ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ ᠵᠣᠬᠢᠶᠠᠨ ᠪᠠᠢᠢᠭᠤᠯᠤᠭᠰᠠᠨ ᠴᠢᠭᠤᠯᠭᠠᠨ ᠢᠶᠠᠷ ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ᠂ ᠭᠠᠵᠠᠷ ᠤᠨ ᠳᠣᠷᠣᠢᠢᠲᠠᠯ ᠢ ᠪᠠᠭᠤᠷᠠᠭᠤᠯᠬᠤ ᠴᠢᠭᠯᠡᠯ ᠢᠶᠡᠷ ᠪᠥᠰᠡ ᠨᠤᠲᠤᠭ ᠤᠨ ᠬᠠᠮᠲᠤ ᠢᠢᠨ ᠠᠵᠢᠯᠯᠠᠭ᠎ᠠ ᠢᠢ ᠡᠷᠴᠢᠮᠵᠢᠭᠦᠯᠬᠦ᠂ ᠲᠤᠯᠭᠠᠮᠳᠠᠭᠰᠠᠨ ᠠᠰᠠᠭᠤᠳᠠᠯ ᠢ ᠰᠢᠢᠳᠪᠦᠷᠢᠯᠡᠬᠦ᠂ ᠲᠣᠭᠲᠠᠪᠤᠷᠢᠲᠠᠢ᠂ ᠨᠣᠭᠣᠭᠠᠨ ᠰᠠᠩᠬᠦᠵᠢᠯᠲᠡ ᠢᠢ ᠬᠥᠭ᠍ᠵᠢᠭᠦᠯᠬᠦ᠂ 《ᠨᠣᠭᠣᠭᠠᠨ ᠬᠥᠭ᠍ᠵᠢᠯ ᠦᠨ ᠰᠡᠷᠭᠦᠯᠲᠡ ᠢᠢᠨ ᠪᠣᠳᠣᠯᠭ᠎ᠠ》 ᠢᠢ ᠬᠡᠷᠡᠭᠵᠢᠭᠦᠯᠬᠦ ᠲᠠᠯ᠎ᠠ ᠪᠠᠷ ᠬᠡᠯᠡᠯᠴᠡᠨ᠂ ᠵᠥᠪᠯᠡᠮᠵᠢ ᠭᠠᠷᠭᠠᠯ᠎ᠠ᠃
ᠵᠥᠪᠯᠡᠮᠵᠢ ᠳᠥ᠄
ᠨᠢᠭᠡ. ᠨᠣᠭᠣᠭᠠᠨ ᠰᠠᠩᠬᠦᠵᠢᠯᠲᠡ – ᠣᠯᠠᠨ ᠲᠠᠯᠠᠲᠤ ᠬᠠᠮᠲᠤ ᠢᠢᠨ ᠠᠵᠢᠯᠯᠠᠭᠠᠨ ᠤ ᠲᠠᠯ᠎ᠠ ᠪᠠᠷ
1.1. ᠣᠯᠠᠨ ᠤᠯᠤᠰ ᠤᠨ ᠪᠠᠢᠢᠭᠤᠯᠤᠯᠭ᠎ᠠ ᠨᠤᠭᠤᠳ ᠠᠴᠠ ᠪᠠᠲᠤᠯᠠᠭᠰᠠᠨ ᠨᠣᠭᠣᠭᠠᠨ ᠰᠠᠩᠬᠦᠵᠢᠯᠲᠡ ᠢᠢᠨ ᠲᠥᠰᠥᠯ᠂ ᠬᠥᠲᠥᠯᠪᠦᠷᠢ ᠨᠦᠭᠦᠳ ᠢ ᠦᠷ᠎ᠡ ᠳᠥᠩ ᠲᠡᠢ ᠬᠡᠷᠡᠭᠵᠢᠭᠦᠯᠬᠦ ᠳᠥ ᠠᠩᠬᠠᠷᠴᠤ ᠬᠢᠨᠠᠯᠲᠠ᠂ ᠲᠠᠢᠢᠯᠤᠩᠨᠠᠯ ᠤᠨ ᠲᠣᠭᠲᠠᠯᠴᠠᠭ᠎ᠠ ᠪᠤᠢ ᠪᠣᠯᠭᠠᠬᠤ;
1.2. ᠲᠥᠷᠥ᠂ ᠬᠤᠪᠢ ᠢᠢᠨ ᠬᠡᠪᠰᠢᠯ ᠦᠨ ᠲᠦᠩᠰᠢᠯᠡᠯ ᠦᠨ ᠬᠦᠷᠢᠶᠡᠨ ᠳᠥ ᠡᠭᠦᠰᠬᠡᠨ ᠪᠠᠢᠢᠭᠤᠯᠵᠤ ᠪᠤᠢ ᠮᠣᠩ᠋ᠭᠣᠯ ᠤᠨ ᠨᠣᠭᠣᠭᠠᠨ ᠰᠠᠩᠬᠦᠦ ᠢᠢᠨ ᠺᠣᠷᠫᠣᠷᠠᠼᠢ ᠪᠠᠢᠢᠭᠤᠯᠬᠤ ᠬᠥᠷᠥᠩᠭᠡ ᠣᠷᠣᠭᠤᠯᠤᠯᠲᠠ ᠢᠢᠨ ᠲᠥᠰᠥᠯ ᠳᠥ ᠱᠠᠭᠠᠷᠳᠠᠯᠭ᠎ᠠ ᠲᠠᠢ ᠵᠠᠰᠠᠭ ᠤᠨ ᠭᠠᠵᠠᠷ ᠤᠨ ᠰᠠᠩᠬᠦᠵᠢᠯᠲᠡ ᠢᠢ ᠰᠢᠢᠳᠪᠦᠷᠢᠯᠡᠵᠦ᠂ ᠦᠢᠯᠡ ᠠᠵᠢᠯᠯᠠᠭ᠎ᠠ ᠢᠢ ᠡᠬᠢᠯᠡᠭᠦᠯᠬᠦ;
1.3. ᠨᠣᠭᠣᠭᠠᠨ ᠵᠢᠭᠡᠯᠡ ᠢᠢ ᠪᠠᠩᠬᠢ ᠢᠢᠨ ᠰᠠᠯᠪᠤᠷᠢ ᠳᠤ 10 ᠬᠤᠪᠢ᠂ ᠪᠠᠩᠬᠢ ᠪᠤᠰᠤ ᠰᠠᠩᠬᠦᠦ ᠢᠢᠨ ᠪᠠᠢᠢᠭᠤᠯᠤᠯᠭ᠎ᠠ ᠨᠤᠭᠤᠳ ᠲᠤ ᠲᠠᠪᠤᠨ ᠬᠤᠪᠢ ᠳᠤ ᠬᠦᠷᠭᠡᠬᠦ ᠳᠥ ᠱᠠᠭᠠᠷᠳᠠᠯᠭ᠎ᠠ ᠲᠠᠢ ᠪᠣᠳᠣᠯᠭ᠎ᠠ ᠢᠢᠨ ᠠᠷᠭ᠎ᠠ ᠬᠡᠮᠵᠢᠶ᠎ᠡ ᠠᠪᠴᠤ ᠬᠡᠷᠡᠭᠵᠢᠭᠦᠯᠬᠦ᠂ ᠨᠣᠭᠣᠭᠠᠨ ᠵᠢᠭᠡᠯᠡ ᠳᠥ ᠡᠷᠦᠰᠳᠡᠯ ᠦᠨ ᠰᠠᠩ ᠪᠠᠢᠢᠭᠤᠯᠬᠤ᠂ ᠬᠥᠩᠭᠡᠯᠡᠯᠲᠡ ᠤᠷᠮᠠᠰᠢᠭᠤᠯᠤᠯ ᠣᠯᠭᠣᠬᠤ᠂ ᠨᠣᠭᠣᠭᠠᠨ ᠵᠢᠭᠡᠯᠡ ᠢᠢᠨ ᠡᠬᠢ ᠡᠭᠦᠰᠪᠦᠷᠢ ᠢᠢᠨ ᠰᠸᠣᠫ ᠤᠨ ᠵᠠᠷᠤᠳᠠᠯ ᠢ ᠪᠠᠭᠤᠷᠠᠭᠤᠯᠬᠤ ᠵᠡᠷᠭᠡ ᠬᠥᠰᠢᠭᠦᠷᠭᠡ ᠪᠤᠢ ᠪᠣᠯᠭᠠᠬᠤ;
1.4. ᠦᠨᠳᠦᠰᠦᠨ ᠦ ᠲᠣᠭᠲᠠᠪᠤᠷᠢᠲᠠᠢ ᠰᠠᠩᠬᠦᠦ ᠢᠢᠨ ᠰᠲ᠋ᠷᠠᠲ᠋ᠧᠭᠢ ᠢᠢ ᠬᠣᠯᠪᠣᠭᠳᠠᠬᠤ ᠪᠠᠢᠢᠭᠤᠯᠤᠯᠭ᠎ᠠ ᠪᠠᠷ ᠪᠠᠲᠤᠯᠠᠭᠤᠯᠵᠤ᠂ ᠬᠡᠷᠡᠭᠵᠢᠯᠲᠡ ᠢᠢ ᠬᠠᠩᠭ᠋ᠠᠬᠤ;
1.5. ᠰᠠᠩᠬᠦᠵᠢᠯᠲᠡ ᠱᠠᠭᠠᠷᠳᠠᠯᠭ᠎ᠠ ᠲᠠᠢ ᠲᠥᠰᠥᠯ ᠦᠳ ᠪᠡᠯᠡᠳᠬᠡᠵᠦ᠂ ᠬᠤᠪᠢ ᠢᠢᠨ ᠬᠡᠪᠰᠢᠯ᠂ ᠣᠯᠠᠨ ᠤᠯᠤᠰ ᠤᠨ ᠪᠠᠢᠢᠭᠤᠯᠤᠯᠭ᠎ᠠ ᠨᠤᠭᠤᠳ ᠲᠠᠢ ᠬᠠᠮᠲᠤᠷᠠᠨ ᠰᠠᠩᠬᠦᠵᠢᠯᠲᠡ ᠪᠦᠷᠢᠳᠦᠭᠦᠯᠬᠦ ᠴᠢᠭᠯᠡᠯ ᠢᠶᠡᠷ ᠦᠢᠯᠡ ᠠᠵᠢᠯᠯᠠᠭ᠎ᠠ ᠢᠢ ᠢᠳᠡᠪᠬᠢᠵᠢᠭᠦᠯᠬᠦ;
1.6. ᠣᠯᠠᠨ ᠤᠯᠤᠰ ᠤᠨ ᠲᠣᠭᠲᠠᠪᠤᠷᠢᠲᠠᠢ ᠰᠠᠩᠬᠦᠵᠢᠯᠲᠡ ᠢᠢᠨ ᠬᠣᠯᠪᠣᠭ᠎ᠠ᠂ ᠰᠦᠯᠵᠢᠶᠡᠨ ᠳᠥ ᠮᠣᠩ᠋ᠭᠣᠯ ᠤᠯᠤᠰ ᠤᠨ ᠵᠠᠰᠠᠭ ᠤᠨ ᠭᠠᠵᠠᠷ ᠠᠴᠠ ᠢᠳᠡᠪᠬᠢᠲᠡᠢ ᠣᠷᠣᠯᠴᠠᠵᠤ᠂ ᠣᠯᠠᠨ ᠤᠯᠤᠰ ᠤᠨ ᠰᠠᠢᠢᠨ ᠲᠤᠷᠰᠢᠯᠭ᠎ᠠ ᠢᠢ ᠰᠤᠳᠤᠯᠬᠤ᠂ ᠮᠣᠩ᠋ᠭᠣᠯ ᠤᠯᠤᠰ ᠲᠤ ᠬᠢᠵᠦ ᠪᠠᠢᠢᠭ᠎ᠠ ᠠᠵᠢᠯ ᠤᠳ ᠢᠶᠠᠨ ᠲᠠᠨᠢᠭᠤᠯᠬᠤ;
1.7. ᠨᠣᠭᠣᠭᠠᠨ ᠪᠣᠨ᠋ᠳ᠋᠂ ᠲᠣᠭᠲᠠᠪᠤᠷᠢᠲᠠᠢ ᠬᠥᠭ᠍ᠵᠢᠯ ᠦᠨ ᠪᠣᠨ᠋ᠳ᠋ ᠤᠨ ᠰᠢᠯᠭᠠᠭᠤᠷ᠂ ᠰᠲ᠋ᠠᠨ᠋ᠳᠠᠷᠲ ᠢ ᠬᠠᠩᠭ᠋ᠠᠬᠤ ᠨᠣᠭᠣᠭᠠᠨ ᠲᠥᠰᠥᠯ᠂ ᠵᠢᠭᠡᠯᠡ᠂ ᠬᠥᠷᠥᠩᠭᠡ ᠣᠷᠣᠭᠤᠯᠤᠯᠲᠠ᠂ ᠦᠢᠯᠡᠳᠪᠦᠷᠢᠯᠡᠯ᠂ ᠪᠦᠲᠦᠭᠡᠭ᠍ᠳᠡᠬᠦᠨ᠂ ᠦᠢᠯᠡᠴᠢᠯᠡᠭᠡ᠂ ᠠᠺᠲ᠋ᠢᠸ ᠢ ᠰᠤᠩᠭ᠋ᠤᠬᠤ ᠠᠷᠭᠠᠴᠢᠯᠠᠯ᠂ ᠦᠷ᠎ᠡ ᠳᠥᠩ ᠢ ᠦᠨᠡᠯᠡᠬᠦ ᠰᠢᠯᠭᠠᠭᠤᠷ᠂ ᠰᠠᠭᠤᠷᠢ ᠦᠵᠡᠭᠦᠯᠦᠯᠲᠡ᠂ ᠠᠷᠭᠠᠴᠢᠯᠠᠯ ᠤᠳ ᠢ ᠪᠣᠯᠪᠠᠰᠤᠷᠠᠭᠤᠯᠵᠤ ᠨᠡᠪᠲᠡᠷᠡᠭᠦᠯᠬᠦ;
1.8. ᠠᠵᠤ ᠠᠬᠤᠢ ᠢᠢᠨ ᠨᠢᠭᠡᠴᠡ᠂ ᠪᠠᠢᠢᠭᠤᠯᠤᠯᠭ᠎ᠠ᠂ ᠵᠢᠵᠢᠭ᠂ ᠳᠤᠮᠳᠠᠳᠤ ᠪᠢᠽᠨ᠋᠋ᠧᠰ ᠡᠷᠬᠢᠯᠡᠭᠴᠢᠳ ᠲᠥ ᠵᠣᠷᠢᠭᠤᠯᠤᠭᠰᠠᠨ ᠨᠣᠭᠣᠭᠠᠨ ᠲᠥᠰᠥᠯ ᠪᠡᠯᠡᠳᠬᠡᠬᠦ ᠲᠧᠭᠨᠢᠭ ᠲᠤᠰᠠᠯᠠᠯᠴᠠᠭᠠᠨ ᠤ ᠬᠥᠲᠥᠯᠪᠦᠷᠢ ᠬᠡᠷᠡᠭᠵᠢᠭᠦᠯᠬᠦ;
1.9. ᠵᠠᠰᠠᠭ ᠤᠨ ᠭᠠᠵᠠᠷ ᠠᠴᠠ ᠬᠡᠷᠡᠭᠵᠢᠭᠦᠯᠵᠦ ᠪᠠᠢᠢᠭ᠎ᠠ ᠠᠵᠢᠯ ᠤᠨ ᠪᠠᠢᠢᠷᠢ ᠢᠢ ᠳᠡᠮᠵᠢᠬᠦ ᠵᠢᠭᠡᠯᠡ᠂ ᠢᠫᠣᠲ᠋ᠧᠺ ᠤᠨ ᠵᠢᠭᠡᠯᠡ᠂ ᠵᠢᠵᠢᠭ᠂ ᠳᠤᠮᠳᠠᠳᠤ ᠦᠢᠯᠡᠳᠪᠦᠷᠢᠯᠡᠯ ᠢ ᠳᠡᠮᠵᠢᠬᠦ ᠵᠢᠭᠡᠯᠡ ᠵᠡᠷᠭᠡ ᠬᠥᠲᠥᠯᠪᠦᠷᠢ ᠳᠥ ᠨᠣᠭᠣᠭᠠᠨ ᠺᠸᠤᠲ᠂ ᠵᠣᠷᠢᠯᠲᠠ ᠢᠢ ᠲᠤᠰᠬ᠋ᠠᠬᠤ᠂ ᠬᠢᠨᠠᠯᠲᠠ᠂ ᠲᠠᠢᠢᠯᠤᠩᠨᠠᠯ ᠤᠨ ᠮᠧᠬᠠᠨᠢᠰᠮ ᠢ ᠰᠠᠢᠢᠵᠢᠷᠠᠭᠤᠯᠬᠤ᠂ ᠨᠣᠭᠣᠭᠠᠨ ᠵᠢᠭᠡᠯᠡ ᠢᠢᠨ ᠲᠠᠲᠠᠭᠠᠰᠤ ᠣᠯᠭᠣᠬᠤ ᠬᠥᠲᠥᠯᠪᠦᠷᠢ ᠢᠢᠨ ᠦᠷ᠎ᠡ ᠳᠥᠩ᠂ ᠬᠦᠷᠲᠡᠭᠡᠮᠵᠢ ᠢᠢ ᠨᠡᠮᠡᠭᠳᠡᠭᠦᠯᠬᠦ;
1.10. ᠨᠣᠭᠣᠭᠠᠨ ᠲᠧᠭᠨᠣᠯᠣᠭᠢ ᠣᠷᠣᠭᠤᠯᠵᠤ ᠢᠷᠡᠬᠦ ᠳᠥ ᠲᠠᠲᠠᠪᠤᠷᠢ ᠢᠢᠨ ᠬᠥᠩᠭᠡᠯᠡᠯᠲᠡ ᠣᠯᠭᠣᠬᠤ᠂ ᠲᠠᠲᠠᠪᠤᠷᠢ ᠢᠢᠨ ᠬᠥᠩᠭᠡᠯᠡᠯᠲᠡ᠂ ᠴᠢᠯᠦᠭᠡᠯᠡᠯᠲᠡ ᠳᠥ ᠬᠠᠮᠤᠷᠤᠭᠳᠠᠳᠠᠭ ᠲᠣᠨᠣᠭ ᠲᠥᠬᠥᠭᠡᠷᠦᠮᠵᠢ ᠢᠢᠨ ᠵᠢᠭᠰᠠᠭᠠᠯᠲᠠ ᠢᠢ ᠨᠣᠭᠣᠭᠠᠨ ᠵᠢᠭᠡᠯᠡ ᠢᠢᠨ ᠡᠷᠢᠯᠲᠡ᠂ ᠨᠣᠭᠣᠭᠠᠨ ᠲᠠᠭ᠋ᠰᠣᠨᠣᠮᠢ ᠲᠠᠢ ᠤᠶᠠᠯᠳᠤᠭᠤᠯᠵᠤ ᠰᠢᠨᠡᠳᠭᠡᠬᠦ;
1.11. ᠨᠣᠭᠣᠭᠠᠨ ᠪᠠᠷᠢᠯᠭ᠎ᠠ ᠢᠢᠨ ᠰᠲ᠋ᠠᠨ᠋ᠳᠠᠷᠲ᠂ ᠰᠢᠯᠭᠠᠭᠤᠷ ᠦᠵᠡᠭᠦᠯᠦᠯᠲᠡ ᠢᠢ ᠦᠨᠳᠦᠰᠦᠨ ᠦ ᠣᠨᠴᠠᠯᠢᠭ ᠲᠤ ᠨᠡᠢᠢᠴᠡᠭᠦᠯᠦᠨ ᠪᠣᠯᠪᠠᠰᠤᠷᠠᠭᠤᠯᠵᠤ᠂ ᠬᠣᠲᠠ ᠲᠥᠯᠥᠪᠯᠡᠯᠲᠡ᠂ ᠳᠡᠳ᠋ ᠪᠦᠲᠦᠴᠡ᠂ ᠲᠣᠮᠣᠬᠠᠨ ᠪᠦᠲᠦᠭᠡᠨ ᠪᠠᠢᠢᠭᠤᠯᠤᠯᠲᠠ ᠳᠤ ᠨᠣᠭᠣᠭᠠᠨ ᠪᠠᠷᠢᠯᠭ᠎ᠠ ᠢᠢᠨ ᠬᠢᠨᠠᠯᠲᠠ᠂ ᠪᠠᠲᠤᠯᠠᠭᠠᠵᠢᠭᠤᠯᠤᠯᠲᠠ ᠢᠢᠨ ᠦᠨᠡᠯᠡᠭᠡᠨ ᠦ ᠰᠢᠰᠲ᠋ᠧᠮ ᠨᠡᠪᠲᠡᠷᠡᠭᠦᠯᠵᠦ᠂ ᠬᠦᠮᠦᠨ ᠦ ᠨᠥᠭᠡᠴᠡ ᠢᠢᠨ ᠴᠢᠳᠠᠪᠭᠢ ᠢᠢ ᠪᠡᠬᠢᠵᠢᠭᠦᠯᠦᠨ ᠬᠣᠯᠪᠣᠭᠳᠠᠬᠤ ᠬᠠᠤᠯᠢ᠂ ᠡᠷᠬᠡ ᠵᠦᠢ ᠢᠢᠨ ᠣᠷᠴᠢᠨ ᠢ ᠰᠢᠨᠡᠳᠭᠡᠬᠦ;
1.12. ᠪᠠᠢᠢᠭᠠᠯᠢ ᠢᠢᠨ ᠨᠥᠭᠡᠴᠡ ᠢᠢᠨ ᠬᠡᠮᠨᠡᠯᠲᠡ ᠲᠡᠢ᠂ ᠬᠦᠯᠡᠮᠵᠢ ᠢᠢᠨ ᠬᠡᠢ ᠢᠢᠨ ᠢᠯᠭᠠᠷᠠᠯ ᠪᠣᠯᠤᠨ ᠬᠠᠶᠠᠭᠳᠠᠯ ᠪᠠᠭ᠎ᠠ ᠲᠠᠢ ᠦᠢᠯᠡᠳᠪᠦᠷᠢᠯᠡᠯ᠂ ᠨᠣᠭᠣᠭᠠᠨ ᠬᠥᠷᠥᠩᠭᠡ ᠣᠷᠣᠭᠤᠯᠤᠯᠲᠠ ᠢᠢ ᠬᠥᠬᠢᠭᠦᠯᠦᠨ ᠳᠡᠮᠵᠢᠬᠦ;
1.13. ᠬᠤᠪᠢ ᠢᠢᠨ ᠬᠡᠪᠰᠢᠯ ᠦᠨ ᠣᠷᠣᠯᠴᠠᠭ᠎ᠠ᠂ ᠣᠯᠠᠨ ᠤᠯᠤᠰ ᠤᠨ ᠬᠠᠮᠲᠤ ᠢᠢᠨ ᠠᠵᠢᠯᠯᠠᠭ᠎ᠠ᠂ ᠰᠠᠩᠬᠦᠵᠢᠯᠲᠡ ᠢᠢ ᠨᠡᠮᠡᠭᠳᠡᠭᠦᠯᠬᠦ ᠵᠣᠷᠢᠯᠭ᠎ᠠ ᠪᠠᠷ ᠬᠦᠯᠡᠮᠵᠢ ᠢᠢᠨ ᠬᠡᠢ ᠢᠢᠨ ᠢᠯᠭᠠᠷᠠᠯ᠂ ᠰᠢᠩᠭᠡᠭᠡᠯᠲᠡ ᠢᠢ ᠲᠣᠭᠠᠴᠠᠭᠠᠯᠠᠬᠤ᠂ ᠨᠡᠭᠦᠷᠡᠰᠦᠲᠥ᠋ᠷᠥᠭᠴᠢ ᠢᠢᠨ ᠵᠠᠬ᠎ᠠ ᠵᠡᠭᠡᠯᠢ ᠢᠢ ᠬᠥᠭ᠍ᠵᠢᠭᠦᠯᠬᠦ ᠳᠥ ᠴᠢᠭᠯᠡᠭᠰᠡᠨ ᠰᠤᠳᠤᠯᠭ᠎ᠠ᠂ ᠲᠦᠩᠰᠢᠯᠡᠯ ᠢ ᠳᠡᠮᠵᠢᠬᠦ;
ᠬᠣᠶᠠᠷ᠂ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠠᠰᠠᠭᠤᠳᠠᠯ ᠢᠢᠠᠷ ᠬᠢ ᠦᠨᠳᠦᠰᠦᠨ ᠦ ᠲᠣᠳᠣᠷᠬᠠᠢᠢᠯᠠᠭᠰᠠᠨ ᠬᠤᠪᠢ ᠨᠡᠮᠡᠷᠢ ᠢᠢᠨ ᠵᠣᠷᠢᠯᠲᠠ ᠢᠢ ᠬᠡᠷᠡᠭᠵᠢᠭᠦᠯᠬᠦ ᠲᠠᠯ᠎ᠠ ᠪᠠᠷ᠄
2.1. ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠠᠰᠠᠭᠤᠳᠠᠯ ᠢᠶᠠᠷ ᠫᠠᠷᠢᠰ ᠤᠨ ᠬᠡᠯᠡᠯᠴᠡᠭᠡᠷ ᠢ ᠬᠡᠷᠡᠭᠵᠢᠭᠦᠯᠬᠦ ᠦᠨᠳᠦᠰᠦᠨ ᠦ ᠲᠣᠳᠣᠷᠬᠠᠢᠢᠯᠠᠭᠰᠠᠨ ᠬᠤᠪᠢ ᠨᠡᠮᠡᠷᠢ ᠢᠢᠨ ᠵᠣᠷᠢᠯᠲᠠ ᠢᠢ ᠬᠠᠩᠭ᠋ᠠᠬᠤ ᠰᠲ᠋ᠷᠠᠲ᠋ᠧᠭᠢ ᠢᠢ ᠬᠥᠭ᠍ᠵᠢᠯ ᠦᠨ ᠵᠣᠷᠢᠯᠲᠠᠲᠤ ᠬᠥᠲᠥᠯᠪᠦᠷᠢ ᠨᠦᠭᠦᠳ ᠲᠥ ᠤᠶᠠᠯᠳᠤᠭᠤᠯᠤᠨ ᠲᠤᠰᠬᠠᠵᠤ᠂《ᠰᠢᠨ᠎ᠡ ᠰᠡᠷᠭᠦᠯᠲᠡ ᠢᠢᠨ ᠪᠣᠳᠣᠯᠭ᠎ᠠ》- ᠢᠢ ᠬᠡᠷᠡᠭᠵᠢᠭᠦᠯᠬᠦ ᠲᠥᠯᠦᠪᠯᠡᠭᠡᠨ ᠳᠥ ᠰᠠᠯᠪᠤᠷᠢ ᠳᠤᠮᠳᠠ ᠢᠢᠨ ᠦᠢᠯᠡ ᠠᠵᠢᠯᠯᠠᠭᠠᠨ ᠤ ᠤᠶᠠᠯᠳᠤᠭ᠎ᠠ ᠢᠢ ᠬᠠᠩᠭ᠋ᠠᠬᠤ;
2.2. ᠫᠠᠷᠢᠰ ᠤᠨ ᠬᠡᠯᠡᠯᠴᠡᠭᠡᠷ ᠢ ᠬᠡᠷᠡᠭᠵᠢᠭᠦᠯᠬᠦ ᠦᠨᠳᠦᠰᠦᠨ ᠦ ᠲᠣᠳᠣᠷᠬᠠᠢᠢᠯᠠᠭᠰᠠᠨ ᠬᠤᠪᠢ ᠨᠡᠮᠡᠷᠢ ᠢᠢᠨ ᠵᠣᠷᠢᠯᠲᠠ᠂ ᠲᠥᠯᠦᠪᠯᠡᠭᠡᠨ ᠳᠥ ᠲᠤᠰᠠᠭᠰᠠᠨ ᠠᠷᠭ᠎ᠠ ᠬᠡᠮᠵᠢᠶ᠎ᠡ ᠢᠢ ᠰᠠᠯᠪᠤᠷᠢ ᠢᠢᠨ ᠶᠠᠮᠤ ᠳᠤ ᠪᠣᠯᠤᠨ ᠲᠥᠷᠥ ᠢᠢᠨ ᠪᠠᠢᠢᠭᠤᠯᠤᠯᠭ᠎ᠠ ᠨᠤᠭᠤᠳ ᠤᠨ ᠪᠣᠭᠣᠨᠢ᠂ ᠳᠤᠮᠳᠠᠳᠤ ᠬᠤᠭᠤᠴᠠᠭᠠᠨ ᠤ ᠦᠢᠯᠡ ᠠᠵᠢᠯᠯᠠᠭᠠᠨ ᠤ ᠲᠥᠯᠦᠪᠯᠡᠭᠡᠨ ᠳᠥ ᠲᠤᠰᠬᠠᠨ ᠬᠡᠷᠡᠭᠵᠢᠯᠲᠡ ᠢᠢ ᠬᠠᠩᠭ᠋ᠠᠬᠤ;
2.3. 2030 ᠣᠨ ᠬᠦᠷᠲᠡᠯ᠎ᠡ ᠬᠦᠯᠡᠮᠵᠢ ᠢᠢᠨ ᠬᠡᠢ ᠢᠢ ᠪᠠᠭᠤᠷᠠᠭᠤᠯᠬᠤ᠂ ᠠᠭᠤᠷ ᠠᠮᠢᠰᠬᠤᠯ ᠤᠨ ᠥᠭᠡᠷᠡᠴᠢᠯᠡᠯᠲᠡ ᠳᠥ ᠳᠠᠰᠤᠨ ᠵᠣᠬᠢᠴᠠᠬᠤ ᠴᠢᠭᠯᠡᠯ ᠢᠶᠡᠷ ᠲᠥᠯᠥᠪᠯᠡᠭᠰᠡᠨ 11.5 ᠲᠡᠷᠪᠤᠮ ᠠᠮ. ᠳ᠋ᠣᠯᠯᠠᠷ ᠤᠨ ᠰᠠᠩᠬᠦᠵᠢᠯᠲᠡ ᠢᠢᠨ ᠲᠣᠳᠣᠷᠬᠠᠢ ᠬᠤᠪᠢ ᠢᠢ ᠤᠯᠤᠰ ᠤᠨ ᠲᠥᠰᠥᠪ ᠲᠥ ᠲᠤᠰᠬᠠᠬᠤ ᠵᠠᠮ ᠢᠶᠠᠷ ᠵᠠᠰᠠᠭ ᠤᠨ ᠭᠠᠵᠠᠷ ᠤᠨ ᠣᠷᠣᠯᠴᠠᠭ᠎ᠠ ᠢᠢ ᠨᠡᠮᠡᠭᠳᠡᠭᠦᠯᠬᠦ;
2.4. ᠠᠭᠤᠷ ᠠᠮᠢᠰᠬᠤᠯ ᠤᠨ ᠥᠭᠡᠷᠡᠴᠢᠯᠡᠯᠲᠡ ᠢᠢ ᠰᠠᠭᠠᠷᠠᠭᠤᠯᠬᠤ᠂ ᠴᠥᠯᠵᠢᠯᠲᠡ᠂ ᠰᠢᠷᠤᠢ ᠰᠢᠭᠤᠷᠭᠠᠨ ᠤ ᠡᠰᠡᠷᠭᠥ ᠦᠷ᠎ᠡ ᠳᠥᠩ ᠲᠡᠢ ᠲᠡᠮᠡᠴᠡᠬᠦ ᠳᠥ ᠪᠥᠰᠡ ᠨᠤᠲᠤᠭ ᠤᠨ ᠬᠠᠮᠲᠤ ᠢᠢᠨ ᠠᠵᠢᠯᠯᠠᠭ᠎ᠠ ᠢᠢ ᠡᠷᠴᠢᠮᠵᠢᠭᠦᠯᠵᠦ᠂ ᠨᠢᠭᠡᠳᠦᠭᠰᠡᠨ ᠰᠠᠨᠠᠭᠠᠴᠢᠯᠠᠭ᠎ᠠ ᠭᠠᠷᠭᠠᠵᠤ᠂ ᠲᠥᠷᠥ᠂ ᠬᠤᠪᠢ ᠢᠢᠨ ᠬᠡᠪᠰᠢᠯ ᠦᠨ ᠣᠷᠣᠯᠴᠠᠭ᠎ᠠ ᠢᠢ ᠢᠳᠡᠪᠬᠢᠵᠢᠭᠦᠯᠬᠦ;
2.5. ᠭᠠᠵᠠᠷ ᠤᠨ ᠳᠣᠷᠣᠢᠢᠲᠠᠯ᠂ ᠴᠥᠯᠵᠢᠯᠲᠡ ᠢᠢ ᠪᠠᠭᠤᠷᠠᠭᠤᠯᠬᠤ᠂ ᠴᠥᠯᠵᠢᠯᠲᠡ ᠡᠴᠡ ᠰᠡᠷᠭᠡᠢᠢᠯᠡᠬᠦ᠂ ᠬᠥᠷᠦᠰᠦᠨ ᠦ ᠦᠷᠡᠵᠢᠯ ᠰᠢᠮ᠎ᠡ ᠢᠢ ᠰᠠᠢᠢᠵᠢᠷᠠᠭᠤᠯᠬᠤ᠂ ᠪᠠᠢᠢᠭᠠᠯᠢ ᠳᠤ ᠡᠭᠡᠯᠢ ᠲᠡᠢ᠂ ᠳᠡᠪᠰᠢᠯᠲᠡᠲᠦ ᠠᠷᠭ᠎ᠠ ᠲᠧᠭᠨᠣᠯᠣᠭᠢ ᠨᠡᠪᠲᠡᠷᠡᠭᠦᠯᠬᠦ ᠳᠥ ᠴᠢᠭᠯᠡᠭᠰᠡᠨ ᠮᠡᠳᠡᠯᠭᠡ᠂ ᠮᠡᠳᠡᠭᠡᠯᠡᠯ ᠰᠤᠯᠢᠯᠴᠠᠬᠤ᠂ ᠴᠢᠳᠠᠪᠬᠢ ᠢᠢ ᠪᠡᠬᠢᠵᠢᠭᠦᠯᠬᠦ ᠪᠥᠰᠡ ᠨᠤᠲᠤᠭ ᠤᠨ ᠫᠯᠠᠲ᠋ᠹᠣᠷᠮ ᠪᠤᠢ ᠪᠣᠯᠭᠠᠬᠤ;
2.6. ᠴᠥᠯᠵᠢᠯᠲᠡ ᠢᠢ ᠪᠠᠭᠤᠷᠠᠭᠤᠯᠬᠤ᠂ ᠡᠯᠡᠰᠦᠨ ᠦ ᠨᠡᠭᠦᠳᠡᠯ ᠢ ᠰᠠᠭᠠᠷᠠᠭᠤᠯᠬᠤ ᠲᠧᠭᠨᠣᠯᠣᠭᠢ ᠳᠠᠮᠵᠢᠭᠤᠯᠬᠤ ᠴᠢᠭᠯᠡᠯ ᠢᠶᠡᠷ ᠣᠯᠠᠨ ᠤᠯᠤᠰ ᠤᠨ ᠪᠣᠯᠤᠨ ᠪᠥᠰᠡ ᠨᠤᠲᠤᠭ ᠤᠨ ᠬᠠᠮᠲᠤᠷᠠᠭᠰᠠᠨ ᠲᠥᠰᠥᠯ᠂ ᠬᠥᠲᠥᠯᠪᠦᠷᠢ ᠬᠡᠷᠡᠭᠵᠢᠭᠦᠯᠬᠦ;
2.7. ᠰᠡᠷᠭᠥᠭ᠍ᠳᠡᠬᠦ ᠡᠷᠴᠢᠮ ᠬᠦᠴᠦᠨ ᠦ ᠡᠬᠢ ᠡᠭᠦᠰᠪᠦᠷᠢ ᠢᠢ ᠨᠡᠮᠡᠭᠳᠡᠭᠦᠯᠬᠦ ᠪᠣᠳᠣᠯᠭ᠎ᠠ ᠢᠢᠨ ᠬᠡᠷᠡᠭᠵᠢᠯᠲᠡ ᠢᠢ ᠡᠷᠴᠢᠮᠵᠢᠭᠦᠯᠵᠦ᠂ ᠪᠥᠰᠡ ᠨᠤᠲᠤᠭ ᠤᠨ ᠰᠡᠷᠭᠥᠭ᠍ᠳᠡᠬᠦ ᠡᠷᠴᠢᠮ ᠬᠦᠴᠦᠨ ᠦ ᠬᠠᠩᠭ᠋ᠠᠮᠵᠢ ᠢᠢ ᠰᠠᠢᠢᠵᠢᠷᠠᠭᠤᠯᠬᠤ᠂ ᠠᠽᠢ ᠢᠢᠨ ᠰᠥᠫᠧᠷ ᠰᠦᠯᠵᠢᠶᠡᠨ ᠳᠥ ᠮᠣᠩ᠋ᠭᠣᠯ ᠤᠯᠤᠰ ᠨᠢᠭᠡᠳᠬᠥ ᠪᠣᠯᠤᠮᠵᠢ᠂ ᠠᠷᠭ᠎ᠠ ᠵᠠᠮ ᠢ ᠲᠣᠳᠣᠷᠬᠠᠢᠢᠯᠠᠵᠤ᠂ ᠨᠠᠷᠢᠪᠴᠢᠯᠠᠭᠰᠠᠨ ᠲᠥᠯᠥᠪᠯᠡᠭᠡ ᠭᠠᠷᠭᠠᠬᠤ;
ᠭᠤᠷᠪᠠ᠂《ᠰᠢᠨ᠎ᠡ ᠰᠡᠷᠭᠦᠯᠲᠡ ᠢᠢᠨ ᠪᠣᠳᠣᠯᠭ᠎ᠠ》- ᠢᠢᠨ ᠍ ᠨᠣᠭᠣᠭᠠᠨ ᠬᠥᠭ᠍ᠵᠢᠯ ᠤᠨ ᠰᠡᠷᠭᠦᠯᠲᠡ ᠢᠢᠨ ᠬᠡᠷᠡᠭᠵᠢᠯᠲᠡ ᠢᠢ ᠡᠷᠴᠢᠮᠵᠢᠭᠦᠯᠬᠦ ᠲᠠᠯ᠎ᠠ ᠪᠠᠷ᠄
3.1᠂ ᠨᠣᠭᠣᠭᠠᠨ ᠬᠥᠭ᠍ᠵᠢᠯ ᠦᠨ ᠰᠡᠷᠭᠦᠯᠲᠡ ᠢᠢ ᠬᠡᠷᠡᠭᠵᠢᠭᠦᠯᠬᠦ ᠳᠥ ᠱᠠᠭᠠᠷᠳᠠᠭᠳᠠᠬᠤ ᠰᠠᠩᠬᠦᠵᠢᠯᠲᠡ ᠢᠢ ᠵᠢᠯ ᠪᠦᠷᠢ ᠢᠢᠨ ᠤᠯᠤᠰ ᠤᠨ ᠲᠥᠰᠥᠪ ᠲᠥ ᠲᠤᠰᠬ᠋ᠠᠬᠤ᠂ ᠰᠠᠩᠬᠦᠵᠢᠯᠲᠡ ᠢᠢ ᠣᠯᠠᠨ ᠲᠠᠯ᠎ᠠ ᠢᠢᠨ ᠡᠬᠢ ᠡᠭᠦᠰᠪᠦᠷᠢ ᠡᠴᠡ ᠪᠦᠷᠢᠳᠦᠭᠦᠯᠬᠦ ᠪᠣᠯᠤᠮᠵᠢ ᠢᠢ ᠰᠤᠳᠤᠯᠵᠤ᠂ ᠣᠯᠠᠨ ᠤᠯᠤᠰ ᠤᠨ ᠪᠠᠩᠬᠢ᠂ ᠰᠠᠩᠬᠦᠦ᠂ ᠬᠤᠪᠢ ᠢᠢᠨ ᠬᠡᠪᠰᠢᠯ ᠦᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠬᠦ;
3.2.ᠲᠣᠮᠣᠬᠠᠨ ᠲᠥᠰᠥᠯ᠂ ᠠᠷᠭ᠎ᠠ ᠬᠡᠮᠵᠢᠶ᠎ᠡ ᠢᠢ ᠬᠡᠷᠡᠭᠵᠢᠭᠦᠯᠬᠦ ᠳᠥ ᠱᠠᠭᠠᠷᠳᠠᠯᠭ᠎ᠠ ᠲᠠᠢ ᠬᠠᠤᠯᠢ᠂ ᠡᠷᠬᠡ ᠵᠦᠢ ᠢᠢᠨ ᠣᠷᠴᠢᠨ ᠢ ᠪᠣᠯᠪᠠᠰᠤᠷᠠᠩᠭ᠋ᠤᠢ ᠪᠣᠯᠭᠠᠵᠤ᠂ ᠬᠡᠷᠡᠭᠵᠢᠯᠲᠡ ᠢᠢ ᠬᠠᠩᠭ᠋ᠠᠬᠤ᠂ ᠠᠭᠤᠷ ᠠᠮᠢᠰᠬᠤᠯ ᠤᠨ ᠨᠣᠭᠣᠭᠠᠨ ᠰᠠᠩ ᠠᠴᠠ ᠪᠠᠲᠤᠯᠠᠭᠰᠠᠨ ᠪᠠᠷᠠᠭᠤᠨ ᠪᠥᠰᠡ ᠢᠢᠨ ᠠᠢᠢᠮᠠᠭ᠂ ᠰᠤᠮᠤᠳ ᠤᠨ ᠬᠥᠭ᠍ᠵᠢᠯ ᠦᠨ ᠲᠥᠰᠥᠯ ᠢ《ᠬᠣᠲᠠ ᠬᠥᠳᠡᠭᠡ ᠢᠢᠨ ᠰᠡᠷᠭᠦᠯᠲᠡ》- ᠢᠢᠨ ᠵᠢᠱᠢᠭ ᠲᠥᠰᠥᠯ ᠦᠨ ᠲᠦᠪᠰᠢᠨ ᠳᠥ ᠬᠡᠷᠡᠭᠵᠢᠭᠦᠯᠵᠦ᠂ ᠰᠡᠷᠭᠥᠭ᠍ᠳᠡᠬᠦ ᠡᠷᠴᠢᠮ ᠬᠦᠴᠥ ᠪᠡᠷ ᠬᠠᠩᠭ᠋ᠠᠭᠳᠠᠭᠰᠠᠨ ᠵᠠᠭᠪᠤᠷ ᠪᠥᠰᠡ ᠨᠤᠲᠤᠭ ᠪᠣᠯᠭᠠᠬᠤ;
3.3᠂《ᠲᠡᠷᠪᠤᠮ ᠮᠣᠳᠣ》ᠦᠨᠳᠦᠰᠦᠨ ᠦ ᠬᠥᠳᠡᠯᠭᠡᠭᠡᠨ ᠢ ᠬᠡᠷᠡᠭᠵᠢᠭᠦᠯᠬᠦ ᠰᠲ᠋ᠷᠠᠲ᠋ᠧᠭᠢ᠂ ᠦᠢᠯᠡ ᠠᠵᠢᠯᠯᠠᠭᠠᠨ ᠤ ᠨᠠᠷᠢᠪᠴᠢᠯᠠᠭᠰᠠᠨ ᠲᠥᠯᠥᠪᠯᠡᠭᠡ᠂ ᠲᠧᠭᠨᠢᠭ᠂ ᠡᠳ᠋ ᠦᠨ ᠵᠠᠰᠠᠭ ᠤᠨ ᠦᠨᠳᠦᠰᠦᠯᠡᠯ ᠪᠣᠯᠪᠠᠰᠤᠷᠠᠭᠤᠯᠵᠤ᠂ ᠱᠠᠭᠠᠷᠳᠠᠯᠭ᠎ᠠ ᠲᠠᠢ ᠲᠥᠰᠥᠪ᠂ ᠰᠠᠩᠬᠦᠵᠢᠯᠲᠡ ᠢᠢᠨ ᠪᠣᠳᠠᠲᠤ ᠲᠣᠭᠠᠴᠠᠭᠠᠯᠠᠯ ᠭᠠᠷᠭᠠᠬᠤ;
3.4᠂《ᠲᠡᠷᠪᠤᠮ ᠮᠣᠳᠣ》ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠤᠯᠤᠰ ᠪᠣᠯᠤᠨ ᠣᠷᠣᠨ ᠨᠤᠲᠤᠭ ᠤᠨ ᠲᠥᠰᠥᠪ᠂ ᠪᠤᠰᠤᠳ ᠡᠬᠢ ᠡᠭᠦᠰᠪᠦᠷᠢ ᠡᠴᠡ ᠰᠠᠩᠬᠦᠵᠢᠬᠦ ᠣᠢᠢᠵᠢᠭᠤᠯᠤᠯᠲᠠ᠂ ᠮᠣᠳᠣ ᠲᠠᠷᠢᠵᠤ ᠤᠷᠭᠤᠭᠤᠯᠬᠤ ᠲᠥᠰᠥᠯ᠂ ᠬᠥᠲᠥᠯᠪᠦᠷᠢ ᠨᠦᠭᠦᠳ ᠦᠨ ᠰᠠᠩᠬᠦᠵᠢᠯᠲᠡ ᠢᠢ ᠬᠤᠪᠢ ᠢᠢᠨ ᠬᠡᠪᠰᠢᠯ ᠦᠨ ᠰᠠᠨᠠᠭᠠᠴᠢᠯᠠᠭᠰᠠᠨ《ᠲᠡᠷᠪᠤᠮ ᠮᠣᠳᠣ ᠦᠨᠳᠦᠰᠦᠨ ᠦ ᠬᠥᠳᠡᠯᠭᠡᠭᠡᠨ ᠢ ᠳᠡᠮᠵᠢᠬᠦ ᠰᠠᠩ》 - ᠦᠨ ᠦᠢᠯᠡ ᠠᠵᠢᠯᠯᠠᠭ᠎ᠠ ᠲᠠᠢ ᠤᠶᠠᠯᠳᠤᠭᠤᠯᠵᠤ᠂ ᠬᠠᠮᠲᠤᠷᠠᠨ ᠠᠵᠢᠯᠯᠠᠬᠤ᠂ ᠰᠠᠩᠬᠦᠵᠢᠭᠦᠯᠬᠦ ᠨᠥᠬᠥᠴᠡᠯ ᠢ ᠪᠦᠷᠢᠳᠦᠭᠦᠯᠬᠦ;
3.5᠂ ᠨᠡᠢᠢᠭᠡᠮ᠂ ᠡᠳ᠋ ᠦᠨ ᠵᠠᠰᠠᠭ᠂ ᠡᠺᠣᠯᠣᠬᠢ ᠢᠢᠨ ᠠᠴᠢ ᠬᠣᠯᠪᠣᠭᠳᠠᠯ ᠲᠠᠢ《ᠬᠥᠬᠡ ᠮᠣᠷᠢ》 ᠲᠥᠰᠥᠯ ᠢ ᠦᠶ᠎ᠡ ᠱᠠᠲᠤ ᠲᠠᠢ ᠬᠡᠷᠡᠭᠵᠢᠭᠦᠯᠬᠦ ᠳᠥ ᠱᠠᠭᠠᠷᠳᠠᠭᠳᠠᠬᠤ ᠰᠤᠳᠤᠯᠭ᠎ᠠ᠂ ᠲᠧᠭᠨᠢᠭ᠂ ᠡᠳ᠋ ᠦᠨ ᠵᠠᠰᠠᠭ ᠤᠨ ᠦᠨᠳᠦᠰᠦᠯᠡᠯ ᠢ ᠪᠣᠯᠪᠠᠰᠤᠷᠠᠭᠤᠯᠵᠤ᠂ ᠱᠠᠭᠠᠷᠳᠠᠭᠳᠠᠬᠤ ᠲᠥᠰᠥᠪ᠂ ᠰᠠᠩᠬᠦᠵᠢᠯᠲᠡ ᠢᠢ ᠣᠯᠠᠨ ᠲᠠᠯᠠᠲᠤ ᠡᠬᠢ ᠡᠭᠦᠰᠪᠦᠷᠢ ᠡᠴᠡ ᠪᠦᠷᠢᠳᠦᠭᠦᠯᠬᠦ ᠨᠥᠬᠥᠴᠡᠯ ᠪᠤᠢ ᠪᠣᠯᠭᠠᠬᠤ;
3.6᠂ ᠪᠢᠣᠯᠣᠭᠢ ᠢᠢᠨ ᠣᠯᠠᠨ ᠶᠠᠩᠵᠤ ᠪᠠᠢᠢᠳᠠᠯ ᠢ ᠬᠠᠮᠠᠭᠠᠯᠠᠬᠤ᠂ ᠠᠭᠤᠷ ᠠᠮᠢᠰᠬᠤᠯ ᠤᠨ ᠥᠭᠡᠷᠡᠴᠢᠯᠡᠯᠲᠡ ᠳᠤ ᠳᠠᠰᠤᠨ ᠵᠣᠬᠢᠴᠠᠬᠤ ᠬᠥᠲᠥᠯᠪᠦᠷᠢ ᠨᠦᠭᠦᠳ ᠢ ᠰᠠᠩᠬᠦᠵᠢᠭᠦᠯᠬᠦ ᠪᠠᠢᠢᠭᠠᠯᠢ ᠬᠠᠮᠠᠭᠠᠯᠠᠯ ᠤᠨ ᠢᠲᠡᠭᠡᠯᠴᠡᠯ ᠦᠨ ᠰᠠᠩ ᠪᠠᠢᠢᠭᠤᠯᠵᠤ᠂ ᠪᠠᠢᠢᠭᠠᠯᠢ ᠣᠷᠴᠢᠨ ᠤ ᠲᠣᠭᠲᠠᠪᠤᠷᠢᠲᠠᠢ ᠰᠠᠩᠬᠦᠵᠢᠯᠲᠡ ᠢᠢᠨ ᠲᠣᠭᠲᠠᠯᠴᠠᠭᠠᠨ ᠤ ᠰᠢᠨ᠎ᠡ ᠬᠡᠯᠪᠡᠷᠢ ᠪᠦᠷᠢᠳᠦᠭᠦᠯᠬᠦ ᠢᠢ ᠲᠤᠰᠬᠠᠵᠠᠢ᠃
ᠵᠥᠪᠯᠡᠮᠵᠢ ᠢᠢ 04 ᠳᠦᠭᠡᠷ ᠰᠠᠷ᠎ᠠ ᠢᠢᠨ 7-8 - ᠳᠥ ᠪᠣᠯᠬᠤ ᠮᠣᠩ᠋ᠭᠣᠯ ᠤᠨ ᠡᠳ᠋ ᠦᠨ ᠵᠠᠰᠠᠭ ᠤᠨ ᠹᠣᠷᠣᠮ ᠤᠨ ᠨᠢᠭᠡᠳᠦᠭᠰᠡᠨ ᠬᠤᠷᠠᠯᠳᠤᠭᠠᠨ ᠳᠤ ᠲᠠᠨᠢᠯᠴᠠᠭᠤᠯᠬᠤ ᠶᠤᠮ᠃