭ᠎ᠠ ᠢᠢ ᠴᠢᠭᠯᠡᠭᠦᠯᠬᠦ ᠢᠢᠨ ᠵᠡᠷᠭᠡᠴᠡᠭᠡ ᠡᠷᠡᠴᠦᠳ ᠦᠨ ᠥᠪᠡᠷᠰᠡᠳ ᠦᠨ ᠤᠬᠠᠮᠰᠠᠷ᠂ ᠢᠳᠡᠪᠬᠢ ᠰᠠᠨᠠᠭᠠᠴᠢᠯᠠᠭ᠎ᠠ᠂ ᠬᠠᠷᠢᠭᠤᠴᠠᠯᠭ᠎ᠠ ᠢᠢ ᠰᠢᠨ᠎ᠡ ᠲᠥᠪᠰᠢᠨ ᠳᠥ ᠭᠠᠷᠭᠠᠬᠤ ᠱᠠᠭᠠᠷᠳᠠᠯᠭ᠎ᠠ ᠲᠠᠢ ᠪᠣᠯᠵᠠᠢ᠃

ᠡᠷᠡᠴᠦᠳ ᠪᠢᠳᠡᠨ ᠳᠥ ᠰᠠᠨᠠᠭ᠎ᠠ ᠵᠣᠪᠠᠬᠤ ᠵᠦᠢᠯ ᠴᠢᠮ᠎ ᠦᠭᠡᠢ ᠶᠡᠬᠡ ᠪᠠᠢᠢᠨ᠎ᠠ᠃ ᠵᠠᠰᠠᠵᠤ ᠵᠠᠯᠠᠷᠠᠭᠤᠯᠬᠤ ᠵᠦᠢᠯ ᠴᠤ ᠶᠡᠬᠡ ᠪᠠᠢᠢᠨ᠎ᠠ᠃

ᠵᠠᠷᠢᠮ ᠨᠥᠬᠥᠳ ᠮᠠᠨᠢ ᠡᠷᠡᠭᠦᠯ ᠮᠡᠨᠳᠦ᠂ ᠠᠬᠤᠢ ᠠᠮᠢᠳᠤᠷᠠᠯ ᠢᠶᠠᠨ ᠬᠥᠰᠡᠷᠳᠡᠭᠦᠯᠵᠦ᠂ ᠡᠷ᠎ᠡ ᠬᠦᠮᠦᠨ᠂ ᠡᠴᠢᠭᠡ ᠬᠦᠮᠦᠨ ᠦ ᠡᠭᠦᠷᠭᠡ᠂ ᠬᠠᠷᠢᠭᠤᠴᠠᠯᠭ᠎ᠠ ᠢᠢ ᠤᠮᠠᠷᠲᠠᠵᠤ᠂ ᠭᠡᠷ ᠣᠷᠣᠨ᠂ ᠠᠵᠢᠯ ᠦᠢᠯᠡᠰ ᠢᠶᠡᠨ ᠡᠵᠡᠨᠭᠦᠢᠢᠳᠡᠭᠦᠯᠵᠦ᠂ ᠬᠠᠨᠢ ᠢᠵᠢᠯᠢ᠂ ᠦᠷ᠎ᠡ ᠬᠡᠦᠬᠡᠳ᠂ ᠭᠡᠷ ᠪᠦᠯᠢ ᠪᠡᠨ ᠵᠣᠪᠠᠭᠠᠵᠤ ᠪᠠᠢᠢᠭ᠎ᠠ ᠶᠠᠪᠤᠳᠠᠯ ᠴᠥᠭᠡᠨ ᠦᠭᠡᠢ ᠪᠠᠢᠢᠨ᠎ᠠ᠃

ᠮᠠᠨ ᠤ ᠤᠯᠤᠰ ᠤᠨ ᠬᠦᠮᠦᠨ ᠠᠮᠠ ᠥᠰᠴᠦ᠂ ᠳᠤᠮᠳᠠᠴᠢ ᠨᠠᠰᠤᠯᠠᠯᠲᠠ 70 ᠨᠠᠰᠤ ᠪᠣᠯᠤᠭᠰᠠᠨ ᠰᠠᠢᠢᠬᠠᠨ ᠮᠡᠳᠡᠭᠡ ᠪᠠᠢᠢᠭ᠎ᠠ ᠬᠡᠳᠦᠢ ᠴᠤ ᠡᠷᠡᠭᠲᠡᠢ᠂ ᠡᠮᠡᠭᠲᠡᠢ ᠬᠦᠮᠦᠨ ᠦ ᠳᠤᠮᠳᠠᠴᠢ ᠨᠠᠰᠤᠯᠠᠯᠲᠠ ᠢᠢᠨ ᠵᠥᠷᠢᠭᠦᠦ 1990 ᠣᠨ ᠳᠤ 5.8 ᠵᠢᠯ ᠪᠠᠢᠢᠭᠰᠠᠨ ᠪᠣᠯ ᠥᠨᠥᠳᠥᠷ 10 ᠵᠢᠯ ᠪᠣᠯᠵᠤ ᠥᠭᠡᠷᠡᠴᠢᠯᠡᠭᠳᠡᠭᠰᠡᠨ ᠪᠠᠢᠢᠨ᠎ᠠ᠃ ᠡᠨᠡ ᠨᠢ ᠨᠢᠭᠡ ᠶᠣᠰᠣᠨ ᠳᠤ ᠪᠠᠨ ᠡᠷᠡᠭᠲᠡᠢ ᠬᠦᠮᠦᠨ ᠡᠮᠡᠭᠲᠡᠢ ᠬᠦᠮᠦᠨ ᠡᠴᠡ 10 ᠵᠢᠯ ᠢᠶᠡᠷ ᠪᠣᠭᠣᠨᠢ ᠨᠠᠰᠤᠯᠠᠵᠤ ᠪᠠᠢᠢᠨ᠎ᠠ ᠭᠡᠰᠡᠨ ᠦᠭᠡ ᠶᠤᠮ᠃

ᠡᠭᠦᠨ ᠢ ᠡᠷᠳᠡᠮᠲᠡᠨ᠂ ᠰᠤᠳᠤᠯᠤᠭᠠᠴᠢᠳ ᠳ᠋ᠦᠩᠨᠡᠬᠦ ᠳᠥ ᠪᠡᠨ ᠮᠣᠩ᠋ᠭᠣᠯ ᠡᠷᠡᠭᠲᠡᠢᠢᠴᠦᠳ ᠡᠷᠡᠭᠦᠯ ᠮᠡᠨᠳᠦ ᠳᠥ ᠪᠡᠨ ᠠᠩᠬᠠᠷᠳᠠᠭ ᠦᠭᠡᠢ᠂ ᠬᠣᠣᠷᠲᠤ ᠵᠤᠷᠰᠢᠯ ᠳᠤ ᠬᠡᠲᠥ ᠶᠡᠬᠡ ᠠᠪᠲᠠᠭᠰᠠᠨ ᠲᠠᠢ ᠰᠢᠭᠤᠳ ᠬᠣᠯᠪᠣᠭ᠎ᠠ ᠲᠠᠢ ᠪᠥᠭᠡᠳ ᠡᠨᠡ ᠨᠢ ᠠᠷᠢᠬᠢ᠂ ᠲᠠᠮᠠᠬᠢ᠂ ᠣᠰᠣᠯ ᠭᠡᠮᠲᠥᠯ᠂ ᠰᠡᠳᠬᠢᠯ ᠭᠤᠲᠤᠷᠠᠯ᠂ ᠭᠡᠷ ᠪᠦᠯᠢ ᠰᠠᠯᠤᠯᠲᠠ᠂ ᠠᠵᠢᠯ ᠦᠭᠡᠢᠢᠳᠡᠯ ᠪᠣᠯᠤᠨ ᠡᠮᠬᠢ ᠴᠡᠭᠴᠡ ᠦᠭᠡᠢ᠂ ᠬᠡᠨᠡᠭ ᠦᠭᠡᠢ᠂ ᠬᠠᠷᠢᠭᠤᠴᠠᠯᠭ᠎ᠠ ᠦᠭᠡᠢ ᠪᠠᠢᠢᠳᠠᠯ ᠠᠴᠠ ᠪᠣᠯᠵᠤ ᠪᠠᠢᠢᠨ᠎ᠠ ᠭᠡᠵᠦ ᠦᠵᠡᠵᠡᠢ᠃

ᠮᠠᠨ ᠤ ᠡᠷᠡᠭᠲᠡᠢᠢᠴᠦᠳ ᠦᠨ ᠨᠠᠰᠤ ᠪᠠᠷᠤᠯᠲᠠ ᠢᠢᠨ ᠲᠡᠷᠢᠭᠦᠯᠡᠬᠦ ᠲᠠᠪᠤᠨ ᠰᠢᠯᠲᠠᠭᠠᠨ ᠳᠤ ᠵᠢᠷᠦᠬᠡ ᠰᠤᠳᠠᠰᠤᠨ ᠤ ᠡᠪᠡᠳᠴᠢᠨ᠂ ᠬᠠᠪᠤᠳᠠᠷ᠂ ᠭᠡᠮᠲᠥᠯ᠂ ᠬᠣᠣᠷᠳᠠᠯᠭ᠎ᠠ ᠪᠠ ᠭᠠᠳᠠᠨ᠎ᠠ ᠢᠢᠨ ᠰᠢᠯᠲᠠᠭᠠᠨᠳᠤ ᠡᠮᠭᠡᠭ᠍ᠭ ᠎  ᠌᠂ ᠠᠮᠢᠰᠬᠤᠯ ᠤᠨ ᠵᠠᠮ ᠤᠨ ᠪᠣᠯᠤᠨ ᠬᠣᠭᠣᠯᠠ ᠪᠣᠯᠪᠠᠰᠤᠷᠠᠭᠤᠯᠬᠤ ᠲᠣᠭᠲᠠᠯᠴᠠᠭᠠᠨ ᠤ ᠡᠪᠡᠳᠴᠢᠨ ᠨᠦᠭᠦᠳ ᠣᠷᠣᠵᠤ ᠪᠠᠢᠢᠨ᠎ᠠ᠃

ᠡᠷ᠎ᠡ ᠬᠦᠮᠦᠨ ᠬᠢᠷᠢ ᠪᠠᠷᠤᠭ ᠤᠨ ᠵᠣᠪᠠᠯᠠᠩ ᠢ ᠳᠠᠭᠠᠳᠠᠭ᠂ ᠡᠷ᠎ᠡ ᠬᠦᠮᠦᠨ ᠡᠪᠡᠳᠳᠡᠭ ᠦᠭᠡᠢ᠂ ᠡᠮᠡᠭᠲᠡᠢ ᠬᠦᠮᠦᠨ ᠡᠴᠡ ᠳᠣᠯᠣᠭᠠᠨ ᠳᠣᠣᠷ᠎ᠠ ᠭᠡᠬᠦ ᠵᠡᠷᠭᠡ ᠪᠤᠷᠤᠭᠤ ᠦᠵᠡᠯ᠂ ᠬᠡᠨᠡᠭ ᠦᠭᠡᠢ ᠪᠠᠢᠢᠳᠠᠯ ᠭᠠᠵᠠᠷ ᠠᠪᠤᠭᠰᠠᠨ ᠠᠴᠠ ᠪᠣᠯᠤᠭᠠᠳ ᠡᠷᠡᠭᠲᠡᠢᠢᠴᠦᠳ ᠡᠷᠡᠭᠦᠯ ᠮᠡᠨᠳᠦ ᠢᠢᠨ ᠤᠷᠢᠳᠴᠢᠯᠠᠨ ᠰᠡᠷᠭᠡᠢᠢᠯᠡᠬᠦ ᠦᠵᠡᠯᠭᠡ ᠳᠥ ᠬᠠᠮᠤᠷᠤᠭᠳᠠᠬᠤ᠂ ᠡᠮᠨᠡᠯᠭᠡ ᠳᠥ ᠡᠮᠴᠢᠯᠡᠭᠦᠯᠬᠦ᠂ ᠡᠷᠡᠭᠦᠯ ᠮᠡᠨᠳᠦ ᠳᠥ ᠪᠡᠨ ᠲᠠᠯᠪᠢᠬᠤ ᠠᠩᠬᠠᠷᠤᠯ ᠬᠠᠷᠢᠴᠠᠩᠭ᠋ᠤᠢ ᠰᠤᠯᠠ ᠪᠠᠢᠢᠨ᠎ᠠ᠃

ᠡᠨᠡ ᠪᠣᠯ ᠲᠤᠢᠢᠯ ᠤᠨ ᠬᠠᠷᠢᠭᠤᠴᠠᠯᠭ᠎ᠠ ᠦᠭᠡᠢ ᠶᠠᠪᠤᠳᠠᠯ ᠪᠥᠭᠡᠳ ᠡᠷᠡᠴᠦᠳ ᠦᠨ ᠠᠮᠢᠳᠤᠷᠠᠯ ᠤᠨ ᠴᠢᠨᠠᠷ ᠲᠤ ᠲᠡᠳᠦᠢ ᠦᠭᠡᠢ ᠡᠷᠦᠬᠡ ᠭᠡᠷ᠂ ᠤᠯᠤᠰ ᠦᠨᠳᠦᠰᠦᠲᠡᠨ ᠦ ᠠᠶᠤᠯ ᠦᠭᠡᠢ ᠪᠠᠢᠢᠳᠠᠯ ᠳᠤ ᠴᠤ ᠰᠦᠷᠡᠬᠡᠢ ᠨᠥᠯᠦᠭᠡᠯᠡᠵᠦ ᠪᠠᠢᠢᠨ᠎ᠠ᠃

ᠡᠨᠡ ᠲᠤᠬᠠᠢ ᠥᠨᠥᠳᠥᠷ ᠦᠨ ᠴᠢᠭᠤᠯᠭᠠᠨ ᠳᠡᠭᠡᠷ᠎ᠡ ᠮᠠᠨ ᠤ ᠡᠷᠳᠡᠮᠲᠡᠨ ᠰᠤᠳᠤᠯᠤᠭᠠᠴᠢᠳ᠂ ᠮᠡᠷᠭᠡᠵᠢᠯ ᠦᠨ ᠬᠦᠮᠦᠰ ᠲᠣᠳᠣᠷᠬᠠᠢ ᠲᠣᠭ᠎ᠠ ᠪᠠᠷᠢᠮᠲᠠ ᠳᠤ ᠲᠤᠯᠭᠠᠭᠤᠷᠢᠯᠠᠨ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠶᠠᠷᠢᠵᠤ᠂ ᠠᠷᠠᠳ ᠢᠷᠭᠡᠳ ᠲᠥ  ᠪᠡᠨ ᠰᠠᠢᠢᠲᠤᠷ ᠣᠢᠢᠯᠠᠭᠠᠭᠤᠯᠤᠨ᠎ᠠ ᠭᠡᠵᠦ ᠨᠠᠢᠢᠳᠠᠵᠤ ᠪᠠᠢᠢᠨ᠎ᠠ᠃

ᠴᠢᠨᠠᠭᠰᠢᠳᠠ ᠲᠥᠷᠦ ᠵᠠᠰᠠᠭ ᠠᠴᠠ ᠠᠷᠠᠳ ᠢᠷᠭᠡᠳ᠂ ᠨᠡᠩ ᠢᠯᠠᠩᠭᠤᠶ᠎ᠠ ᠡᠷᠡᠭᠲᠡᠢᠢᠴᠦᠳ ᠦᠨ ᠡᠷᠡᠭᠦᠯ ᠮᠡᠨᠳᠦ ᠢᠢᠨ ᠪᠣᠯᠪᠠᠰᠤᠷᠠᠯ ᠢ ᠳᠡᠭᠡᠭ᠍ᠰᠢᠯᠡᠭᠦᠯᠬᠦ᠂ ᠵᠥᠪ ᠠᠮᠢᠳᠤᠷᠠᠯ ᠤᠨ ᠬᠡᠪᠰᠢᠯ ᠢ ᠪᠤᠢ ᠪᠣᠯᠭᠠᠬᠤ ᠴᠢᠭᠯᠡᠯ ᠢᠶᠡᠷ ᠰᠣᠶᠣᠨ ᠭᠡᠭᠡᠷᠡᠭᠦᠯᠬᠦ ᠠᠵᠢᠯ ᠢ ᠪᠦᠬᠦ ᠲᠥᠪᠰᠢᠨ ᠳᠥ ᠡᠷᠴᠢᠮᠲᠡᠢ ᠶᠠᠪᠤᠭᠤᠯᠬᠤ ᠱᠠᠭᠠᠷᠳᠠᠯᠭ᠎ᠠ ᠲᠠᠢ ᠪᠠᠢᠢᠨ᠎ᠠ᠃

ᠡᠷᠬᠢᠮ ᠨᠥᠬᠥᠳ ᠡ᠂

《ᠡᠷ᠎ᠡ ᠠᠮᠤᠭᠤᠯᠠᠩ ᠪᠣᠯ ᠭᠡᠷ ᠠᠮᠤᠭᠤᠯᠠᠩ》 ᠭᠡᠵᠦ ᠮᠠᠨ ᠤ ᠠᠷᠠᠳ ᠲᠥᠮᠡᠨ ᠬᠡᠯᠡᠳᠡᠭ᠃

ᠡᠷᠡᠴᠦᠳ ᠪᠢᠳᠡ ᠭᠡᠷ ᠪᠦᠯᠢ᠂ ᠡᠬᠡ ᠣᠷᠣᠨ ᠤ ᠪᠠᠨ ᠡᠮᠦᠨ᠎ᠡ ᠬᠦᠯᠢᠶᠡᠭᠰᠡᠨ ᠡᠭᠦᠷᠭᠡ᠂ ᠬᠠᠷᠢᠭᠤᠴᠠᠯᠭ᠎ᠠ ᠳᠤ ᠪᠠᠨ ᠡᠵᠡᠨ ᠪᠠᠢᠢᠵᠤ᠂ ᠡᠬᠡ ᠬᠦᠮᠦᠨ᠂ ᠡᠮᠡᠭᠲᠡᠢ ᠬᠦᠮᠦᠨ᠂ ᠦᠷ᠎ᠡ ᠬᠡᠦᠬᠡᠳ ᠢᠶᠡᠨ ᠬᠠᠢᠢᠷᠠᠯᠠᠨ ᠳᠡᠭᠡᠳᠦᠯᠡᠵᠦ᠂ ᠬᠠᠯᠠᠮᠵᠢᠯᠠᠨ ᠠᠰᠠᠷᠠᠬᠤ ᠤᠴᠢᠷᠲᠠᠢ᠃

ᠡᠨᠡ ᠪᠣᠯ ᠡᠷ᠎ᠡ ᠬᠦᠮᠦᠨ ᠦ ᠶᠣᠰᠣ ᠵᠤᠳᠠᠭ᠂ ᠨᠡᠷ᠎ᠡ ᠲᠥᠷᠥ ᠢᠢᠨ ᠬᠡᠷᠡᠭ ᠪᠥᠭᠡᠳ ᠡᠷ᠎ᠡ ᠬᠦᠮᠦᠨ ᠦ᠂ ᠡᠴᠢᠭᠡ ᠬᠦᠮᠦᠨ ᠦ ᠡᠷᠬᠢᠮ ᠡᠭᠦᠷᠭᠡ ᠶᠤᠮ᠃

ᠥᠬᠢᠨ ᠦᠷ᠎ᠡ ᠠᠪᠤ ᠢᠢᠨ ᠬᠠᠢᠢᠷ᠎ᠠ ᠪᠠᠷ ᠡᠷᠡᠴᠦᠳ ᠦᠨ ᠶᠢᠷᠲᠢᠨᠴᠦ ᠢᠢ ᠲᠥᠰᠦᠭᠡᠯᠡᠵᠦ᠂ ᠨᠤᠭᠤᠨ ᠦᠷ᠎ᠡ ᠡᠴᠢᠭᠡ ᠢᠢᠨ ᠰᠤᠷᠭᠠᠯ ᠢᠶᠠᠷ ᠡᠷ᠎ᠡ ᠬᠦᠮᠦᠨ ᠪᠣᠯᠤᠨ ᠬᠦᠮᠦᠵᠢᠳᠡᠭ ᠵᠢᠮ᠎ᠠ ᠲᠠᠢ᠃

ᠡᠢᠢᠮᠦ ᠡᠴᠡ ᠡᠷ᠎ᠡ ᠬᠦᠮᠦᠨ᠂ ᠡᠴᠢᠭᠡ ᠬᠦᠮᠦᠨ ᠠᠭᠤᠷ ᠣᠮᠤᠭ᠂ ᠬᠡᠯᠡ ᠠᠮᠠ᠂ ᠬᠡᠷᠡᠭᠦᠯ ᠦᠨ ᠪᠤᠵᠠᠷ ᠠᠴᠠ ᠠᠩᠭᠢᠳᠠ ᠪᠠᠢᠢᠵᠤ᠂ ᠪᠡᠶ᠎ᠡ ᠰᠡᠳᠬᠢᠯ ᠦᠨ ᠲᠡᠩᠴᠡᠪᠦᠷᠢ ᠢᠢ ᠣᠯᠵᠤ᠂ ᠲᠩᠷᠢ ᠰᠢᠭ  ᠲᠡᠨᠢᠭᠦᠨ᠂ ᠠᠭᠤᠯᠠ ᠰᠢᠭ ᠲᠥᠰᠢᠭ ᠲᠡᠢ᠂ ᠦᠷ᠎ᠡ ᠬᠡᠦᠬᠡᠳ᠂ ᠥᠷᠥᠭᠡᠯ ᠪᠤᠰᠤᠳ ᠲᠤ ᠦᠯᠢᠭᠡᠷ ᠳᠠᠭᠤᠷᠢᠶᠠᠯ ᠪᠣᠯᠤᠨ ᠡᠷ᠎ᠡ ᠢᠢᠨ ᠬᠡᠢᠢᠮᠣᠷᠢ ᠢᠢ ᠪᠠᠳᠠᠷᠠᠭᠠᠵᠤ᠂ ᠭᠡᠷ ᠦᠨ ᠵᠢᠪᠠᠷ ᠢ ᠦᠷᠭᠦᠭᠡᠳᠡᠭ ᠪᠠᠢᠢᠬᠤ ᠶᠣᠰᠣᠲᠠᠢ᠃

ᠬᠠᠷᠠᠮᠰᠠᠯ ᠲᠠᠢ ᠨᠢ ᠰᠡᠭᠦᠯ ᠦᠨ ᠦᠶ᠎ᠡ ᠳᠥ ᠭᠡᠷ ᠪᠦᠯᠢ ᠢᠢᠨ ᠬᠦᠴᠦᠷᠬᠡᠢᠢᠯᠡᠯ ᠦᠢᠯᠡᠳᠦᠭᠴᠢᠳ ᠦᠨ 97.4 ᠬᠤᠪᠢ ᠨᠢ ᠡᠷᠡᠴᠦᠳ ᠪᠠᠢᠢᠭ᠎ᠠ ᠪᠥᠭᠡᠳ ᠳᠡᠢᠢᠯᠦᠩᠬᠢ ᠨᠢ ᠰᠣᠭᠲᠣᠭᠤ ᠪᠠᠷ ᠦᠢᠯᠡᠳᠴᠡᠢ᠃

ᠲᠡᠭᠦᠨᠴᠢᠯᠡᠨ ᠵᠢᠯ ᠢᠷᠡᠬᠦ ᠲᠤᠰᠤᠮ ᠭᠡᠷ ᠪᠦᠯᠢ ᠰᠠᠯᠤᠯᠲᠠ ᠨᠡᠮᠡᠭᠳᠡᠵᠦ᠂ ᠡᠷᠦᠬᠡ ᠲᠣᠯᠣᠭᠠᠢᠢᠯᠠᠭᠰᠠᠨ ᠢᠷᠭᠡᠳ ᠦᠨ 92.5 ᠬᠤᠪᠢ ᠨᠢ ᠡᠮᠡᠭᠲᠡᠢᠢᠴᠦᠳ ᠪᠠᠢᠢᠭ᠎ᠠ ᠨᠢ ᠡᠷᠡᠴᠦᠳ ᠭᠡᠷ ᠪᠦᠯᠢ ᠢᠢᠨ ᠢᠶᠡᠨ ᠡᠮᠦᠨ᠎ᠡ ᠬᠦᠯᠢᠶᠡᠭᠰᠡᠨ ᠡᠭᠦᠷᠭᠡ᠂ ᠬᠠᠷᠢᠭᠤᠴᠠᠯᠭ᠎ᠠ᠂ ᠶᠣᠰᠣ ᠵᠦᠢ ᠪᠡᠨ ᠬᠠᠩᠭ᠋ᠠᠯᠲᠠ ᠲᠠᠢ ᠤᠬᠠᠮᠰᠠᠷᠯᠠᠬᠤ ᠦᠭᠡᠢ ᠪᠠᠢᠢᠨ᠎ᠠ ᠭᠡᠵᠦ ᠰᠤᠳᠤᠯᠤᠭᠠᠴᠢᠳ ᠳ᠋ᠦᠩᠨᠡᠵᠡᠢ᠃

ᠨᠡᠢᠢᠭᠡᠮ ᠳᠥ ᠭᠠᠷᠴᠤ ᠪᠤᠢ ᠠᠷᠢᠬᠢᠳᠠᠯᠲᠠ᠂ ᠳᠣᠩᠲᠣᠯᠳᠠ᠂ ᠭᠡᠷ ᠪᠦᠯᠢ ᠢᠢᠨ ᠬᠦᠴᠦᠷᠬᠡᠢᠢᠯᠡᠯ᠂ ᠭᠡᠷ ᠪᠦᠯᠢ ᠰᠠᠯᠤᠯᠲᠠ ᠵᠡᠷᠭᠡ ᠰᠥᠷᠭᠦ ᠦᠵᠡᠭᠳᠡᠯ ᠡᠷᠡᠴᠦᠳ ᠦᠨ ᠨᠡᠢᠢᠭᠡᠮ ᠳᠥ ᠡᠵᠡᠯᠡᠬᠦ ᠪᠠᠢᠢᠷᠢ ᠰᠠᠭᠤᠷᠢ᠂ ᠨᠡᠷ᠎ᠡ ᠬᠦᠨᠳᠦ ᠢᠢ ᠤᠨᠠᠭᠠᠵᠤ ᠪᠠᠢᠢᠨ᠎ᠠ᠃

ᠴᠢᠨᠠᠭᠰᠢᠳᠠ ᠪᠢᠳᠡ ᠡᠢᠢᠮᠦ ᠪᠠᠢᠢᠳᠠᠯ ᠢᠶᠠᠷ ᠦᠷᠭᠦᠯᠵᠢᠯᠡᠭᠦᠯᠦᠨ ᠠᠮᠢᠳᠤᠷᠠᠵᠤ ᠬᠡᠷᠬᠢᠪᠡᠴᠦ ᠪᠣᠯᠬᠤ ᠦᠭᠡᠢ᠃

ᠪᠤᠷᠬᠠᠨ ᠤ ᠰᠤᠷᠭᠠᠯ ᠳᠤ ᠨᠢᠭᠡ ᠰᠠᠢᠢᠬᠠᠨ ᠦᠭᠡ ᠪᠠᠢᠢᠳᠠᠭ ᠶᠤᠮ᠃

《ᠬᠡᠷᠪᠡ ᠴᠢ ᠵᠣᠪᠠᠯᠠᠩ ᠠᠴᠠ ᠠᠩᠭᠢᠵᠢᠷᠠᠶ᠎ᠠ ᠭᠡᠪᠡᠯ ᠵᠣᠪᠠᠯᠠᠩ ᠤᠨ ᠰᠢᠯᠲᠠᠭᠠᠨ ᠢ ᠣᠯ》 ᠭᠡᠵᠦ᠃

ᠲᠡᠭᠡᠪᠡᠯ ᠪᠢᠳᠡᠨ ᠦ ᠵᠣᠪᠠᠯᠠᠩ ᠤᠨ ᠨᠢᠭᠡ ᠲᠣᠮᠣ ᠰᠢᠯᠲᠠᠭᠠᠨ ᠪᠣᠯ ᠠᠷᠢᠬᠢᠳᠠᠨ ᠰᠤᠭᠳᠤᠭᠤᠨᠠᠬᠤ᠂ ᠠᠷᠢᠬᠢᠨ ᠳᠤ ᠳᠣᠩᠲᠣᠬᠤ ᠶᠠᠪᠤᠳᠠᠯ ᠶᠤᠮ᠃ ᠠᠷᠢᠬᠢᠳᠠᠯᠲᠠ ᠬᠡᠵᠢᠶ᠎ᠡ ᠴᠤ ᠰᠠᠢᠢᠨ ᠰᠠᠢᠢᠬᠠᠨ ᠵᠦᠢᠯ ᠳᠠᠭᠠᠭᠤᠯᠳᠠᠭ ᠦᠭᠡᠢ᠃ ᠬᠠᠷᠢᠨ ᠭᠠᠢ ᠵᠣᠪᠠᠯᠠᠩ᠂ ᠬᠠᠭᠠᠴᠠᠯ᠂ ᠬᠠᠷᠠᠭᠤᠰᠤᠯ ᠢ ᠯᠠ ᠳᠠᠭᠠᠭᠤᠯᠳᠠᠭ᠃

ᠡᠷᠡᠴᠦᠳ ᠪᠢᠳᠡ ᠠᠷᠢᠬᠢ ᠢᠢ ᠤᠤᠭᠤᠵᠤ ᠪᠠᠢᠢᠨ᠎ᠠ ᠭᠡᠵᠦ ᠪᠣᠳᠣᠳᠠᠭ᠃ ᠲᠡᠭᠡᠪᠡᠯ ᠦᠭᠡᠢ ᠡ᠃ ᠬᠠᠷᠢᠨ ᠠᠷᠢᠬᠢ ᠡᠷᠡᠴᠦᠳ ᠪᠢᠳᠡᠨ ᠢ᠂ ᠥᠪᠡᠷᠰᠡᠳ ᠢ ᠮᠠᠨᠢ ᠤᠤᠭᠤᠵᠤ ᠪᠠᠢᠢᠨ᠎ᠠ᠃ ᠦᠷ᠎ᠡ ᠬᠡᠦᠬᠡᠳ ᠲᠡᠢ ᠮᠢᠨᠢ᠂ ᠭᠡᠷ ᠪᠦᠯᠢ ᠲᠡᠢ ᠮᠢᠨᠢ᠂ ᠤᠯᠤᠰ ᠦᠨᠳᠦᠰᠦᠲᠡᠨ ᠢ ᠮᠢᠨᠢ ᠤᠤᠭᠤᠵᠤ ᠪᠠᠢᠢᠨ᠎ᠠ᠃

ᠡᠬᠡ ᠣᠷᠣᠨ ᠤ ᠮᠠᠨᠢ ᠬᠥᠭ᠍ᠵᠢᠯ ᠳᠡᠪᠰᠢᠯ ᠳᠥ ᠴᠢᠳᠦᠷ ᠲᠤᠱᠠ ᠪᠣᠯᠵᠤ ᠪᠠᠢᠢᠨ᠎ᠠ᠃

《ᠰᠠᠷᠬᠤᠳ ᠰᠠᠪᠠᠨ ᠠᠴᠠ ᠪᠠᠨ ᠪᠤᠰᠤᠳ ᠢ ᠲᠡᠢᠢᠯᠡᠳᠡᠭ》 ᠭᠡᠵᠦ ᠮᠠᠨ ᠤ ᠠᠷᠠᠳ ᠲᠥᠮᠡᠨ ᠬᠡᠯᠡᠳᠡᠭ᠃

ᠡᠭᠦᠨ ᠢ ᠯᠠ ᠪᠢᠳᠡ ᠳᠣᠣᠷ᠎ᠠ ᠪᠦᠷᠢᠨ᠎ᠡ ᠤᠬᠠᠭᠠᠷᠠᠵᠤ᠂ ᠤᠯᠤᠰ ᠦᠨᠳᠦᠰᠦᠲᠡᠨ ᠢᠶᠡᠷ ᠢᠶᠡᠨ ᠲᠡᠮᠡᠴᠡᠬᠦ ᠴᠠᠭ ᠪᠣᠯᠵᠠᠢ᠃

ᠪᠢᠳᠡ ᠪᠠᠢᠢᠭᠠᠯᠢ ᠳᠡᠯᠡᠬᠡᠢ ᠪᠡᠨ ᠬᠠᠮᠠᠭᠠᠯᠠᠵᠤ᠂ ᠴᠥᠯᠵᠢᠯᠲᠡ ᠲᠡᠢ ᠲᠡᠮᠡᠴᠡᠬᠦ ᠢᠢᠨ ᠲᠤᠯᠠᠳᠠ ᠲᠡᠷᠪᠤᠮ ᠢᠶᠠᠷ ᠲᠣᠭᠠᠯᠠᠭᠳᠠᠬᠤ ᠮᠣᠳᠣ ᠲᠠᠷᠢᠵᠤ ᠤᠷᠭᠤᠭᠤᠯᠬᠤ ᠦᠨᠳᠦᠰᠦᠨ ᠦ ᠬᠥᠳᠡᠯᠭᠡᠭᠡᠨ ᠢ ᠥᠷᠨᠢᠭᠦᠯᠵᠦ ᠡᠬᠢᠯᠡᠭᠡᠳ ᠪᠠᠢᠢᠨ᠎ᠠ᠃

ᠠᠷᠠᠳ ᠲᠥᠮᠡᠨ ᠮᠠᠨᠢ ᠴᠤ ᠡᠭᠦᠨ ᠢ ᠲᠠᠯᠠᠷᠬᠠᠨ ᠳᠡᠮᠵᠢᠵᠦ ᠪᠠᠢᠢᠨ᠎ᠠ᠃

ᠲᠡᠭᠡᠪᠡᠯ ᠥᠨᠥᠳᠥᠷ ᠡᠴᠡ ᠡᠬᠢᠯᠡᠭᠡᠳ ᠤᠯᠤᠰ ᠦᠨᠳᠦᠰᠦᠲᠡᠨ ᠦ ᠪᠡᠨ ᠠᠶᠤᠯ ᠦᠭᠡᠢ ᠪᠠᠢᠢᠳᠠᠯ ᠤᠨ ᠲᠥᠯᠥᠭᠡ᠂ ᠮᠣᠩ᠋ᠭᠣᠯ ᠭᠡᠷ ᠪᠦᠯᠢ ᠢᠢᠨ ᠰᠠᠢᠢᠨ ᠰᠠᠢᠢᠬᠠᠨ ᠠᠮᠢᠳᠤᠷᠠᠯ ᠤᠨ ᠲᠥᠯᠥᠭᠡ 《ᠡᠷᠡᠭᠦᠯ ᠮᠣᠩ᠋ᠭᠣᠯ ᠬᠦᠮᠦᠨ》 ᠦᠨᠳᠦᠰᠦᠨ ᠦ ᠬᠥᠳᠡᠯᠭᠡᠭᠡᠨ ᠥᠷᠨᠢᠭᠦᠯᠴᠡᠭᠡᠶ᠎ᠡ᠃

ᠠᠢᠢᠯ ᠡᠷᠦᠬᠡ᠂ ᠠᠯᠪᠠᠨ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠲᠥᠷᠥ ᠵᠠᠰᠠᠭ᠂ ᠠᠷᠠᠳ ᠲᠥᠮᠡᠨ ᠢᠶᠡᠷ ᠢᠶᠡᠨ ᠠᠷᠢᠬᠢᠳᠠᠯᠲᠠ ᠢᠢᠨ ᠡᠰᠡᠷᠭᠦ ᠨᠢᠭᠡᠳᠦᠨ ᠳᠡᠮᠡᠴᠡᠴᠡᠭᠡᠶ᠎ᠡ᠃

ᠬᠠᠨᠢ ᠢᠵᠢᠯᠢ ᠪᠡᠨ᠂ ᠬᠠᠢᠢᠷᠠᠲᠠᠢ ᠬᠦᠮᠦᠰ ᠢᠶᠡᠨ᠂ ᠦᠷ᠎ᠡ ᠬᠡᠦᠬᠡᠳ ᠢᠶᠡᠨ᠂ ᠭᠡᠷ ᠪᠦᠯᠢ ᠪᠡᠨ᠂ ᠡᠴᠢᠭᠡ ᠡᠬᠡ ᠪᠡᠨ᠂ ᠡᠬᠡ ᠣᠷᠣᠨ ᠢᠶᠠᠨ ᠭᠡᠰᠡᠨ ᠴᠢᠡᠭ ᠰᠡᠳᠬᠢᠯ ᠲᠠᠩᠳᠠ ᠪᠠᠢᠢᠳᠠᠭ ᠪᠣᠯ ᠬᠠᠲᠠᠭᠤ ᠪᠣᠷᠣ ᠰᠠᠷᠬᠤᠳ ᠠᠴᠠ ᠲᠠᠲᠠᠭᠠᠯᠵᠠᠶ᠎ᠠ᠂ ᠲᠩᠷᠢ ᠵᠠᠶᠠᠭᠠᠲᠤ ᠡᠷᠡᠴᠦᠳ ᠡ᠃

ᠮᠣᠩ᠋ᠭᠣᠯ ᠡᠷ᠎ᠡ ᠬᠦᠮᠦᠨ ᠬᠡᠯᠡᠭᠰᠡᠨ ᠦᠭᠡᠨ ᠳᠥ ᠪᠡᠨ ᠡᠵᠡᠨ ᠪᠠᠢᠢᠵᠤ᠂ ᠵᠣᠷᠢᠭᠰᠠᠨ ᠬᠡᠷᠡᠭ ᠢᠶᠡᠨ ᠪᠦᠲᠥᠭᠡᠵᠦ ᠴᠢᠳᠠᠳᠠᠭ ᠵᠠᠩ ᠰᠤᠷᠲᠠᠬᠤᠨ ᠲᠠᠢ ᠪᠢᠯᠡ᠃

ᠮᠣᠩ᠋ᠭᠣᠯ ᠡᠷᠡᠴᠦᠳ ᠠᠷᠢᠬᠢ᠂ ᠲᠠᠮᠠᠬᠢ᠂ ᠠᠯᠢᠪᠠ ᠬᠣᠣᠷᠲᠤ ᠵᠤᠷᠰᠢᠯ ᠠᠴᠠ ᠠᠩᠭᠢᠳᠠ ᠪᠠᠢᠢᠵᠤ᠂ ᠡᠷᠡᠭᠦᠯ ᠵᠥᠪ ᠠᠮᠢᠳᠤᠷᠠᠯ ᠢ ᠲᠥᠯᠦᠪᠰᠢᠭᠦᠯᠵᠦ᠂ ᠡᠷᠡᠭᠦᠯ ᠮᠡᠨᠳᠦ ᠳᠥ ᠪᠡᠨ ᠠᠩᠬᠠᠷᠴᠤ᠂ ᠡᠬᠡ ᠣᠷᠣᠨ᠂ ᠭᠡᠷ ᠪᠦᠯᠢ᠂ ᠬᠠᠨᠢ ᠢᠵᠢᠯᠢ ᠳᠥ ᠪᠡᠨ ᠦᠨ᠎ᠡ ᠴᠡᠨ᠎ᠡ ᠲᠡᠢ ᠡᠷᠬᠢᠮ ᠬᠦᠮᠦᠨ ᠨᠢ ᠪᠠᠢᠢᠵᠤ᠂ ᠤᠷᠲᠤ ᠨᠠᠰᠤᠯᠠᠵᠤ᠂ ᠶᠡᠬᠡ ᠵᠦᠢᠯ ᠢ ᠬᠢᠵᠦ ᠪᠦᠲᠥᠭᠡᠵᠦ᠂ ᠨᠡᠷ᠎ᠡ ᠲᠥᠷᠥ ᠲᠡᠢ ᠠᠮᠢᠳᠤᠷᠠᠬᠤ ᠶᠣᠰᠣᠲᠠᠢ᠃

ᠡᠨᠡ ᠪᠦᠬᠦᠨ ᠡᠷᠡᠴᠦᠳ ᠪᠢᠳᠡᠨ ᠦ ᠬᠤᠪᠢ ᠢᠢᠨ ᠵᠣᠬᠢᠶᠠᠨ ᠪᠠᠢᠢᠭᠤᠯᠤᠯᠲᠠ᠂ ᠰᠠᠬᠢᠯᠭ᠎ᠠ ᠪᠠᠲᠤ᠂ ᠵᠥᠪ ᠠᠮᠢᠳᠤᠷᠠᠯ ᠠᠴᠠ ᠶᠡᠬᠡᠬᠡᠨ ᠰᠢᠯᠲᠠᠭᠠᠯᠠᠨ᠎ᠠ ᠭᠡᠳᠡᠭ ᠢ ᠡᠷ᠎ᠡ ᠬᠦᠮᠦᠨ ᠪᠣᠯᠭᠠᠨ ᠰᠠᠢᠢᠲᠤᠷ ᠤᠬᠠᠮᠰᠠᠷᠯᠠᠵᠤ᠂ ᠠᠮᠢᠳᠤᠷᠠᠯ ᠤᠨ ᠢᠶᠠᠨ ᠵᠠᠮ ᠮᠥᠷ᠂ ᠴᠢᠭ ᠬᠠᠨᠳᠤᠯᠭ᠎ᠠ ᠪᠣᠯᠭᠠᠬᠤ ᠤᠴᠢᠷᠲᠠᠢ᠃

ᠮᠣᠩ᠋ᠭᠣᠯ ᠡᠷᠡᠴᠦᠳ ᠬᠦᠴᠦᠷᠬᠡᠭ ᠪᠠᠢᠢᠪᠠᠯ ᠮᠣᠩ᠋ᠭᠣᠯ ᠦᠨᠳᠦᠰᠦᠲᠡᠨ ᠬᠦᠴᠦᠷᠭᠬᠡ᠋᠋᠌᠍  
ᠪᠠᠢᠢᠨ᠎ᠠ᠃

ᠥᠨᠥᠳᠥᠷ ᠦᠨ ᠴᠢᠭᠤᠯᠭᠠᠨ ᠢᠶᠠᠷ ᠡᠷᠡᠭᠲᠡᠢᠢᠴᠦᠳ ᠦᠨ ᠡᠷᠡᠭᠦᠯ ᠮᠡᠨᠳᠦ᠂ ᠪᠣᠯᠪᠠᠰᠤᠷᠠᠯ᠂ ᠬᠥᠳᠡᠯᠮᠦᠷᠢ ᠡᠷᠬᠢᠯᠡᠯᠲᠡ᠂ ᠬᠥᠭ᠍ᠵᠢᠯ ᠦᠨ ᠠᠰᠠᠭᠤᠳᠠᠯ ᠢᠶᠠᠷ ᠲᠠᠯ᠎ᠠ ᠪᠦᠷᠢ ᠡᠴᠡ ᠨᠢ ᠨᠤᠬᠤᠴᠠᠲᠠᠢ ᠰᠠᠢᠢᠨ ᠬᠡᠯᠡᠯᠴᠡᠵᠦ᠂ ᠡᠷᠡᠴᠦᠳ ᠦᠨ ᠲᠠᠯ᠎ᠠ ᠪᠠᠷ ᠲᠥᠷᠥ ᠡᠴᠡ ᠪᠠᠷᠢᠮᠲᠠᠯᠠᠬᠤ ᠪᠣᠳᠣᠯᠭ᠎ᠠ ᠢᠢ ᠲᠣᠳᠣᠷᠬᠠᠢᠢᠯᠠᠬᠤ ᠳᠤ ᠠᠵᠢᠯ ᠬᠡᠷᠡᠭᠴᠢ ᠣᠯᠠᠨ ᠴᠢᠬᠤᠯᠠ ᠰᠠᠨᠠᠯ᠂ ᠰᠠᠨᠠᠭᠠᠴᠢᠯᠠᠭ᠎ᠠ ᠭᠠᠷᠤᠨ᠎ᠠ ᠭᠡᠳᠡᠭ ᠲᠥ ᠢᠲᠡᠭᠡᠯ ᠲᠡᠢ ᠪᠠᠢᠢᠨ᠎ᠠ᠃

ᠴᠢᠭᠤᠯᠭᠠᠨ ᠠᠴᠠ ᠭᠠᠷᠤᠭᠰᠠᠨ ᠵᠥᠪᠯᠡᠮᠵᠢ ᠢᠢ ᠠᠵᠢᠯ ᠬᠡᠷᠡᠭ ᠪᠣᠯᠭᠠᠬᠤ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠪᠦᠬᠦ ᠲᠠᠯ᠎ᠠ ᠪᠠᠷ ᠳᠡᠮᠵᠢᠵᠦ᠂ ᠬᠠᠮᠲᠤᠷᠠᠨ ᠠᠵᠢᠯᠯᠠᠬᠤ ᠪᠣᠯᠤᠨ᠎ᠠ ᠭᠡᠳᠡᠭ ᠢᠶᠡᠨ ᠬᠡᠯᠡᠶ᠎ᠡ᠃
ᠴᠢᠭᠤᠯᠭᠠᠨ ᠤ ᠠᠵᠢᠯᠯᠠᠭᠠᠨ ᠳᠤ ᠠᠮᠵᠢᠯᠲᠠ ᠬᠦᠰᠡᠶ᠎ᠡ᠃

ᠮᠣᠷᠢᠨ ᠳᠡᠯ ᠳᠡᠭᠡᠷ᠎ᠡ ᠠᠰᠠᠭᠰᠠᠨ ᠮᠣᠩ᠋ᠭᠣᠯ ᠡᠷᠡᠰ ᠦᠨ ᠴᠣᠭ ᠬᠡᠢᠢᠮᠣᠷᠢ ᠭᠠᠯ ᠤᠨ ᠳᠥᠯᠥ ᠰᠢᠢᠡ᠋᠋᠌᠍ ᠥᠭᠡᠳᠡ ᠪᠡᠨ ᠪᠠᠢᠢᠭ᠃

ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ᠃