ᠮᠣᠩ᠋ᠭᠣᠯ ᠤᠯᠤᠰ ᠤᠨ ᠶᠡᠷᠦᠩᠬᠡᠢᠢᠯᠡᠭᠴᠢ ᠮᠣᠩ᠋ᠭᠣᠯ ᠲᠦᠮᠡᠨ ᠦ ᠪᠠᠬᠠᠷᠬᠠᠯ ᠲᠤ ᠥᠪ ᠰᠤᠶᠤᠯ᠂ ᠦᠶ᠎ᠡ ᠢᠢᠨ ᠦᠶ᠎ᠡ ᠳᠥ ᠤᠯᠠᠮᠵᠢᠯᠠᠭᠳᠠᠨ ᠢᠷᠡᠭᠰᠡᠨ ᠠᠮᠠᠨ ᠪᠢᠯᠢᠬᠡ᠋᠋᠌᠍ ᠦᠨ ᠡᠬᠡ ᠤᠨᠳᠤᠷᠭ᠎ᠠ ᠪᠣᠯᠤᠭᠰᠠᠨ ᠲᠤᠤᠯᠢᠰ ᠢᠶᠠᠨ ᠳᠡᠭᠡᠳᠥᠯᠡᠨ᠂ ᠳᠡᠯᠭᠡᠷᠡᠭᠦᠯᠬᠦ ᠵᠣᠷᠢᠯᠭ᠎ᠠ ᠪᠠᠷ 2019 ᠣᠨ ᠤ 01 ᠳ᠋ᠦ᠋ᠭᠡᠷ ᠰᠠᠷ᠎ᠠ ᠢᠢᠨ 29 ᠦ ᠡᠳᠥᠷ 《ᠮᠣᠩ᠋ᠭᠣᠯ ᠪᠠᠭᠠᠲᠤᠷᠯᠢᠭ ᠲᠤᠤᠯᠢᠰ ᠢᠶᠠᠨ ᠳᠡᠭᠡᠳᠥᠯᠡᠨ ᠳᠡᠯᠭᠡᠷᠡᠭᠦᠯᠬᠦ ᠲᠤᠬᠠᠢ》 13 ᠳ᠋ᠤᠭᠠᠷ ᠵᠠᠷᠯᠢᠭ ᠭᠠᠷᠭᠠᠭᠰᠠᠨ ᠶᠤᠮ᠃
ᠪᠢᠯᠢᠬᠡ᠋᠋᠌᠍ ᠦᠨ ᠲᠣᠭᠠᠯᠠᠯ ᠤᠨ XVII ᠵᠢᠷᠠᠨ ᠤ《ᠪᠤᠶᠠᠨ ᠦᠢᠯᠡᠳᠥᠭᠴᠢ》 ᠬᠡᠮᠡᠬᠦ ᠤᠰᠤᠨ ᠪᠠᠷᠰ ᠵᠢᠯ ᠦᠨ ᠰᠠᠷ᠎ᠠ ᠰᠢᠨ᠎ᠡ ᠢᠢᠨ ᠪᠠᠶᠠᠷ ᠲᠤ ᠵᠣᠷᠢᠭᠤᠯᠤᠭᠰᠠᠨ ᠪᠠᠭᠠᠲᠤᠷᠯᠢᠭ ᠲᠤᠤᠯᠢ ᠬᠠᠢᠢᠯᠠᠬᠤ ᠶᠣᠰᠣᠯᠠᠯ ᠲᠥᠷᠥ ᠢᠢᠨ ᠶᠣᠰᠣᠯᠠᠯ᠂ ᠬᠦᠨᠳᠥᠳᠬᠡᠯ ᠦᠨ ᠥᠷᠭᠦᠭᠡᠨ ᠳᠥ ᠪᠣᠯᠤᠯ᠎ᠠ᠃
ᠮᠣᠩ᠋ᠭᠣᠯ ᠤᠯᠤᠰ ᠤᠨ ᠠᠷᠠᠳ ᠤᠨ ᠪᠠᠭᠰᠢ᠂ ᠬᠡᠯᠡᠨ ᠦ ᠪᠣᠳᠣᠯᠭ᠎ᠠ ᠢᠢᠨ ᠦᠨᠳᠥᠰᠦᠨ ᠦ ᠵᠥᠪᠯᠡᠯ ᠦᠨ ᠳᠠᠷᠤᠭ᠎ᠠ ᠰᠡ ∙ ᠳᠤᠯᠮ᠎ᠠ ᠲᠤᠤᠯᠢ ᠬᠠᠢᠢᠯᠠᠬᠤ ᠵᠠᠩ ᠦᠢᠯᠡ ᠪᠣᠯᠤᠨ 《ᠨᠠᠷᠠᠨ ᠬᠥᠪᠡᠭᠦᠨ ᠬᠠᠭᠠᠨ》 ᠲᠤᠤᠯᠢ ᠢᠢᠨ ᠲᠠᠯ᠎ᠠ ᠪᠠᠷ ᠲᠣᠪᠴᠢ ᠲᠠᠨᠢᠯᠴᠠᠭᠤᠯᠪᠠ᠃
ᠪᠠᠶᠠᠨ-ᠠᠯᠲᠠᠢ ᠢᠢᠨ ᠤᠳᠤᠮ ᠤᠨ ᠳᠥᠷᠪᠡᠳᠡᠬᠢ ᠦᠶ᠎ᠡ ᠢᠢᠨ ᠲᠤᠤᠯᠢᠴᠢ᠂ ᠮᠣᠩ᠋ᠭᠣᠯ ᠤᠯᠤᠰ ᠤᠨ ᠰᠣᠶᠣᠯ ᠤᠨ ᠭᠠᠪᠢᠶᠠᠲᠤ ᠵᠢᠳᠬᠦᠯᠲᠡᠨ ᠡ᠊ ∙ ᠪᠠᠭᠠᠲᠤᠷᠵᠠᠪ᠂ ᠵᠢᠯᠬᠡᠷ ᠦᠨ ᠤᠳᠤᠮ ᠤᠨ ᠶᠢᠰᠦ ᠳ᠋ᠡᠬᠢ ᠲᠤᠤᠯᠢᠴᠢ᠂ ᠮᠣᠩ᠋ᠭᠣᠯ ᠤᠯᠤᠰ ᠤᠨ ᠰᠣᠶᠣᠯ ᠤᠨ ᠭᠠᠪᠢᠶᠠᠲᠤ ᠵᠢᠳᠬᠦᠯᠲᠡᠨ ᠠ᠊ ∙ ᠪᠠᠯᠳᠠᠨᠳᠣᠷᠵᠢ ᠨᠠᠷ 《ᠠᠯᠲᠠᠢ ᠢᠢᠨ ᠮᠠᠭᠲᠠᠭᠠᠯ》᠂ 《ᠨᠠᠷᠠᠨ ᠬᠥᠪᠡᠭᠦᠨ ᠬᠠᠭᠠᠨ》 ᠲᠤᠤᠯᠢ ᠬᠠᠢᠢᠯᠠᠯ᠎ᠠ᠃
ᠮᠣᠩ᠋ᠭᠣᠯ ᠪᠠᠭᠠᠲᠤᠷᠯᠢᠭ ᠲᠤᠤᠯᠢ ᠢᠢ ᠬᠠᠢᠢᠯᠠᠬᠤ ᠢᠢᠨ ᠡᠮᠦᠨ᠎ᠡ ᠠᠯᠲᠠᠢ᠂ ᠬᠠᠩᠭ᠋ᠠᠢ ᠢᠢ ᠬᠠᠢᠢᠯᠠᠵᠤ ᠮᠠᠭᠲᠠᠳᠠᠭ ᠤᠴᠢᠷᠲᠠᠢ᠃《ᠨᠠᠷᠠᠨ ᠬᠥᠪᠡᠭᠦᠨ ᠬᠠᠭᠠᠨ》 ᠲᠤᠤᠯᠢ ᠢᠢ ᠵᠤᠳ ᠲᠤᠷᠬᠠᠨ᠂ ᠭᠠᠡᠩ ᠭᠠᠴᠢᠭ᠂ ᠳᠠᠢᠢᠨ ᠳᠠᠵᠢᠨ ᠦᠭᠡᠢ᠂ ᠥᠨᠢ ᠲᠠᠷᠭᠤᠨ᠂ ᠡᠩᠬᠡ ᠠᠮᠤᠭᠤᠯᠠᠩ ᠪᠠᠢᠢᠬᠤ᠂ ᠬᠦᠮᠦᠨ᠂ ᠮᠠᠯ ᠥᠰᠴᠦ ᠦᠷᠡᠵᠢᠬᠦ᠂ ᠠᠢᠢᠯ ᠡᠷᠤᠬᠡ ᠤᠳ ᠦᠷ᠎ᠡ ᠢᠢᠨ ᠵᠠᠶᠠᠭ᠎ᠠ ᠬᠠᠢᠢᠷᠠᠯᠠᠬᠤ ᠢᠢ ᠢᠷᠦᠭᠡᠵᠦ ᠬᠠᠢᠢᠯᠠᠳᠠᠭ ᠶᠤᠮ᠃
ᠲᠤᠤᠯᠢ ᠬᠠᠢᠢᠯᠠᠬᠤ ᠶᠣᠰᠣᠯᠠᠯ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠤᠯᠤᠰ ᠤᠨ ᠶᠡᠬᠡ ᠬᠤᠷᠠᠯ ᠤᠨ ᠳᠠᠷᠤᠭ᠎ᠠ ᠭᠤᠮᠪᠤᠵᠠᠪ ᠤᠨ ᠽᠠᠨᠳᠠᠨᠰᠢᠳᠠᠷᠠ᠂ ᠮᠣᠩ᠋ᠭᠣᠯ ᠤᠯᠤᠰ ᠤᠨ ᠶᠡᠷᠦᠩᠬᠡᠢ ᠰᠠᠢᠢᠳ
ᠯᠤ∙ ᠤᠶᠤᠨ- ᠡᠷᠳᠡᠨᠢ ᠨᠠᠷ ᠣᠷᠣᠯᠴᠠᠯ᠎ᠠ᠃