XVII ᠵᠢᠷᠠᠨ ᠤ 《ᠪᠤᠶᠠᠨ ᠦᠢᠯᠡᠳᠦᠭᠴᠢ》 ᠬᠡᠮᠡᠬᠦ ᠤᠰᠤᠨ ᠪᠠᠷᠰ ᠵᠢᠯ ᠦᠨ ᠰᠠᠷ᠎ᠠ ᠰᠢᠨ᠎ᠡ ᠶᠢᠨ ᠪᠠᠶᠠᠷ ᠲᠤ ᠵᠣᠷᠢᠭᠤᠯᠤᠭᠰᠠᠨ ᠦᠨᠳᠦᠰᠦᠨ ᠦ ᠪᠥᠬᠡ ᠶᠢᠨ ᠪᠠᠷᠢᠯᠳᠤᠭᠠᠨ ᠨᠢᠭᠡᠳᠦᠭᠡᠷ ᠰᠠᠷ᠎ᠠ ᠶᠢᠨ 31 ᠦ ᠪᠣᠯᠤᠨ ᠬᠣᠶᠠᠳᠤᠭᠠᠷ ᠰᠠᠷ᠎ᠠ ᠶᠢᠨ 1 ᠦ ᠡᠳᠦᠷ ᠦᠳ ᠲᠥ ᠮᠣᠩ᠋ᠭᠣᠯ ᠪᠥᠬᠡ ᠶᠢᠨ ᠥᠷᠭᠦᠭᠡᠨ ᠳᠥ ᠪᠣᠯᠤᠯ᠎ᠠ᠃
ᠡᠨᠡ ᠤᠳᠠᠭ᠎ᠠ ᠶᠢᠨ ᠪᠠᠷᠢᠯᠳᠤᠭᠠᠨ ᠳᠤ ᠤᠪᠰᠤ ᠠᠶᠢᠮᠠᠭ ᠤᠨ ᠳᠠᠪᠤᠰᠤᠲᠤ ᠰᠤᠮᠤ ᠶᠢᠨ ᠬᠠᠷᠢᠶᠠᠲᠤ᠂ ᠤᠯᠤᠰ ᠤᠨ ᠠᠪᠤᠷᠭᠤ ᠫᠥ ∙ ᠪᠦᠷᠢᠨᠲᠡᠭᠦᠰ᠂ ᠬᠥᠪᠰᠥᠭᠥᠯ ᠠᠶᠢᠮᠠᠭ ᠤᠨ ᠲᠣᠰᠣᠨᠴᠡᠩᠭᠡᠯ ᠰᠤᠮᠤ ᠶᠢᠨ ᠬᠠᠷᠢᠶᠠᠲᠤ᠂ ᠤᠯᠤᠰ ᠤᠨ ᠠᠷᠰᠯᠠᠨ ᠴ ∙ ᠰᠣᠳᠨᠠᠮᠳᠣᠷᠵᠢ ᠲᠡᠷᠢᠭᠦᠲᠡᠢ ᠤᠯᠤᠰ᠂ ᠠᠶᠢᠮᠠᠭ ᠤᠨ ᠠᠯᠳᠠᠷ ᠴᠣᠯᠠ ᠲᠠᠢ ᠬᠦᠴᠦᠲᠦ 256 ᠪᠥᠬᠡ ᠵᠣᠳᠣᠭᠯᠠᠪᠠ᠃
ᠰᠠᠷ᠎ᠠ ᠰᠢᠨ᠎ᠡ ᠶᠢᠨ ᠪᠠᠷᠢᠯᠳᠤᠭᠠᠨ ᠤᠨ ᠶᠡᠬᠡ ᠰᠢᠪᠤᠭᠡ ᠳᠤ᠄
ᠤᠯᠤᠰ ᠤᠨ ᠭᠠᠷᠤᠳᠢ᠄ ᠮ ∙ ᠪᠠᠳᠢᠷᠴᠢ
ᠤᠯᠤᠰ ᠤᠨ ᠵᠠᠭᠠᠨ ᠄ ᠪ ∙ ᠫᠦᠷᠪᠦᠰᠠᠢᠢᠬᠠᠨ
ᠤᠯᠤᠰ ᠤᠨ ᠬᠠᠷᠴᠠᠭ᠋ ᠡ ᠄ ᠲ ∙ ᠪᠠᠰᠠᠩᠬᠦᠦ
ᠠᠶᠢᠮᠠᠭ ᠤᠨ ᠵᠠᠭᠠᠨ ᠡ᠊ ∙ ᠮᠥᠩᠬᠡᠵᠢᠷᠭᠠᠯ ᠨᠠᠷ ᠰᠢᠯᠭᠠᠷᠠᠭᠰᠠᠨ ᠶᠤᠮ᠃
XVII ᠵᠢᠷᠠᠨ ᠤᠨ 《 ᠪᠤᠶᠠᠨ ᠦᠢᠯᠡᠳᠤᠭ᠍ᠴᠢ》 ᠬᠡᠮᠡᠬᠦ ᠤᠰᠤᠨ ᠪᠠᠷᠰ ᠵᠢᠯ ᠤᠨ ᠰᠠᠷ᠎ᠠ ᠰᠢᠨ᠎ᠡ ᠶᠢᠨ ᠪᠠᠶᠠᠷ ᠲᠤ ᠵᠤᠷᠢᠭᠤᠯᠤᠭᠰᠠᠡ ᠠᠢᠢᠮᠠᠭ ᠤᠨ ᠠᠯᠳᠠᠷ ᠴᠤᠯᠠ ᠳ᠋ᠠᠢ 256 ᠪᠦᠬᠡ ᠶᠢᠨ ᠪᠠᠷᠢᠯᠳᠤᠭᠠᠨ ᠨᠤᠭᠤᠳ᠄
ᠠᠷᠤᠬᠠᠩᠭᠠᠢ ᠠᠶᠢᠮᠠᠭ ᠤᠨ ᠬᠤᠳᠠᠨᠳᠤ ᠰᠤᠮᠤ ᠶᠢᠨ ᠬᠠᠷᠢᠶᠠᠲᠤ᠂ ᠠᠶᠢᠮᠠᠭ ᠤᠨ ᠵᠠᠭᠠᠨ ᠡᠷᠳᠡᠨᠢᠬᠦᠦ ᠶᠢᠨ ᠮᠥᠩᠬᠡᠵᠢᠷᠭᠠᠯ ᠨᠠᠶᠢᠮᠠ ᠳᠠᠪᠠᠵᠤ ᠲᠦᠷᠦᠭᠦᠯᠡᠯ᠎ᠡ᠃
ᠬᠣᠪᠳᠣ ᠠᠶᠢᠮᠠᠭ ᠤᠨ ᠴᠢᠨᠳᠠᠮᠤᠨᠢ ᠰᠤᠮᠤ ᠶᠢᠨ ᠤᠤᠭᠠᠯ᠂ ᠤᠯᠤᠰ ᠤᠨ ᠵᠠᠭᠠᠨ ᠪᠠᠭᠠᠲᠤᠷᠬᠦᠦ ᠶᠢᠨ ᠫᠦᠷᠪᠤᠰᠠᠢᠢᠬᠠᠨ ᠳᠣᠯᠣᠭ᠎ᠠ ᠳᠠᠪᠠᠨ ᠦᠵᠦᠭᠦᠷᠯᠡᠯ᠎ᠡ᠃
ᠪᠥᠬᠡ ᠶᠢᠨ ᠪᠠᠷᠢᠯᠳᠤᠭᠠᠨ ᠤ ᠨᠠᠶᠢᠮᠠ ᠶᠢᠨ ᠳᠠᠪᠠᠭᠠᠨ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠶᠢᠯᠡᠭᠴᠢ ᠤ᠊ ∙ ᠬᠦᠷᠡᠯᠰᠦ᠋ᠬᠡ ᠶᠡᠬᠡ ᠰᠢᠪᠦᠭᠡ ᠶᠢᠨ ᠳᠥᠷᠪᠡᠨ ᠪᠥᠬᠡ ᠳ᠋ᠥ 《ᠪᠠᠬᠠᠷᠬᠠᠯ》 ᠭᠠᠷᠳᠠᠭᠤᠯᠵᠤ᠂ ᠪᠠᠶᠠᠷ ᠬᠦᠷᠭᠡᠯ᠎ᠠ᠃