Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠣᠷᠴᠢᠨ ᠴᠠᠭ ᠤᠨ ᠬᠤᠳᠠᠯᠳᠤᠭᠠᠨ ᠤ ᠰᠠᠯᠪᠤᠷᠢ ᠡᠭᠦᠰᠴᠦ ᠬᠥᠭ᠍ᠵᠢᠭᠰᠡᠨ ᠦ 100 ᠵᠢᠯ ᠦᠨ ᠣᠢ ᠢᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠦᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠣᠷᠴᠢᠨ ᠴᠠᠭ ᠤᠨ ᠬᠤᠳᠠᠯᠳᠤᠭᠠᠨ ᠤ ᠰᠠᠯᠪᠤᠷᠢ ᠡᠭᠦᠰᠴᠦ ᠬᠥᠭ᠍ᠵᠢᠭᠰᠡᠨ ᠦ 100 ᠵᠢᠯ ᠦᠨ ᠣᠢ ᠢᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡ ᠢᠢ ᠥᠨᠥᠳᠥᠷ ᠵᠣᠬᠢᠶᠠᠨ ᠪᠠᠢᠢᠭᠤᠯᠤᠭᠳᠠᠭᠰᠠᠨ 100 ᠵᠢᠯ ᠦᠨ ᠣᠢ ᠢᠢᠨ ᠪᠠᠶᠠᠷ ᠤᠨ ᠬᠤᠷᠠᠯ ᠤᠨ ᠦᠶ᠎ᠡ ᠪᠡᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠬᠣᠲᠠ᠂ ᠬᠥᠳᠡᠭᠡ ᠢᠢᠨ ᠬᠥᠭ᠍ᠵᠢᠯ ᠦᠨ ᠪᠣᠳᠣᠯᠭ᠎ᠠ ᠢᠢᠨ ᠵᠥᠪᠯᠡᠬᠦ ᠣ᠊ ∙ ᠪᠤᠶᠠᠨᠨᠡᠮᠡᠬᠦ ᠤᠩᠰᠢᠵᠤ ᠰᠣᠨᠣᠷᠳᠠᠭᠤᠯᠤᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡ᠄
《ᠮᠣᠩ᠋ᠭᠣᠯ ᠤᠯᠤᠰ ᠲᠤ ᠣᠷᠴᠢᠨ ᠴᠠᠭ ᠤᠨ ᠬᠤᠳᠠᠯᠳᠤᠭᠠᠨ ᠤ ᠰᠠᠯᠪᠤᠷᠢ ᠡᠭᠦᠰᠴᠦ ᠬᠥᠭ᠍ᠵᠢᠭᠰᠡᠨ ᠦ ᠲᠡᠦᠬᠡᠲᠦ 100 ᠵᠢᠯ ᠦᠨ ᠣᠢ ᠢᠢᠨ ᠪᠠᠶᠠᠷ ᠤᠨ ᠮᠡᠨᠳᠦ ᠢᠢ ᠦᠶ᠎ᠡ ᠦᠶ᠎ᠡ ᠢᠢᠨ ᠤᠳᠤᠷᠢᠳᠤᠯᠭ᠎ᠠ ᠨᠤᠭᠤᠳ᠂ ᠠᠵᠢᠯᠲᠠᠨ᠂ ᠠᠯᠪᠠᠨ ᠬᠠᠭᠠᠭᠴᠢᠳ᠂ ᠪᠢᠽᠢᠨ᠋᠋ᠧᠰ ᠡᠷᠬᠢᠯᠡᠭᠴᠢᠳ ᠪᠣᠯᠤᠨ ᠦᠢᠯᠡᠴᠢᠯᠡᠭᠦᠯᠦᠭᠴᠢ ᠨᠡᠢᠢᠲᠡ ᠠᠷᠠᠳ ᠲᠦᠮᠡᠨ ᠳᠥ ᠪᠡᠨ ᠬᠦᠷᠭᠡᠶ᠎ᠡ᠃

ᠮᠣᠩ᠋ᠭᠣᠯᠴᠤᠳ ᠪᠢᠳᠡ ᠡᠷᠲᠡᠨ ᠡᠴᠡ ᠠᠽᠢ᠂ ᠧᠦ᠋ᠷᠣᠫᠠ ᠢᠢ ᠬᠣᠯᠪᠣᠭᠰᠠᠨ ᠣᠯᠠᠨ ᠤᠯᠤᠰ ᠤᠨ ᠬᠤᠳᠠᠯᠳᠤᠭᠠᠨ ᠤ ᠰᠦᠯᠵᠢᠶ᠎ᠡ ᠢᠢ ᠪᠤᠢ ᠪᠣᠯᠭᠠᠵᠤ᠂ ᠠᠯᠳᠠᠷᠲᠤ 《ᠲᠣᠷᠭᠠᠨ ᠤ ᠵᠠᠮ》 ᠢᠶᠠᠷ ᠳᠠᠮᠵᠢᠭᠤᠯᠤᠨ ᠳᠡᠯᠡᠬᠡᠢ ᠳᠠᠬᠢᠨ ᠤ ᠡᠳ᠋  ᠦᠨ ᠵᠠᠰᠠᠭ ᠤᠨ ᠦᠷ᠎ᠡ ᠠᠰᠢᠭ ᠲᠠᠢ ᠬᠤᠳᠠᠯᠳᠤᠭᠠᠨ ᠤ ᠰᠦᠯᠵᠢᠶ᠎ᠡ᠂ ᠪᠣᠷᠣᠯᠠᠭᠤᠯᠤᠯᠲᠠ ᠢᠢᠨ ᠲᠣᠭᠲᠠᠯᠴᠠᠭᠠᠨ ᠳᠤ ᠴᠢᠬᠤᠯᠠ ᠡᠭᠦᠷᠭᠡ ᠣᠷᠣᠯᠴᠠᠭ᠎ᠠ ᠲᠠᠢ ᠪᠠᠷ ᠬᠤᠪᠢ ᠨᠡᠮᠡᠭᠦᠷᠢ ᠪᠡᠨ ᠣᠷᠣᠭᠤᠯᠵᠤ ᠢᠷᠡᠭᠰᠡᠨ ᠪᠠᠬᠠᠳᠤᠮ᠎ᠠ ᠲᠡᠦᠬᠡ ᠲᠡᠢ ᠠᠷᠠᠳ ᠲᠦᠮᠡᠨ ᠪᠢᠯᠡ᠃

ᠲᠡᠮᠡᠭᠡᠨ ᠵᠢᠩ ᠡᠴᠡ ᠡᠬᠢᠯᠡᠭᠡᠳ ᠲᠡᠭᠡᠭᠡᠪᠦᠷᠢ ᠢᠢᠨ ᠲᠡᠷᠭᠡ ᠲᠡᠢ ᠵᠣᠯᠭᠠᠭᠰᠠᠨ ᠥᠩᠭᠡᠷᠡᠭᠰᠡᠨ ᠵᠠᠭᠤᠨ ᠤ ᠡᠬᠢ ᠪᠡᠷ ᠪᠤᠶᠤ ᠮᠣᠩ᠋ᠭᠣᠯ ᠣᠷᠣᠨ ᠳᠤ 1921 ᠣᠨ ᠤ ᠠᠷᠠᠳ ᠤᠨ ᠬᠤᠪᠢᠰᠬᠠᠯ ᠢᠯᠠᠭᠰᠠᠨ ᠤ ᠳᠠᠷᠠᠭᠠᠬᠠᠨ ᠣᠷᠴᠢᠨ ᠴᠠᠭ ᠤᠨ ᠬᠤᠳᠠᠯᠳᠤᠭᠠᠨ ᠤ ᠠᠩᠬᠠᠨ ᠤ ᠪᠠᠢᠢᠭᠤᠯᠤᠯᠭ᠎ᠠ ᠪᠣᠯᠬᠤ ᠠᠷᠠᠳ ᠤᠨ ᠬᠠᠷᠢᠯᠴᠠᠨ ᠲᠤᠰᠠᠯᠠᠯᠴᠠᠬᠤ ᠬᠣᠷᠰᠢᠶ᠎ᠠ ᠪᠠᠢᠢᠭᠤᠯᠤᠭᠰᠠᠨ ᠢᠶᠠᠷ ᠦᠨᠳᠦᠰᠦᠨ ᠦ ᠬᠤᠳᠠᠯᠳᠤᠭᠠᠨ ᠤ ᠰᠠᠯᠪᠤᠷᠢ ᠢᠢᠨ ᠰᠠᠭᠤᠷᠢ ᠲᠠᠯᠪᠢᠭᠳᠠᠭᠰᠠᠨ ᠶᠤᠮ᠃ ᠵᠠᠭᠤᠨ ᠵᠢᠯ ᠦᠨ ᠬᠤᠭᠤᠴᠠᠭᠠᠨ ᠳᠤ ᠮᠠᠨ ᠤ ᠤᠯᠤᠰ ᠤᠨ ᠬᠤᠳᠠᠯᠳᠤᠭᠠᠨ ᠤ ᠪᠣᠳᠣᠯᠭ᠎ᠠ ᠲᠤᠬᠠᠢ ᠢᠢᠨ ᠴᠠᠭ ᠦᠶ᠎ᠡ ᠢᠢᠨ ᠤᠯᠤᠰ ᠲᠥᠷᠦ ᠢᠢᠨ ᠪᠠᠢᠢᠳᠠᠯ᠂ ᠬᠥᠷᠰᠢ ᠣᠷᠣᠨ ᠨᠤᠭᠤᠳ ᠤᠨ ᠭᠠᠳᠠᠭᠠᠳᠤ ᠪᠣᠳᠣᠯᠭ᠎ᠠ ᠠᠴᠠ ᠶᠡᠬᠡᠬᠡᠨ ᠬᠠᠮᠢᠶᠠᠷᠴᠤ᠂ ᠬᠥᠭ᠍ᠵᠢᠯ ᠦᠨ ᠪᠦᠬᠦ ᠦᠶ᠎ᠡ ᠱᠠᠲᠤᠨ ᠳᠤ ᠤᠯᠤᠰ ᠣᠷᠣᠨ ᠤ ᠨᠡᠢᠢᠭᠡᠮ᠂ ᠡᠳ᠋  ᠦᠨ ᠵᠠᠰᠠᠭ ᠤᠨ ᠬᠠᠷᠢᠯᠴᠠᠭ᠎ᠠ ᠴᠢᠬᠤᠯᠠ ᠪᠠᠢᠢᠷᠢ ᠰᠠᠭᠤᠷᠢ ᠢᠢ ᠡᠵᠡᠯᠡᠭᠰᠡᠭᠡᠷ ᠢᠷᠡᠯ᠎ᠡ᠃ ᠲᠤᠰ ᠰᠠᠯᠪᠤᠷᠢ ᠲᠤ 1990 ᠣᠨ ᠠᠴᠠ 《ᠴᠢᠯᠦᠭᠡᠲᠦ᠂ ᠣᠯᠠᠨ ᠲᠠᠯᠠᠲᠤ ᠬᠤᠳᠠᠯᠳᠤᠭᠠᠨ ᠤ ᠵᠠᠷᠴᠢᠮ》 ᠢ ᠪᠠᠷᠢᠮᠲᠠᠯᠠᠬᠤ ᠪᠣᠯᠤᠭᠰᠠᠨ ᠤ ᠦᠷ᠎ᠡ ᠳ᠋ᠦᠩ ᠳᠥ ᠮᠣᠩ᠋ᠭᠣᠯ ᠤᠯᠤᠰ 2021 ᠣᠨ ᠤ ᠡᠬᠢᠨ ᠦ 11 ᠳ᠋ᠦ᠋ᠭᠡᠷ ᠰᠠᠷ᠎ᠠ ᠢᠢᠨ ᠪᠠᠢᠢᠳᠠᠯ ᠢᠶᠠᠷ ᠳᠡᠯᠡᠬᠡᠢ ᠢᠢᠨ 156 ᠣᠷᠣᠨ ᠲᠠᠢ ᠬᠤᠳᠠᠯᠳᠤᠭ᠎ᠠ ᠬᠢᠵᠦ᠂ ᠭᠠᠳᠠᠭᠠᠳᠤ ᠬᠤᠳᠠᠯᠳᠤᠭᠠᠨ ᠤ ᠨᠡᠢᠢᠲᠡ ᠪᠠᠷᠠᠭ᠎ᠠ ᠡᠷᠭᠢᠯᠲᠡ 15.0 ᠲᠡᠷᠪᠤᠮ ᠠᠮ᠂ ᠳ᠋ᠣᠯᠯᠠᠷ ᠲᠤ ᠬᠦᠷᠴᠦ᠂ ᠡᠭᠦᠨ ᠡᠴᠡ ᠡᠺᠰᠫᠣᠷᠲ 8.8 ᠲᠡᠷᠪᠤᠮ᠂ ᠢᠮᠫᠣᠷᠲ 6.2 ᠲᠡᠷᠪᠤᠮ ᠠᠮ᠂ ᠳ᠋ᠣᠯᠯᠠᠷ ᠲᠤ ᠬᠦᠷᠦᠭᠡᠳ ᠪᠠᠢᠢᠨ᠎ᠠ᠃

ᠭᠠᠳᠠᠭᠠᠳᠤ ᠬᠤᠳᠠᠯᠳᠤᠭᠠᠨ ᠤ ᠲᠡᠩᠴᠡᠯ 2021 ᠣᠨ ᠤ ᠡᠬᠢᠨ ᠦ 11 ᠰᠠᠷ᠎ᠠ ᠢᠢᠨ ᠪᠠᠢᠢᠳᠠᠯ ᠢᠶᠠᠷ 2.6 ᠲᠡᠷᠪᠤᠮ ᠠᠮ᠂ ᠳ᠋ᠣᠯᠯᠠᠷ ᠤᠨ ᠠᠰᠢᠭᠲᠠᠢ ᠭᠠᠷᠴᠤ ᠡᠮᠦᠨᠡᠬᠢ ᠣᠨ ᠤ ᠮᠥᠨ ᠦᠶ᠎ᠡ  ᠡᠴᠡ 673.3 ᠰᠠᠶ᠎ᠠ ᠠᠮ᠂ ᠳ᠋ᠣᠯᠯᠠᠷ ᠢᠶᠠᠷ ᠪᠤᠶᠤ 34.2 ᠬᠤᠪᠢᠶᠠᠷᠢ ᠥᠰᠦᠭᠰᠡᠨ ᠦᠵᠡᠭᠦᠯᠦᠯᠲᠡ ᠲᠡᠢ ᠪᠠᠢᠢᠭ᠎ᠠ ᠨᠢ ᠳᠡᠯᠡᠬᠡᠢ ᠳᠠᠬᠢᠨ ᠳᠤ ᠲᠤᠯᠭᠠᠷᠠᠭᠠᠳ ᠪᠠᠢᠢᠭ᠎ᠠ ᠴᠠᠷ᠎ᠠ ᠲᠠᠬᠤᠯ ᠤᠨ ᠡᠳ᠋  ᠦᠨ ᠵᠠᠰᠠᠭ ᠲᠤ ᠦᠵᠡᠭᠦᠯᠬᠦ ᠰᠥᠷᠭᠦ ᠨᠥᠯᠥᠭᠡᠯᠡᠯ ᠢ ᠮᠣᠩ᠋ᠭᠣᠯ ᠤᠯᠤᠰ ᠬᠣᠬᠢᠷᠠᠯ ᠪᠠᠭ᠎ᠠ ᠲᠠᠢ ᠳᠠᠪᠠᠨ ᠲᠤᠭᠤᠯᠬᠤ ᠳᠤ ᠴᠢᠭᠯᠡᠭᠰᠡᠨ ᠲᠥᠷᠥ ᠵᠠᠰᠠᠭ ᠠᠴᠠ ᠠᠪᠴᠤ ᠬᠡᠷᠡᠭᠵᠢᠭᠦᠯᠵᠦ ᠪᠠᠢᠢᠭ᠎ᠠ ᠪᠣᠳᠣᠯᠭ᠎ᠠ᠂ ᠦᠢᠯᠡ ᠠᠵᠢᠯᠯᠠᠭ᠎ᠠ᠂ ᠲᠡᠭᠦᠨ ᠢ ᠳᠡᠮᠵᠢᠨ ᠠᠵᠢᠯᠯᠠᠵᠤ ᠪᠠᠢᠢᠭ᠎ᠠ ᠬᠤᠳᠠᠯᠳᠤᠭᠠᠨ ᠤ ᠰᠠᠯᠪᠤᠷᠢ ᠤᠨ ᠬᠢᠨ ᠤ ᠬᠠᠮᠲᠤ ᠢᠢᠨ ᠠᠵᠢᠯᠯᠠᠭᠠᠨ ᠤ ᠦᠷ᠎ᠡ ᠳ᠋ᠦᠡᠭ ᠭᠡᠳᠡᠭ ᠢ ᠣᠨᠴᠠᠯᠠᠨ ᠲᠡᠮᠳᠡᠭᠯᠡᠶ᠎ᠡ᠃

ᠬᠤᠳᠠᠯᠳᠤᠭ᠎ᠠ᠂ ᠦᠢᠯᠡᠴᠢᠯᠡᠭᠡᠨ ᠦ ᠰᠠᠯᠪᠤᠷᠢ ᠡᠷᠴᠢᠮᠲᠡᠢ ᠬᠥᠭ᠍ᠵᠢᠵᠦ᠂ ᠰᠠᠯᠪᠤᠷᠢ ᠢᠢᠨ ᠣᠯᠤᠯᠲᠠ ᠠᠮᠵᠢᠯᠲᠠ᠂ ᠡᠳ᠋  ᠦᠨ ᠵᠠᠰᠠᠭ᠂ ᠤᠯᠤᠰ ᠣᠷᠣᠨ ᠤ ᠬᠥᠭ᠍ᠵᠢᠯᠳᠦ ᠦᠵᠡᠭᠦᠯᠵᠦ ᠪᠠᠢᠢᠭ᠎ᠠ ᠦᠷ᠎ᠡ ᠳ᠋ᠦᠩ ᠪᠣᠯ ᠦᠶ᠎ᠡ ᠦᠶ᠎ᠡ ᠢᠢᠨ ᠬᠤᠳᠠᠯᠳᠤᠭ᠎ᠠ ᠡᠷᠬᠢᠯᠡᠭᠴᠢᠳ᠂ ᠬᠤᠳᠠᠯᠳᠤᠭᠠᠴᠢᠳ᠂ ᠡᠨᠡ ᠰᠠᠯᠪᠤᠷᠢ ᠲᠤ ᠦᠢᠯᠡ ᠠᠵᠢᠯᠯᠠᠭ᠎ᠠ ᠡᠷᠬᠢᠯᠡᠵᠦ ᠪᠠᠢᠢᠭ᠎ᠠ ᠬᠤᠪᠢ ᠢᠢᠨ ᠬᠡᠪᠰᠢᠯ ᠦᠨ ᠬᠢᠨ ᠦ ᠣᠯᠠᠨ ᠵᠢᠯ ᠦᠨ ᠴᠤᠴᠠᠯᠲᠠ ᠦᠭᠡᠢ ᠬᠥᠳᠡᠯᠮᠦᠷᠢ ᠢᠢᠨ ᠦᠷ᠎ᠡ ᠰᠢᠮ᠎ᠡ ᠭᠡᠳᠡᠭ ᠢ ᠮᠥᠨ ᠲᠡᠮᠳᠡᠭᠯᠡᠨ ᠬᠡᠯᠡᠬᠦ ᠳᠥ ᠲᠠᠭᠠᠲᠠᠢ ᠪᠠᠢᠢᠨ᠎ᠠ᠃
ᠮᠣᠩ᠋ᠭᠣᠯ ᠤᠯᠤᠰ ᠳᠡᠯᠡᠬᠡᠢ ᠢᠢᠨ ᠬᠤᠳᠠᠯᠳᠤᠭᠠᠨ ᠤ ᠪᠠᠢᠢᠭᠤᠯᠤᠯᠭ᠎ᠠ ᠢᠢᠨ ᠭᠡᠰᠢᠭᠦᠨ ᠢᠶᠡᠷ ᠡᠯᠰᠡᠵᠦ᠂ ᠣᠯᠠᠨ ᠤᠯᠤᠰ ᠣᠷᠣᠨ ᠤ ᠪᠠᠢᠢᠭᠤᠯᠤᠯᠭ᠎ᠠ ᠨᠤᠭᠤᠳ ᠲᠠᠢ ᠰᠢᠭᠤᠳ ᠬᠠᠷᠢᠯᠴᠠᠬᠤ ᠪᠣᠯᠤᠮᠵᠢ ᠲᠠᠢ ᠪᠣᠯᠤᠭᠰᠠᠨ ᠶᠤᠮ᠃ ᠪᠢᠳᠡ ᠴᠢᠯᠦᠭᠡᠲᠦ ᠵᠠᠬ᠎ᠠ ᠵᠡᠭᠡᠯᠢ ᠢᠢᠨ ᠨᠡᠢᠢᠭᠡᠮ ᠳᠥ ᠰᠢᠯᠵᠢᠭᠰᠡᠨ ᠢᠶᠡᠷ ᠣᠯᠠᠨ ᠤᠯᠤᠰ ᠤᠨ ᠭᠡᠷ᠎ᠡ ᠬᠡᠯᠡᠯᠴᠡᠭᠡᠷ᠂ ᠡᠳ᠋  ᠦᠨ ᠵᠠᠰᠠᠭ ᠤᠨ ᠬᠠᠷᠢᠯᠴᠠᠭᠠᠨ ᠤ ᠰᠠᠭᠤᠷᠢ ᠵᠠᠷᠴᠢᠮ ᠳᠤ ᠨᠡᠢᠢᠴᠡᠭᠦᠯᠦᠨ ᠬᠤᠳᠠᠯᠳᠤᠭ᠎ᠠ᠂ ᠦᠢᠯᠡᠴᠢᠯᠡᠭᠡ ᠢᠢ ᠥᠷᠭᠡᠵᠢᠭᠦᠯᠦᠨ ᠬᠥᠭ᠍ᠵᠢᠭᠦᠯᠵᠦ᠂ ᠬᠠᠤᠯᠢ ᠡᠷᠬᠡ ᠵᠦᠢ ᠢᠢᠨ ᠣᠷᠴᠢᠨ ᠢ ᠪᠣᠯᠪᠠᠰᠤᠷᠠᠩᠭ᠋ᠤᠢ ᠪᠣᠯᠭᠠᠵᠤ ᠢᠷᠡᠭᠰᠡᠨ᠃ ᠭᠡᠬᠦ ᠳᠥ ᠪᠡᠨ ᠬᠤᠷᠳᠤᠴᠠ ᠲᠠᠢ ᠬᠥᠭ᠍ᠵᠢᠨ ᠳᠡᠪᠰᠢᠵᠦ ᠪᠤᠢ ᠳᠡᠯᠡᠬᠡᠢ ᠢᠢᠨ ᠬᠦᠭ᠍ᠵᠢᠯ ᠲᠠᠢ ᠮᠥᠷᠦ ᠵᠡᠷᠭᠡᠴᠡᠨ ᠤᠭᠲᠤᠨ ᠬᠦᠭ᠍ᠵᠢᠬᠦ ᠪᠣᠳᠣᠯᠭ᠎ᠠ ᠢᠢ ᠪᠠᠷᠢᠮᠲᠠᠯᠠᠬᠤ ᠶᠣᠰᠣᠲᠠᠢ᠃ ᠡᠢᠢᠮᠦ ᠳᠥ ᠤᠯᠤᠰ ᠣᠷᠣᠨ ᠤ ᠡᠳ᠋  ᠦᠨ ᠵᠠᠰᠠᠭ ᠤᠨ ᠭᠣᠣᠯᠯᠠᠬᠤ ᠬᠦᠴᠦ ᠪᠣᠯᠤᠭᠰᠠᠨ ᠬᠤᠳᠠᠯᠳᠤᠭᠠᠨ ᠤ ᠰᠠᠯᠪᠤᠷᠢ ᠢᠢᠨ ᠳᠣᠲᠣᠭᠠᠳᠤ ᠬᠤᠳᠠᠯᠳᠤᠭ᠎ᠠ ᠢᠢ ᠬᠥᠭ᠍ᠵᠢᠯ ᠦᠨ ᠰᠢᠨ᠎ᠡ ᠱᠠᠲᠤᠨ ᠳᠤ ᠭᠠᠷᠭᠠᠬᠤ᠂ ᠦᠨᠳᠦᠰᠦᠨ ᠦ ᠡᠳ᠋  ᠦᠨ ᠵᠠᠰᠠᠭ ᠢᠶᠠᠨ ᠬᠠᠮᠠᠭᠠᠯᠠᠬᠤ᠂ ᠪᠡᠶ᠎ᠡ ᠳᠠᠭᠠᠭᠰᠠᠨ ᠬᠠᠤᠯᠢ ᠢᠢᠨ ᠵᠣᠬᠢᠴᠠᠭᠤᠯᠤᠯᠲᠠ ᠢᠢ ᠪᠤᠢ ᠪᠣᠯᠭᠠᠬᠤ᠂ ᠭᠠᠳᠠᠭᠠᠳᠤ ᠬᠤᠳᠠᠯᠳᠤᠭ᠎ᠠ ᠢᠢ ᠲᠡᠯᠡᠬᠦ᠂ ᠭᠣᠣᠯ ᠲᠦᠨᠰᠢ ᠣᠷᠣᠨ ᠨᠤᠭᠤᠳ ᠲᠠᠢ ᠬᠤᠳᠠᠯᠳᠤᠭᠠᠨ ᠤ ᠨᠡᠩ ᠲᠠᠭᠠᠲᠠᠢ ᠨᠥᠬᠥᠴᠡᠯ ᠢ ᠪᠤᠢ ᠪᠣᠯᠭᠠᠬᠤ᠂ ᠡᠺᠰᠫᠣᠷᠲ᠋ᠯᠤᠭᠴᠢ ᠣᠷᠣᠨ ᠪᠣᠯᠬᠤ᠂ ᠲᠥᠷᠦ᠂ ᠬᠤᠪᠢ ᠢᠢᠨ ᠬᠡᠪᠰᠢᠯ ᠦᠨ ᠲᠦᠨᠰᠢᠯᠡᠯ ᠢ ᠢᠳᠡᠪᠬᠢᠵᠢᠭᠦᠯᠬᠦ ᠵᠡᠷᠭᠡ ᠢᠳᠡᠪᠬᠢᠲᠡᠢ ᠬᠥᠭ᠍ᠵᠢᠯ ᠦᠨ ᠡᠬᠢᠯᠡᠯ ᠢ ᠲᠠᠯᠪᠢᠬᠤ ᠱᠠᠭᠠᠷᠳᠠᠯᠭ᠎ᠠ ᠲᠠᠢ ᠪᠠᠢᠢᠨ᠎ᠠ᠃

ᠬᠤᠳᠠᠯᠳᠤᠭᠠᠨ ᠤ ᠰᠠᠯᠪᠤᠷᠢ ᠢᠢ ᠣᠯᠠᠨ ᠤᠯᠤᠰ ᠤᠨ ᠰᠲ᠋ᠠᠨ᠋ᠳᠠᠷᠲ ᠲᠤ ᠨᠡᠢᠢᠴᠡᠭᠦᠯᠬᠦ᠂ ᠰᠲ᠋ᠷᠠᠲ᠋ᠧᠺᠢ ᠢᠢᠨ ᠪᠦᠲᠦᠭᠡᠭ᠍ᠳᠡᠬᠦᠨ ᠢᠶᠡᠷ ᠳᠣᠲᠣᠭᠠᠳᠤ ᠢᠢᠨ ᠬᠡᠷᠡᠭᠴᠡᠭᠡ ᠪᠡᠨ ᠬᠠᠩᠭ᠋ᠠᠬᠤ᠂ ᠦᠨᠳᠦᠰᠦᠨ ᠦ ᠦᠢᠯᠡᠳᠪᠦᠷᠢᠯᠡᠯ᠂ ᠪᠠᠶᠠᠯᠢᠭ ᠪᠦᠲᠦᠭᠡᠭ᠍ᠴᠢᠳ ᠢ ᠳᠡᠮᠵᠢᠬᠦ᠂ ᠠᠯᠤᠰᠯᠠᠭᠳᠠᠭᠰᠠᠨ ᠪᠥᠰᠡ ᠨᠤᠲᠤᠭ᠂ ᠠᠢᠢᠮᠠᠭ᠂ ᠰᠤᠮᠤ ᠤᠳ ᠲᠤ ᠲᠣᠮᠣᠬᠠᠨ ᠠᠵᠤ ᠠᠬᠤᠢ ᠢᠢᠨ ᠨᠢᠭᠡᠴᠡ ᠨᠦᠭᠦᠳ ᠰᠠᠯᠪᠤᠷᠢ ᠪᠠᠨ ᠨᠡᠭᠡᠭᠡᠬᠦ᠂ ᠢᠨᠣᠸᠠᠼ ᠳᠤ ᠰᠠᠭᠤᠷᠢᠯᠠᠭᠰᠠᠨ ᠰᠢᠨ᠎ᠡ ᠦᠢᠯᠡᠳᠪᠦᠷᠢ ᠨᠦᠭᠦᠳ ᠪᠠᠢᠢᠭᠤᠯᠬᠤ᠂ ᠬᠦᠤ ᠪᠠᠭ᠎ᠠ ᠲᠠᠢ ᠵᠡᠭᠡᠯᠢ᠂ ᠲᠠᠲᠠᠪᠤᠷᠢ ᠢᠢᠨ ᠬᠥᠩᠭᠡᠯᠡᠯᠲᠡ᠂ ᠬᠥᠷᠥᠩᠭᠡ ᠣᠷᠣᠭᠤᠯᠤᠯᠲᠠ ᠢᠢ ᠳᠡᠮᠵᠢᠬᠦ ᠵᠡᠷᠭᠡ ᠲᠤᠯᠭᠠᠮᠳᠠᠭᠰᠠᠨ ᠠᠰᠠᠭᠤᠳᠠᠯ ᠤᠳ ᠢ ᠬᠠᠮᠲᠤ ᠢᠢᠨ ᠬᠦᠴᠤ ᠪᠡᠷ ᠰᠢᠢᠳᠪᠦᠷᠢᠯᠡᠬᠦ ᠳᠥ ᠬᠤᠳᠠᠯᠳᠤᠭᠠᠨ ᠤ ᠰᠠᠯᠪᠤᠷᠢ ᠢᠢᠨ ᠬᠢᠨ ᠲᠠ ᠪᠦᠬᠦᠨ ᠬᠢᠴᠢᠶᠡᠯ ᠵᠢᠳᠬᠦᠯ ᠭᠠᠷᠭᠠᠵᠤ ᠠᠵᠢᠯᠯᠠᠬᠤ ᠢᠢ ᠬᠦᠰᠡᠶ᠎ᠡ᠃

ᠴᠢᠨᠠᠭᠰᠢᠳᠠ ᠰᠠᠯᠪᠤᠷᠢ ᠢᠢᠨ ᠬᠥᠭ᠍ᠵᠢᠯ ᠢ ᠰᠢᠨ᠎ᠡ ᠱᠠᠲᠤᠨ ᠳᠤ ᠬᠦᠷᠭᠡᠬᠦ ᠢᠢᠨ ᠲᠤᠯᠠᠳᠠ 《ᠣᠯᠠᠨ ᠤᠯᠤᠰ ᠤᠨ ᠨᠡᠮᠡᠭᠦᠦ ᠥᠷᠲᠡᠭ ᠦᠨ ᠰᠦᠯᠵᠢᠶ᠎ᠡ》 ᠳᠤ ᠢᠳᠡᠪᠬᠢᠲᠡᠢ ᠣᠷᠣᠯᠴᠠᠵᠤ᠂ ᠬᠤᠳᠠᠯᠳᠤᠭᠠᠨ ᠤ ᠰᠠᠯᠪᠤᠷᠢ ᠢᠢᠨ ᠬᠠᠤᠯᠢ᠂ ᠡᠷᠬᠡ ᠵᠦᠢ ᠢᠢᠨ ᠣᠷᠴᠢᠨ ᠢ ᠰᠠᠢᠢᠵᠢᠷᠠᠭᠤᠯᠬᠤ᠂ ᠦᠢᠯᠡᠳᠪᠦᠷᠢᠯᠡᠭᠴᠢ ᠬᠡᠷᠡᠭᠯᠡᠭᠴᠢ ᠢᠢ ᠬᠣᠯᠪᠣᠭᠰᠠᠨ ᠡᠳ᠋  ᠤᠨ ᠵᠠᠰᠠᠭ ᠤᠨ ᠦᠷ᠎ᠡ ᠠᠰᠢᠭ ᠲᠠᠢ ᠬᠤᠳᠠᠯᠳᠤᠭᠠᠨ ᠤ ᠰᠦᠯᠵᠢᠶ᠎ᠡ᠂ ᠪᠣᠷᠣᠯᠠᠭᠤᠯᠤᠯᠲᠠ ᠢᠢᠨ ᠲᠣᠭᠲᠠᠯᠴᠠᠭ᠎ᠠ ᠢᠢ ᠬᠥᠭ᠍ᠵᠢᠭᠦᠯᠬᠦ ᠪᠣᠯᠤᠨ ᠲᠥᠷᠦ᠂ ᠬᠤᠪᠢ ᠢᠢᠨ ᠬᠡᠪᠰᠢᠯ ᠦᠨ ᠬᠠᠮᠲᠤ ᠢᠢᠨ ᠠᠵᠢᠯᠯᠠᠭ᠎ᠠ ᠢᠢ ᠪᠦᠬᠦ ᠲᠠᠯ᠎ᠠ ᠪᠠᠷ ᠳᠡᠮᠵᠢᠨ ᠠᠵᠢᠯᠯᠠᠬᠤ ᠪᠣᠯᠤᠨ᠎ᠠ᠃

ᠰᠠᠯᠪᠤᠷᠢ ᠢᠢᠨ ᠲᠡᠦᠬᠡᠲᠦ ᠣᠢ ᠢᠢᠨ ᠪᠠᠶᠠᠷ ᠤᠨ ᠬᠤᠷᠠᠯ ᠳᠤ ᠣᠷᠣᠯᠴᠠᠵᠤ ᠪᠠᠢᠢᠭ᠎ᠠ ᠲᠠ ᠪᠦᠬᠦᠨ ᠳᠥ ᠰᠠᠢᠢᠨ ᠰᠠᠢᠢᠬᠠᠨ ᠢ ᠬᠦᠰᠡᠨ᠂ ᠬᠦᠮᠦᠨ ᠠᠮᠠ ᠢᠢ ᠬᠡᠷᠡᠭᠴᠡᠭᠡ ᠲᠡᠢ ᠪᠠᠷ᠎ᠠ᠂ ᠪᠦᠲᠦᠭᠡᠭ᠍ᠳᠡᠬᠦᠨ ᠢᠶᠡᠷ ᠨᠢ ᠬᠠᠩᠭ᠋ᠠᠬᠤ᠂ ᠰᠡᠳᠬᠢᠯ ᠬᠠᠨᠤᠮᠵᠢᠲᠠᠢ ᠦᠢᠯᠡᠴᠢᠯᠡᠭᠡ ᠢᠢ ᠬᠦᠷᠭᠡᠬᠦ ᠡᠷᠬᠢᠮ ᠦᠢᠯᠡᠰ ᠲᠥ ᠪᠡᠨ ᠠᠷᠪᠢᠨ ᠶᠡᠬᠡ ᠠᠮᠵᠢᠯᠲᠠ ᠪᠠᠷ ᠳᠦᠭᠦᠷᠡᠩ ᠪᠠᠢᠢᠬᠤ ᠢᠢᠨ ᠥᠯᠵᠡᠢᠢᠲᠡᠢ ᠢᠷᠦᠭᠡᠯ ᠢ ᠡᠷᠭᠦᠨ ᠳᠡᠪᠰᠢᠭᠦᠯᠦᠶ᠎ᠡ᠃

ᠮᠣᠩ᠋ᠭᠣᠯ ᠤᠯᠤᠰ ᠮᠦᠡᠭ᠍ᠬᠢᠳᠡ ᠴᠡᠴᠡᠭᠯᠡᠨ ᠬᠥᠭ᠍ᠵᠢᠬᠦ ᠪᠣᠯᠲᠤᠭᠠᠢ》 ᠭᠡᠵᠡᠢ᠃