Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠳ᠋ᠢᠫᠯᠣᠮᠠᠲ ᠴᠣᠯᠠ ᠬᠦᠷᠲᠡᠭᠡᠯ ᠡ

ᠮᠣᠩ᠋ᠭᠣᠯ ᠤᠯᠤᠰ ᠲᠤ ᠣᠷᠴᠢᠨ ᠴᠠᠭ ᠤᠨ ᠳ᠋ᠢᠫᠯᠣᠮᠠᠲ ᠠᠯᠪᠠ ᠡᠭᠦᠰᠴᠦ ᠬᠥᠭᠵᠢᠭᠰᠡᠨ ᠦ 110 ᠵᠢᠯ ᠦᠨ ᠣᠢ ᠢᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠳ᠋ᠢᠫᠯᠣᠮᠠᠲ ᠴᠣᠯᠠ ᠬᠦᠷᠲᠡᠭᠡᠬᠦ ᠲᠤᠬᠠᠢ ᠵᠠᠷᠯᠢᠭ ᠭᠠᠷᠭᠠᠯ᠎ᠠ᠃

ᠭᠠᠳᠠᠭᠠᠳᠤ ᠬᠠᠷᠢᠯᠴᠠᠭᠠᠨ ᠤ ᠰᠠᠯᠪᠤᠷᠢ ᠲᠤ ᠣᠯᠠᠨ ᠵᠢᠯ ᠦᠷ᠎ᠡ ᠪᠦᠲᠦᠭᠡᠯ᠂ ᠢᠳᠡᠪᠬᠢ ᠰᠠᠨᠠᠭᠠᠴᠢᠯᠭ᠎ᠠ ᠲᠠᠢ ᠠᠵᠢᠯᠯᠠᠵᠤ ᠭᠠᠳᠠᠭᠠᠳᠤ ᠪᠣᠳᠣᠯᠭ᠎ᠠ ᠢᠢᠨ ᠵᠣᠷᠢᠯᠲᠠ ᠨᠤᠭᠤᠳ ᠢ ᠬᠡᠷᠡᠭᠵᠢᠭᠦᠯᠬᠦ ᠳᠥ ᠣᠷᠣᠭᠤᠯᠤᠭᠰᠠᠨ ᠬᠤᠪᠢ ᠨᠡᠮᠡᠷᠢ ᠢᠢ ᠨᠢ ᠥᠨᠳᠥᠷ ᠢᠶᠡᠷ ᠦᠨᠡᠯᠡᠵᠦ᠂ ᠨᠡᠷ᠎ᠡ ᠪᠦᠬᠦᠢ ᠳ᠋ᠢᠫᠯᠣᠮᠠᠲ ᠤᠳ ᠲᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠳ᠋ᠢᠫᠯᠣᠮᠠᠲ ᠴᠣᠯᠠ ᠬᠦᠷᠲᠡᠭᠡᠵᠦ᠂ ᠴᠣᠯᠠᠨ ᠤ ᠲᠡᠮᠳᠡᠭ᠂ 《ᠠᠯᠲᠠᠨ ᠭᠡᠷᠭᠡ》  ᠢᠢ  ᠭᠠᠷᠳᠠᠭᠤᠯᠪᠠ᠃

ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠴᠣᠯᠠ ᠢᠢ᠄
ᠡᠯᠴᠢᠨ ᠰᠠᠢᠢᠳ ᠠᠰᠠᠨ ᠷᠠᠪᠳᠠᠨ ᠤᠨ ᠪᠣᠯᠣᠳ᠂
ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠠᠬᠠᠯᠠᠬᠤ ᠷᠧᠹᠧᠷᠧᠨ᠋ᠲ ᠨᠢᠮᠠᠰᠠᠮᠪᠤᠤ ᠢᠢᠨ ᠪᠤᠶᠠᠨᠳᠡᠯᠭᠡᠷ᠂
《ᠮᠣᠩ᠋ᠭᠣᠯ ᠤᠨ ᠡᠯᠴᠢᠨ ᠰᠠᠢᠢᠳ ᠨᠠᠷ ᠤᠨ ᠺᠯᠤᠢᠪ》  ᠤᠨ ᠶᠡᠷᠦᠩᠬᠡᠢᠢᠯᠡᠭᠴᠢ ᠳᠣᠷᠵᠢᠫᠠᠯᠠᠮ ᠠ ᠢᠢᠨ ᠭᠡᠷᠡᠯ᠂
ᠰᠢᠨᠵᠢᠯᠡᠬᠦ ᠤᠬᠠᠭᠠᠨ ᠤ ᠠᠺᠠᠳᠧᠮᠢ ᠢᠢᠨ ᠣᠯᠠᠨ ᠤᠯᠤᠰ ᠤᠨ ᠬᠠᠷᠢᠯᠴᠠᠭᠠᠨ ᠤ ᠬᠦᠷᠢᠶᠡᠯᠡᠩ ᠦᠨ ᠵᠥᠪᠯᠡᠬᠦ ᠵᠠᠩᠴᠢᠪᠦᠳᠣᠷᠵᠢ ᠢᠢᠨ ᠯᠣᠮᠪᠣ᠂
ᠠᠬᠠᠮᠠᠳ ᠳ᠋ᠢᠫᠢᠯᠤᠮᠠᠲ᠋ᠢᠴᠢ ᠭᠤᠲᠠᠪᠦᠳᠣᠷᠵᠢ ᠢᠢᠨ ᠯᠤᠤᠵᠠᠨ ᠨᠠᠷ ᠲᠤ ᠲᠤᠰ ᠲᠤᠰ ᠬᠦᠷᠳᠡᠭᠡᠯ᠎ᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ᠂ ᠬᠦᠷᠡᠯᠰᠦ᠋ᠬᠡ ᠬᠡᠯᠡᠭᠰᠡᠨ ᠦᠭᠡᠨ ᠳᠥ ᠪᠡᠨ ᠮᠣᠩ᠋ᠭᠣᠯ ᠲᠥᠷᠦ ᠢᠢᠨ ᠠᠯᠲᠠᠨ ᠠᠷᠭᠠᠮᠵᠢ ᠪᠣᠯᠤᠭᠰᠠᠨ ᠳ᠋ᠢᠫᠯᠣᠮᠠᠲ ᠠᠯᠪᠠ ᠨᠢ ᠦᠨᠳᠦᠰᠦᠨ ᠦ ᠠᠶᠤᠯ ᠦᠭᠡᠢ ᠪᠠᠢᠢᠳᠠᠯ᠂ ᠢᠵᠠᠭᠤᠷ ᠠᠰᠢᠭ ᠰᠣᠨᠢᠷᠬᠠᠯ ᠢ ᠣᠯᠠᠨ ᠤᠯᠤᠰ ᠤᠨ ᠡᠷᠬᠡ ᠵᠦᠢ ᠢᠢᠨ ᠬᠦᠷᠢᠶᠡᠨ ᠳᠥ ᠤᠯᠤᠰ ᠲᠥᠷᠦ ᠳ᠋ᠢᠫᠯᠣᠮᠠᠲ ᠤᠨ ᠠᠷᠭ᠎ᠠ ᠪᠠᠷ ᠬᠠᠩᠭ᠋ᠠᠳᠠᠭ ᠠᠮᠢᠨ ᠴᠢᠬᠤᠯᠠ ᠰᠠᠯᠪᠤᠷᠢ ᠭᠡᠳᠡᠭ ᠢ ᠣᠨᠴᠠᠯᠠᠯ᠎ᠠ᠃ ᠮᠥᠨ ᠲᠥᠷᠦ ᠲᠦᠮᠡᠨ ᠦ ᠢᠲᠡᠭᠡᠯ ᠨᠠᠢᠢᠳᠠᠪᠤᠷᠢ᠂ ᠲᠥᠷᠦ ᠢᠢᠨ ᠡᠷᠬᠢᠮ ᠳᠡᠭᠡᠳᠦ ᠴᠣᠯᠠ ᠢᠢ ᠳᠠᠭᠠᠵᠤ ᠢᠷᠡᠭᠰᠡᠨ ᠡᠭᠦᠷᠭᠡ ᠬᠠᠷᠢᠭᠤᠴᠠᠯᠭ᠎ᠠ ᠪᠠᠨ ᠤᠯᠠᠮ ᠥᠨᠳᠦᠷ ᠲᠥ ᠡᠷᠭᠦᠵᠦ᠂ ᠥᠪᠡᠷᠰᠡᠳ ᠦᠨ ᠬᠤᠷᠢᠮᠲᠤᠯᠠᠭᠤᠯᠤᠭᠰᠠᠨ ᠠᠷᠪᠢᠨ ᠶᠡᠬᠡ ᠮᠡᠳᠡᠯᠭᠡ ᠲᠤᠷᠰᠢᠯᠭ᠎ᠠ ᠪᠠᠨ ᠵᠠᠯᠠᠭᠤ ᠬᠣᠢᠢᠴᠢ ᠦᠶ᠎ᠡ ᠳ᠋ᠡᠭᠡᠨ ᠵᠢᠭᠠᠵᠤ ᠰᠤᠷᠭᠠᠬᠤ ᠢᠢᠨ ᠵᠡᠷᠭᠡᠴᠡᠭᠡ ᠤᠯᠤᠰ ᠡᠬᠡ ᠣᠷᠣᠨ ᠳᠤ ᠪᠠᠨ ᠤᠯᠠᠮ ᠶᠡᠬᠡ ᠵᠦᠢᠯ ᠬᠢᠵᠦ ᠪᠦᠲᠦᠭᠡᠬᠦ ᠢᠢ ᠬᠦᠰᠡᠪᠡ᠃