ᠮᠣᠩ᠋ᠭᠣᠯ ᠤᠯᠤᠰ ᠤᠨ ᠢᠷᠭᠡᠨ ᠦ ᠳᠡᠯᠡᠬᠡᠢ ᠳᠥ ᠥᠷᠢᠰᠦᠯᠳᠥᠬᠦ ᠴᠢᠳᠠᠪᠤᠷᠢ ᠢᠢ ᠨᠡᠮᠡᠭᠳᠡᠭᠦᠯᠬᠦ᠂ ᠬᠡᠦᠬᠡᠳ᠂ ᠵᠠᠯᠠᠭᠤᠴᠤᠳ ᠤᠨ ᠰᠤᠷᠤᠯᠴᠠᠬᠤ ᠲᠡᠭᠰᠢ ᠪᠣᠯᠤᠮᠵᠢ ᠢᠢ ᠬᠠᠩᠭ᠋ᠠᠬᠤ᠂ ᠳᠡᠯᠡᠬᠡᠢ ᠢᠢᠨ ᠰᠢᠯᠢᠳᠡᠭ ᠶᠡᠬᠡ᠂ ᠳᠡᠭᠡᠳᠦ ᠰᠤᠷᠭᠠᠭᠤᠯᠢ ᠳᠤ ᠰᠤᠷᠤᠯᠴᠠᠬᠤ ᠳᠤ ᠳᠡᠮᠵᠢᠯᠭᠡ ᠦᠵᠡᠭᠦᠯᠬᠦ ᠵᠣᠷᠢᠯᠭ᠎ᠠ ᠪᠠᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠵᠠᠷᠯᠢᠭ ᠭᠠᠷᠭᠠᠭᠰᠠᠨ᠃ ᠡᠨᠡ ᠳᠠᠭᠠᠤ ᠮᠣᠩ᠋ᠭᠣᠯ ᠤᠯᠤᠰ ᠤᠨ ᠵᠠᠰᠠᠭ ᠤᠨ ᠭᠠᠵᠠᠷ 2021 ᠣᠨ ᠤ 275 ᠳ᠋ᠤᠭᠠᠷ ᠲᠣᠭᠲᠠᠭᠠᠯ ᠢᠶᠠᠷ 《ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ ᠲᠡᠳᠬᠦᠯᠭᠡ ᠣᠯᠭᠤᠬᠤ ᠵᠢᠷᠤᠮ》- ᠢ ᠪᠠᠲᠤᠯᠠᠭᠰᠠᠨ ᠶᠤᠮ᠃ ᠰᠢᠯᠭᠠᠭᠤᠷ ᠦᠵᠡᠭᠦᠯᠦᠯᠲᠡ ᠬᠠᠩᠭ᠋ᠠᠭᠰᠠᠨ ᠣᠶᠤᠲᠠᠨ ᠨᠤᠭᠤᠳ ᠮᠣᠩ᠋ᠭᠣᠯ ᠤᠯᠤᠰ ᠤᠨ ᠶᠡᠬᠡ ᠰᠤᠷᠭᠠᠭᠤᠯᠢ ᠪᠣᠯᠤᠨ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ ᠢᠢᠨ ᠪᠡᠯᠡᠳᠬᠡᠯ ᠬᠥᠲᠥᠯᠪᠦᠷᠢ ᠲᠥ ᠡᠯᠰᠡᠨ ᠰᠤᠷᠤᠯᠴᠠᠵᠤ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠪᠡᠯᠡᠳᠬᠡᠯ ᠬᠥᠲᠦᠯᠪᠦᠷᠢ ᠲᠥ ᠲᠡᠩᠴᠡᠭᠰᠡᠨ ᠡᠬᠢᠨ ᠦ ᠡᠭᠡᠯᠵᠢ ᠢᠢᠨ ᠣᠶᠤᠲᠠᠨ ᠨᠤᠭᠤᠳ ᠲᠤ ᠵᠠᠬᠢᠶ᠎ᠠ᠂ ᠳᠠᠭᠠᠭᠠᠯᠭᠠᠪᠤᠷᠢ ᠭᠠᠷᠳᠠᠭᠤᠯᠤᠯ᠎ᠠ᠃
ᠲᠡᠷᠡ ᠪᠡᠷ ᠠᠪᠢᠶᠠᠰ ᠪᠢᠯᠢᠢᠡ᠋᠋᠌᠍ ᠂ ᠬᠢᠴᠢᠶᠡᠯ ᠵᠢᠳᠬᠦᠯ᠂ ᠰᠤᠷᠤᠯᠭ᠎ᠠ᠂ ᠬᠥᠳᠡᠯᠮᠦᠷᠢ ᠪᠡᠷ ᠢᠶᠡᠨ ᠪᠤᠰᠤᠳ ᠢ ᠪᠠᠨ ᠮᠠᠩᠯᠠᠢᠢᠯᠠᠵᠤ᠂ 《ᠶᠡᠷᠦᠩᠬᠡᠢᠢᠯᠡᠭᠴᠢ ᠢᠢᠨ ᠢᠯᠡᠭᠡᠯᠲᠡ-2100》 ᠲᠡᠳᠬᠦᠯᠭᠡ ᠢᠢᠨ ᠪᠡᠯᠡᠳᠬᠡᠯ ᠬᠥᠲᠥᠯᠪᠦᠷᠢ ᠢᠢᠨ ᠡᠵᠡᠳ ᠪᠣᠯᠤᠭᠰᠠᠨ ᠳᠤ ᠪᠠᠶᠠᠷ ᠬᠦᠷᠭᠡᠯᠥᠭᠡ᠃ ᠮᠥᠨ ᠲᠥᠷᠦ ᠵᠠᠰᠠᠭ᠂ ᠲᠦᠮᠡᠨ ᠣᠯᠠᠨ ᠤ ᠪᠠᠨ ᠢᠲᠡᠭᠡᠯ ᠨᠠᠢᠢᠳᠠᠪᠤᠷᠢ ᠢᠢ ᠳᠠᠭᠠᠭᠠᠠ᠂ ᠡᠬᠡ ᠣᠷᠣᠨ ᠤ ᠪᠠᠨ ᠢᠷᠡᠭᠡᠳᠦᠢ ᠢᠢ ᠲᠦᠭᠦᠴᠢᠭᠡᠯᠡᠨ ᠴᠣᠭᠴᠠᠯᠠᠭᠠᠬᠤ ᠡᠭᠦᠷᠭᠡ᠂ ᠬᠠᠷᠢᠭᠤᠴᠠᠯᠭ᠎ᠠ ᠪᠠᠨ ᠤᠬᠠᠮᠰᠠᠷᠯᠠᠵᠤ᠂ ᠤᠬᠠᠭᠠᠨᠲᠤ ᠳᠡᠭᠡᠳᠦᠰ ᠦᠨ ᠢᠶᠡᠨ ᠮᠡᠷᠭᠡᠨ ᠰᠤᠷᠭᠠᠯ ᠢ ᠳᠡᠭᠡᠳᠦᠯᠡᠨ ᠰᠠᠨᠠᠵᠤ ᠶᠠᠪᠤᠬᠤ ᠢᠢ ᠵᠠᠬᠢᠪᠠ᠃
《ᠶᠡᠷᠦᠩᠬᠡᠢᠢᠯᠡᠭᠴᠢ ᠢᠢᠨ ᠢᠯᠡᠭᠡᠯᠲᠡ-2100》 ᠲᠡᠳᠬᠦᠯᠭᠡᠲᠦ ᠬᠥᠲᠥᠯᠪᠦᠷᠢ ᠨᠢ ᠰᠤᠮᠤ᠂ ᠬᠣᠷᠢᠶ᠎ᠠ ᠪᠦᠷᠢ ᠡᠴᠡ ᠰᠢᠯᠢᠳᠡᠭ ᠰᠤᠷᠤᠭᠴᠢ ᠢᠢ ᠰᠢᠯᠭᠠᠷᠠᠭᠤᠯᠵᠤ᠂ ᠪᠡᠯᠡᠳᠬᠡᠯ ᠬᠥᠲᠥᠯᠪᠦᠷᠢ ᠲᠥ ᠬᠠᠮᠤᠷᠤᠭᠤᠯᠤᠨ᠂ ᠭᠠᠳᠠᠭᠠᠳᠤ ᠢᠢᠨ ᠰᠢᠯᠢᠳᠡᠭ ᠶᠡᠬᠡ᠂ ᠳᠡᠭᠡᠳᠦ ᠰᠤᠷᠭᠠᠭᠤᠯᠢ ᠳᠤ ᠰᠤᠷᠬᠤ ᠪᠣᠯᠵᠣᠯ ᠬᠠᠩᠭ᠋ᠠᠬᠤ ᠳᠤ ᠨᠢ ᠪᠡᠯᠡᠳᠬᠡᠬᠦ᠂ ᠲᠡᠭᠦᠰᠴᠦ ᠢᠷᠡᠬᠦ ᠳᠥ ᠨᠢ ᠣᠷᠣᠨ ᠨᠤᠲᠤᠭ ᠲᠤ ᠪᠠᠨ ᠠᠵᠢᠯᠯᠠᠬᠤ ᠨᠥᠬᠥᠴᠡᠯ᠂ ᠪᠣᠯᠤᠮᠵᠢ ᠪᠠᠷ ᠬᠠᠩᠭ᠋ᠠᠬᠤ ᠵᠣᠷᠢᠯᠭ᠎ᠠ ᠲᠠᠢ ᠶᠤᠮ᠃
ᠰᠤᠷᠤᠯᠴᠠᠭᠰᠠᠳ ᠵᠠᠰᠠᠭ ᠤᠨ ᠭᠠᠵᠠᠷ ᠤᠨ ᠪᠠᠲᠤᠯᠠᠭᠰᠠᠨ ᠵᠢᠷᠤᠮ ᠤᠨ᠄
2.1. ᠰᠡᠭᠦᠯ ᠦᠨ ᠭᠤᠷᠪᠠ ᠠᠴᠠ ᠳᠣᠭᠣᠭᠰᠢ ᠦᠭᠡᠢ ᠵᠢᠯ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠬᠠᠮᠤᠷᠤᠨ ᠰᠤᠷᠭᠠᠬᠤ ᠲᠣᠭᠣᠷᠢᠭ ᠤᠨ ᠳᠠᠭᠠᠤ ᠬᠠᠷᠢᠶᠠᠯᠠᠬᠤ ᠰᠤᠮᠤ᠂ ᠬᠣᠷᠢᠶᠠᠨ ᠳᠤ ᠪᠠᠨ ᠰᠤᠷᠤᠯᠴᠠᠵᠤ ᠲᠡᠭᠦᠰᠦᠭᠰᠡᠨ ᠪᠠᠢᠢᠬᠤ;
2.2. ᠲᠤᠬᠠᠢ ᠢᠢᠨ ᠵᠢᠯ ᠦᠨ ᠮᠠᠲ᠋ᠧᠮᠠᠲ᠋ᠢᠭ ᠪᠣᠯᠤᠨ ᠭᠠᠳᠠᠭᠠᠳᠤ ᠬᠡᠯᠡᠨ ᠦ ᠬᠢᠴᠢᠶᠡᠯ ᠦᠨ ᠡᠯᠰᠡᠯᠲᠡ ᠢᠢᠨ ᠶᠡᠷᠦᠩᠬᠡᠢ ᠰᠢᠯᠭᠠᠯᠲᠠ ᠢᠢᠨ ᠳᠤᠮᠳᠠᠵᠢ ᠣᠨᠣᠭ᠎ᠠ ᠪᠠᠷ ᠢᠶᠠᠨ ᠬᠠᠷᠢᠶᠠᠯᠠᠭᠳᠠᠬᠤ ᠰᠤᠮᠤ᠂ ᠬᠣᠷᠢᠶᠠᠨ ᠳᠤ ᠪᠠᠨ ᠬᠠᠮᠤᠭ ᠤᠨ ᠥᠨᠳᠦᠷ ᠣᠨᠣᠭ᠎ᠠ ᠠᠪᠤᠭᠰᠠᠨ ᠪᠠᠢᠢᠬᠤ;
2.3᠃ ᠡᠯᠰᠡᠯᠲᠡ ᠢᠢᠨ ᠶᠡᠷᠦᠩᠬᠡᠢ ᠰᠢᠯᠭᠠᠯᠲᠠ ᠳᠤ ᠭᠠᠳᠠᠭᠠᠳᠤ ᠬᠡᠯᠡ /ᠠᠩᠯᠢ ᠡᠰᠡᠪᠡᠯ ᠣᠷᠣᠰ/ ᠪᠣᠯᠤᠨ ᠮᠠᠲ᠋ᠧᠮᠠᠲ᠋ᠢᠭ ᠤᠨ ᠬᠢᠴᠢᠶᠡᠯ ᠢᠶᠡᠷ ᠠᠪᠤᠭᠰᠠᠨ ᠣᠨᠣᠭᠣᠨ ᠤ ᠳᠤᠮᠳᠠᠵᠢ ᠪᠠᠷ ᠰᠤᠮᠤ᠂ ᠬᠣᠷᠢᠶᠠᠨ ᠳᠤ ᠪᠠᠨ ᠬᠠᠮᠤᠭ ᠤᠨ ᠥᠨᠳᠦᠷ ᠣᠨᠣᠭ᠎ᠠ ᠠᠪᠤᠭᠰᠠᠨ ᠪᠠᠢᠢᠬᠤ ᠰᠢᠯᠭᠠᠭᠤᠷ ᠬᠠᠩᠭ᠋ᠠᠵᠠᠢ᠃
ᠣᠶᠤᠲᠠᠨ ᠨᠤᠭᠤᠳ ᠲᠤ ᠵᠠᠬᠢᠶ᠎ᠠ᠂ ᠳᠠᠭᠠᠭᠠᠯᠭᠠᠪᠤᠷᠢ ᠭᠠᠷᠳᠠᠭᠤᠯᠬᠤ ᠶᠣᠰᠣᠯᠠᠯ ᠳᠤ ᠪᠣᠯᠪᠠᠰᠤᠷᠠᠯ᠂ ᠰᠢᠨᠵᠢᠯᠡᠬᠦ ᠤᠬᠠᠭᠠᠨ ᠤ ᠰᠠᠢᠢᠳ ᠯᠤ ∙ ᠡᠩᠬᠡ-ᠠᠮᠤᠭᠤᠯᠠᠩ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠪᠣᠯᠪᠠᠰᠤᠷᠠᠯ᠂ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠪᠣᠳᠣᠯᠭ᠎ᠠ ᠢᠢᠨ ᠵᠥᠪᠯᠡᠬᠦ ᠴᠥᠢ ∙ ᠯᠣᠳᠤᠢᠢᠷᠠᠪᠰᠠᠯ᠂ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠡᠳ᠋ ᠳᠠᠷᠤᠭ᠎ᠠ ᠠ᠊ ∙ ᠦᠢᠯᠡᠰᠲᠡᠭᠦᠯᠳᠡᠷ ᠨᠠᠷ ᠣᠷᠣᠯᠴᠠᠯ᠎ᠠ᠃