Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠨᠠᠸ᠋ᠷᠤᠽᠢ ᠢᠢᠨ ᠪᠠᠶᠠᠷ ᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠪᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡ
《ᠮᠣᠩ᠋ᠭᠣᠯ ᠡᠬᠡ ᠣᠷᠣᠨ ᠤ ᠪᠠᠨ ᠳᠥᠷᠪᠡᠨ ᠵᠦᠭ᠂ ᠨᠠᠢᠢᠮᠠᠨ ᠵᠣᠪᠬᠢᠰ ᠲᠤ ᠠᠮᠤᠷ ᠲᠠᠢᠢᠪᠤᠩ ᠠᠵᠤ ᠲᠦᠷᠦᠵᠤ ᠪᠠᠢᠢᠭ᠎ᠠ ᠠᠵᠢᠯᠴᠢ ᠬᠢᠴᠢᠶᠡᠩᠭᠦᠢ᠂ ᠠᠪᠢᠶᠠᠰᠤᠯᠢᠭ᠂ ᠬᠥᠳᠡᠯᠮᠦᠷᠢᠴᠢ ᠬᠠᠰᠠᠭ ᠲᠦᠮᠡᠨ ᠳᠥ ᠪᠡᠨ ᠨᠠᠷᠠᠨ ᠤ ᠪᠠᠶᠠᠷ- ᠨᠠᠸ᠋ᠷᠤᠽᠢ  ᠢᠢᠨ ᠪᠠᠶᠠᠷ ᠤᠨ ᠮᠡᠨᠳᠦ ᠢᠢ ᠡᠷᠭᠦᠨ ᠳᠡᠪᠰᠢᠭᠦᠯᠦᠶ᠎ᠡ᠃
ᠡᠳᠦᠷ ᠰᠥᠨᠢ ᠲᠡᠩᠴᠡᠵᠦ᠂ ᠨᠠᠷᠠᠨ ᠨᠠᠭᠠᠰᠢᠯᠠᠵᠤ᠂ ᠥᠷᠭᠡᠨ ᠳᠡᠯᠡᠬᠡᠢ ᠳᠥ ᠤᠷᠢᠨ ᠬᠠᠪᠤᠷ ᠠᠢᠢᠯᠴᠢᠯᠠᠭᠰᠠᠨ ᠢ ᠥᠨᠢ ᠡᠷᠲᠡᠨ ᠡᠴᠡ ᠲᠡᠮᠳᠡᠭᠯᠡᠵᠦ ᠵᠠᠩᠰᠢᠭᠰᠠᠨ 《ᠨᠠᠸ᠋ᠷᠤᠽᠢ》 ᠪᠣᠯ ᠵᠥᠪᠬᠡᠨ ᠬᠠᠰᠠᠭ ᠲᠦᠮᠡᠨ ᠦ ᠲᠡᠳᠦᠢ ᠦᠭᠡᠢ᠂ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠶᠡᠷᠦᠩᠬᠡᠢ ᠠᠰᠰᠠᠮᠪᠯᠧᠢ ᠢᠢᠨ 64 ᠳ᠋ᠡᠬᠢ ᠬᠤᠷᠠᠯᠳᠤᠭᠠᠨ ᠠᠴᠠ 《ᠣᠯᠠᠨ ᠤᠯᠤᠰ ᠤᠨ ᠪᠠᠶᠠᠷ》 ᠬᠡᠮᠡᠨ ᠠᠯᠪᠠᠨ ᠶᠣᠰᠣᠭᠠᠷ ᠪᠠᠲᠤᠯᠠᠭᠰᠠᠨ ᠢᠢᠥᠢᠨᠧᠰᠻᠤ ᠢᠢᠨ 《ᠳᠡᠯᠡᠬᠡᠢ ᠢᠢᠨ ᠬᠠᠯᠳᠠᠰᠢ ᠦᠭᠡᠢ ᠰᠤᠶᠤᠯ ᠤᠨ ᠥᠪ ᠳ᠋ᠤ ᠪᠦᠷᠢᠳᠬᠡᠭᠳᠡᠭᠰᠡᠨ᠂ ᠨᠡᠢᠢᠲᠡ ᠬᠦᠮᠦᠨ ᠲᠥᠷᠥᠯᠬᠢᠲᠡᠨ ᠦ ᠪᠠᠶᠠᠷ ᠶᠤᠮ᠃
ᠬᠠᠭᠤᠴᠢᠨ ᠵᠢᠯ ᠢᠶᠡᠨ ᠦᠳᠡᠵᠦ᠂ ᠰᠢᠨ᠎ᠡ ᠵᠢᠯ ᠢᠶᠡᠨ ᠤᠭᠲᠤᠬᠤ ᠨᠠᠸ᠋ᠷᠤᠽᠢ ᠢᠢ ᠥᠨᠥᠳᠥᠷ ᠳᠡᠯᠡᠬᠡᠢ ᠢᠢᠨ ᠣᠯᠠᠨ ᠣᠷᠣᠨ ᠤ 300 ᠭᠠᠷᠤᠢ ᠰᠠᠶ᠎ᠠ ᠬᠦᠮᠦᠨ ᠶᠣᠰᠣᠯᠠᠨ ᠲᠡᠮᠳᠡᠭᠯᠡᠵᠦ᠂ 《ᠠᠮᠢ ᠲᠠᠢ ᠪᠦᠬᠦᠨ ᠬᠥᠳᠡᠯᠵᠦ᠂ ᠰᠢᠮ᠎ᠡ ᠲᠡᠢ ᠪᠦᠬᠦᠨ ᠢᠪᠡᠯᠬᠦ ᠳᠡᠯᠭᠡᠷ ᠴᠠᠭ ᠢᠷᠡᠯ᠎ᠡ》 ᠬᠡᠮᠡᠨ ᠪᠠᠶᠠᠷᠯᠠᠵᠤ ᠪᠠᠢᠢᠨ᠎ᠠ᠃
ᠮᠠᠨ ᠤ ᠬᠠᠰᠠᠭ ᠲᠦᠮᠡᠨ ᠨᠠᠷᠠᠨ ᠤ ᠪᠠᠶᠠᠷ ᠢᠶᠠᠷ ᠢᠶᠠᠨ 《ᠪᠤᠶᠠᠨ ᠬᠡᠰᠢᠢᠡ᠋᠋᠌᠍ ᠂ ᠡᠪ ᠨᠢᠭᠡᠳᠦᠯ ᠵᠢᠯ ᠦᠨ ᠡᠬᠢᠨ ᠡᠴᠡ ᠡᠬᠢ ᠲᠡᠢ》 ᠬᠡᠮᠡᠨ ᠪᠡᠯᠭᠡᠰᠢᠶᠡᠵᠦ᠂ ᠠᠵᠠᠢ ᠪᠤᠭᠤᠷᠤᠯ ᠤᠳ ᠢᠶᠠᠨ ᠬᠦᠨᠳᠦᠳᠬᠡᠨ ᠵᠠᠯᠠᠵᠤ᠂ ᠭᠡᠷ ᠪᠦᠯᠢ᠂ ᠠᠬᠠᠨ ᠳᠡᠭᠦᠰ᠂ ᠤᠷᠤᠭ ᠲᠥᠷᠥᠯ᠂ ᠬᠣᠲᠠᠯᠠ ᠣᠯᠠᠨ ᠢᠶᠠᠷ ᠢᠶᠠᠨ ᠤᠴᠠᠷᠠᠨ ᠵᠣᠯᠭᠠᠵᠤ᠂ ᠤᠯᠠᠷᠢᠨ ᠣᠳᠴᠤ ᠪᠠᠢᠢᠭ᠎ᠠ ᠵᠢᠯ ᠦᠨ ᠢᠶᠡᠨ ᠠᠯᠳᠠᠭ᠎ᠠ ᠣᠨᠣᠭ᠎ᠠ ᠢᠢ ᠳ᠋ᠦᠩᠨᠡᠨ᠂ ᠢᠷᠡᠵᠦ ᠪᠠᠢᠢᠭ᠎ᠠ ᠵᠢᠯ ᠦᠨ ᠢᠶᠡᠨ ᠥᠩᠭᠡ ᠲᠥᠯᠥᠪ ᠢ ᠬᠡᠯᠡᠯᠴᠡᠵᠦ᠂ ᠥᠲᠡᠭᠦᠰ ᠪᠤᠭᠤᠷᠤᠯ ᠤᠳ ᠨᠢ ᠢᠳᠡᠷ ᠵᠠᠯᠠᠭᠤᠰ ᠲᠤ ᠪᠠᠨ ᠮᠡᠷᠭᠡᠨ ᠰᠤᠷᠭᠠᠯ ᠢᠶᠠᠨ ᠠᠢᠢᠯᠠᠳᠴᠤ᠂ ᠦᠭᠡ ᠢᠢᠨ ᠰᠠᠢᠢᠨ ᠢ ᠬᠡᠯᠡᠯᠴᠡᠨ᠂ ᠦᠢᠯᠡ ᠢᠢᠨ ᠰᠠᠢᠢᠨ ᠢ ᠪᠡᠯᠭᠡᠳᠡᠵᠦ᠂ ᠡᠳ᠋  ᠦᠨ ᠳᠡᠭᠡᠳᠦ ᠢᠢ ᠡᠮᠦᠰᠴᠦ᠂ ᠢᠳᠡᠭᠡᠨ ᠦ ᠪᠡᠨ ᠳᠡᠭᠡᠵᠢ ᠢᠢ ᠬᠦᠷᠳᠡᠳᠡᠭ ᠪᠠᠬᠠᠳᠤᠮ᠎ᠠ ᠰᠠᠢᠢᠬᠠᠨ ᠤᠯᠠᠮᠵᠢᠯᠠᠯ ᠲᠠᠢ᠃
ᠬᠥᠵᠢ ᠳᠡᠯᠡᠬᠡᠢ ᠲᠡᠢ ᠪᠡᠨ ᠬᠦᠢ ᠢᠢᠨ ᠬᠣᠯᠪᠣᠭ᠎ᠠ ᠲᠠᠢ ᠨᠠᠸ᠋ᠷᠤᠽᠢ  ᠢᠢ ᠤᠭᠲᠤᠵᠤ ᠬᠠᠰᠠᠭ ᠲᠦᠮᠡᠨ ᠮᠢᠨᠢ ᠪᠤᠯᠠᠭ ᠱᠠᠡᠭᠳᠤ ᠢᠢᠨ ᠢᠶᠠᠨ ᠡᠬᠡ ᠢᠢ ᠰᠡᠷᠭᠦᠭᠡᠳᠡᠭ᠂ ᠤᠷᠭᠤᠬᠤ ᠨᠠᠷᠠᠠ ᠢ ᠤᠭᠲᠤᠨ ᠲᠣᠰᠴᠤ᠂ ᠰᠦᠨ ᠦ ᠪᠡᠨ ᠳᠡᠭᠡᠵᠢ ᠢᠢ ᠡᠷᠭᠦᠨ ᠪᠠᠷᠢᠳᠠᠭ᠃
ᠪᠠᠢᠢᠭᠠᠯᠢ ᠡᠬᠡ ᠪᠡᠨ ᠬᠦᠨᠳᠦᠯᠡᠨ ᠳᠡᠭᠡᠳᠦᠯᠡᠳᠡᠭ ᠬᠠᠰᠠᠭ ᠲᠦᠮᠡᠨ ᠦ ᠣᠯᠠᠩᠬᠢ ᠨᠢ ᠠᠮᠢᠳᠤᠷᠠᠨ ᠰᠠᠭᠤᠳᠠᠭ ᠪᠠᠶᠠᠨ-ᠥᠯᠥᠭᠡᠢ ᠠᠢᠢᠮᠠᠭ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠢ ᠳᠡᠮᠵᠢᠨ 20 ᠰᠠᠶ᠎ᠠ ᠮᠣᠳᠣ ᠲᠠᠷᠢᠵᠤ ᠤᠷᠭᠤᠭᠤᠯᠬᠤ ᠠᠵᠢᠯ ᠢᠶᠠᠨ ᠡᠬᠢᠯᠡᠭᠰᠡᠨ ᠢ ᠥᠯᠵᠡᠢ ᠢᠷᠦᠭᠡᠯ ᠲᠡᠢ ᠨᠠᠸ᠋ᠷᠤᠽᠢ ᠲᠣᠬᠢᠶᠠᠵᠤ ᠪᠠᠢᠢᠭ᠎ᠠ ᠡᠳᠦᠷ ᠳᠤᠷᠠᠳᠬᠤ ᠳᠤ ᠲᠠᠭᠠᠲᠠᠢ ᠪᠠᠢᠢᠨ᠎ᠠ᠃
ᠬᠣᠶᠠᠷ ᠬᠥᠷᠰᠢ ᠲᠡᠢ ᠬᠢᠯᠢ ᠵᠠᠯᠭᠠᠭ᠎ᠠ᠂ ᠬᠠᠰᠠᠭ᠂ ᠤᠷᠢᠶᠠᠩᠬᠠᠢ᠂ ᠳᠥᠷᠪᠡᠳ᠂ ᠲᠤᠸᠠ ᠦᠨᠳᠦᠰᠦᠲᠡᠨ ᠶᠠᠰᠤᠲᠠᠨ ᠵᠡᠷᠭᠡᠴᠡᠨ ᠠᠮᠢᠳᠤᠷᠠᠳᠠᠭ᠂ ᠠᠰᠬᠠᠲᠤ ᠢᠢᠨ ᠮᠥᠩᠭᠥᠨ ᠦ ᠣᠷᠳᠣ ᠲᠡᠷᠢᠭᠦᠲᠡᠢ ᠪᠠᠢᠢᠭᠠᠯᠢ ᠡᠬᠡ ᠡᠴᠡ ᠬᠠᠢᠢᠷᠠᠯᠠᠭᠰᠠᠨ ᠠᠷᠪᠢᠨ ᠪᠠᠶᠠᠯᠢᠭ ᠲᠠᠢ᠂ ᠠᠯᠲᠠᠢ ᠲᠠᠪᠤᠨ ᠪᠣᠭᠳᠠ᠂ ᠬᠣᠲᠠᠨ᠂ ᠲᠣᠯᠪᠣ᠂ ᠬᠤᠷᠠᠭᠠᠨ ᠨᠠᠭᠤᠷ ᠭᠡᠳ ᠠᠭᠤᠯᠠ ᠤᠰᠤ ᠨᠢ ᠲᠡᠭᠰᠢᠷᠡᠭᠰᠡᠨ᠂ ᠰᠤᠶᠤᠯ ᠤᠨ ᠣᠯᠠᠨ ᠶᠠᠩᠵᠤ ᠪᠠᠢᠢᠳᠠᠯ ᠢ ᠰᠣᠯᠣᠩᠭ᠋᠎ᠠ ᠮᠡᠲᠦ ᠴᠣᠭᠴᠠᠯᠠᠭᠠᠭᠰᠠᠨ ᠪᠠᠶᠠᠨ-ᠥᠯᠥᠭᠡᠢ ᠨᠤᠲᠤᠭ ᠲᠤ ᠬᠥᠭ᠍ᠵᠢᠯ ᠦᠨ ᠭᠡᠷᠡᠯᠲᠦ ᠢᠷᠡᠭᠡᠳᠦᠢ ᠪᠤᠢ᠃
ᠲᠥᠪ ᠠᠽᠢ ᠢᠢᠨ ᠨᠡᠭᠦᠳᠡᠯᠴᠢᠳ ᠦᠨ ᠳᠤᠮᠳᠠ ᠬᠡᠳᠦᠨ ᠮᠢᠩᠭ᠋ᠠᠨ ᠵᠢᠯ ᠦᠨ ᠲᠡᠷᠲᠡᠭᠡ ᠡᠭᠦᠰᠴᠦ᠂ ᠡᠳᠦᠭᠡ ᠬᠦᠷᠲᠡᠯ᠎ᠡ ᠬᠠᠳᠠᠭᠠᠯᠠᠭᠳᠠᠵᠤ ᠢᠷᠡᠭᠰᠡᠨ᠂ ᠪᠦᠷᠭᠦᠳ ᠢᠶᠡᠷ ᠠᠡᠭ ᠬᠢᠬᠦ ᠤᠯᠠᠮᠵᠢᠯᠠᠯ᠂ ᠵᠠᠩ ᠵᠠᠩᠰᠢᠯ ᠢ ᠰᠡᠷᠭᠦᠭᠡᠬᠦ᠂ ᠬᠣᠢᠢᠴᠢ ᠦᠶ᠎ᠠ ᠳ᠋ᠡᠭᠡᠨ ᠥᠪᠯᠡᠭᠦᠯᠦᠨ ᠦᠯᠡᠳᠡᠭᠡᠳᠡᠭ 《ᠪᠦᠷᠭᠦᠳ ᠦᠨ ᠪᠠᠶᠠᠷ》 ᠨᠢ ᠳᠣᠲᠣᠭᠠᠳᠤ᠂ ᠭᠠᠳᠠᠭᠠᠳᠤ ᠢᠢᠨ ᠵᠢᠭᠤᠯᠴᠢᠳ ᠤᠨ ᠰᠣᠨᠢᠷᠬᠠᠯ ᠢ ᠲᠠᠲᠠᠵᠤ᠂ ᠮᠣᠩ᠋ᠭᠣᠯ ᠣᠷᠣᠨ ᠢ ᠳᠡᠯᠡᠬᠡᠢ ᠳᠠᠬᠢᠨ ᠳᠤ ᠰᠤᠷᠲᠠᠯᠴᠢᠯᠠᠬᠤ ᠳᠤ ᠬᠤᠪᠢ ᠨᠡᠮᠡᠷᠢ ᠣᠷᠣᠭᠤᠯᠵᠤ ᠪᠠᠢᠢᠭ᠎ᠠ ᠨᠢᠭᠡᠨ ᠴᠢᠬᠤᠯᠠ ᠥᠪ ᠰᠤᠶᠤᠯ ᠪᠢᠯᠡ᠃
ᠪᠦᠷᠭᠦᠳ ᠢ ᠭᠠᠷᠰᠢᠭᠤᠯᠤᠨ ᠳᠠᠰᠬᠠᠬᠤ᠂ ᠰᠤᠷᠭᠠᠬᠤ᠂ ᠠᠡᠭ ᠠᠪᠠᠯᠠᠬᠤ ᠤᠯᠠᠮᠵᠢᠯᠠᠯ ᠢ 2010 ᠣᠨ ᠳᠤ ᠢᠥᠢᠨᠧᠰᠻᠤ  ᠢᠢᠨ 《ᠬᠦᠮᠦᠨ ᠲᠥᠷᠥᠯᠬᠢᠲᠡᠨ ᠦ ᠰᠤᠶᠤᠯ ᠤᠨ ᠪᠡᠶᠡᠲᠦ ᠪᠤᠰᠤ ᠥᠪ》  ᠦᠨ ᠲᠥᠯᠥᠭᠡᠯᠡᠯ ᠦᠨ ᠵᠢᠬᠰᠠᠭᠠᠯᠲᠠ ᠳᠤ ᠠᠯᠪᠠᠨ ᠶᠣᠰᠣ ᠪᠠᠷ ᠪᠦᠷᠢᠳᠬᠡᠭ᠍ᠰᠡᠨ ᠢ ᠪᠠᠬᠠᠷᠬᠠᠨ ᠲᠡᠮᠳᠡᠭᠯᠡᠵᠦ ᠪᠠᠢᠢᠨ᠎ᠠ᠃
ᠮᠠᠨ ᠤ ᠬᠠᠰᠠᠭ ᠲᠦᠮᠡᠨ ᠬᠡᠯᠡ ᠰᠤᠶᠤᠯ᠂ ᠶᠣᠰᠣ ᠵᠠᠩᠰᠢᠯ ᠢᠶᠠᠨ ᠤᠨᠠᠭᠠᠨ ᠲᠥᠷᠬᠥ ᠪᠡᠷ ᠨᠢ ᠬᠠᠳᠠᠭᠠᠯᠠᠨ ᠦᠯᠡᠳᠡᠵᠦ᠂ ᠨᠠᠸ᠋ᠷᠤᠽᠢ  ᠢᠢᠨ ᠪᠠᠶᠠᠷ ᠢᠶᠠᠨ ᠠᠷᠢᠬᠢ ᠳᠠᠷᠠᠰᠤ ᠦᠭᠡᠢ ᠪᠡᠷ ᠲᠡᠮᠳᠡᠭᠯᠡᠨ ᠥᠩᠭᠡᠷᠡᠭᠦᠯᠳᠡᠭ ᠦᠯᠢᠭᠡᠷ ᠵᠢᠱᠢᠶ᠎ᠡ ᠤᠯᠠᠮᠵᠢᠯᠠᠯ ᠲᠠᠢ᠃

ᠬᠠᠰᠠᠭ ᠲᠦᠮᠡᠨ ᠬᠡᠯᠡ᠂ ᠰᠤᠶᠤᠯ ᠢᠶᠠᠨ ᠬᠠᠳᠠᠭᠠᠯᠠᠬᠤ ᠢᠢᠨ ᠵᠡᠷᠭᠡᠴᠡᠭᠡ ᠮᠣᠩ᠋ᠭᠣᠯ ᠬᠡᠯᠡ᠂ ᠶᠣᠰᠣ ᠵᠠᠩᠰᠢᠯ᠂ ᠪᠢᠴᠢᠢᠡ᠋᠋᠌᠍ ᠦᠰᠦᠭ ᠢᠶᠡᠨ ᠰᠠᠢᠢᠲᠤᠷ ᠰᠤᠷᠤᠯᠴᠠᠵᠤ᠂ ᠦᠨᠳᠦᠰᠦᠨ ᠬᠠᠤᠯᠢ ᠪᠠᠷ ᠣᠯᠭᠤᠭᠰᠠᠨ ᠡᠷᠬᠡ᠂ ᠡᠭᠦᠷᠭᠡ ᠪᠡᠨ ᠪᠦᠷᠢᠨ ᠳᠦᠭᠦᠷᠡᠩ ᠦᠯᠡᠳᠡᠭᠡᠬᠦ ᠤᠴᠢᠷᠲᠠᠢ᠃
ᠬᠠᠰᠠᠭ ᠳᠠᠭᠤᠤ ᠬᠥᠭ᠍ᠵᠢᠮ᠂ ᠪᠦᠵᠢᠢᠡ᠋᠋᠌᠍ ᠨᠠᠭᠠᠳᠤᠮ᠂ ᠰᠢᠷᠢᠮᠡᠯ ᠬᠠᠳᠬᠤᠮᠠᠯ ᠤᠷᠠᠯᠠᠯ ᠵᠡᠷᠭᠡ ᠥᠪ ᠶᠡᠬᠡ ᠤᠯᠠᠮᠵᠢᠯᠠᠯ ᠢᠶᠠᠨ ᠤᠯᠠᠮ ᠬᠥᠭ᠍ᠵᠢᠭᠦᠯᠵᠦ᠂ ᠰᠤᠷᠲᠠᠯᠴᠢᠯᠠᠨ ᠲᠠᠨᠢᠭᠤᠯᠵᠤ᠂ ᠲᠦᠭᠡᠭᠡᠨ ᠳᠡᠯᠭᠡᠷᠡᠭᠦᠯᠬᠦ ᠨᠢ ᠵᠦᠢᠲᠡᠢ᠃
ᠥᠷᠨᠢᠭᠦᠨ ᠬᠥᠳᠡᠯᠮᠦᠷᠢᠴᠢ ᠬᠠᠰᠠᠭ ᠲᠦᠮᠡᠨ ᠡᠴᠡ ᠮᠠᠨᠢ ᠬᠠᠷᠢᠭᠤᠴᠠᠭᠰᠠᠨ ᠠᠵᠢᠯ ᠳᠤ ᠪᠠᠨ ᠮᠡᠷᠭᠡᠵᠢᠯ ᠦᠨ ᠤᠷ᠎ᠠ ᠴᠢᠳᠠᠪᠤᠷᠢ ᠭᠠᠷᠭᠠᠵᠤ᠂ ᠮᠡᠳᠡᠯᠭᠡ ᠲᠤᠷᠰᠢᠯᠭ᠎ᠠ ᠪᠠᠨ ᠳᠠᠢᠢᠴᠢᠯᠠᠨ᠂ ᠦᠷ᠎ᠡ ᠪᠦᠲᠦᠭᠡᠯ ᠲᠡᠢ ᠠᠵᠢᠯᠯᠠᠭᠰᠠᠨ ᠰᠢᠯᠢᠳᠡᠭ ᠦᠳ ᠦᠢᠯᠡᠰ ᠪᠦᠲᠦᠭᠡᠯ᠎ ᠪᠡᠨ ᠲᠥᠷᠥ ᠳᠥ ᠪᠡᠨ ᠦᠨᠡᠯᠡᠭᠦᠯᠵᠦ ᠣᠯᠠᠨ ᠭᠠᠪᠢᠶᠠᠲᠤ᠂ ᠠᠯᠳᠠᠷᠲᠠᠨ ᠲᠥᠷᠦᠭᠰᠡᠨ ᠳᠥ ᠴᠢᠡᠭ ᠰᠡᠳᠬᠢᠯ ᠦᠨ ᠬᠠᠯᠠᠭᠤᠨ ᠪᠠᠶᠠᠷ ᠬᠦᠷᠭᠡᠶ᠎ᠡ᠃
ᠠᠵᠢᠯᠴᠢ᠂ ᠬᠢᠴᠢᠶᠡᠩᠭᠦᠢ ᠬᠠᠰᠠᠭ ᠲᠦᠮᠡᠨ ᠦ ᠮᠠᠨᠢ ᠠᠬᠤᠢ ᠠᠮᠢᠳᠤᠷᠠᠯ ᠠᠵᠠ ᠵᠢᠷᠭᠠᠯ ᠢᠶᠠᠷ ᠪᠢᠯᠬᠠᠵᠤ᠂ ᠠᠵᠢᠯ ᠦᠢᠯᠡᠰ ᠨᠢ ᠠᠮᠵᠢᠯᠲᠠ ᠪᠦᠲᠦᠭᠡᠯ ᠢᠶᠡᠷ ᠴᠠᠯᠭᠢᠵᠤ᠂ ᠠᠯᠲᠠᠢ ᠢᠢᠨ ᠪᠦᠷᠭᠦᠳ ᠮᠡᠲᠦ ᠬᠡᠢᠢᠮᠣᠷᠢ ᠲᠠᠢ ᠪᠠᠢᠢᠭ᠃
ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ︕》