Та "Internet explorer"-ийн сүүлийн хувилбар болох "Microsoft edge"-г ашиглана уу

Хэрэв "Microsoft edge"-г татах бол энд дарж татаж авна уу

ᠮᠣᠩ᠋᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠰᠠᠷ᠎ᠠ ᠰᠢᠨ᠎ᠡ ᠢᠢᠨ ᠮᠡᠨᠳᠦᠴᠢᠯᠡᠭᠡ ᠳᠡᠪᠰᠢᠭᠦᠯᠦᠯ᠎ᠡ

ᠮᠣᠩ᠋᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦᠬᠡ XVII ᠵᠢᠷᠠᠨ ᠤ 《ᠪᠤᠶᠠᠨ ᠦᠢᠯᠡᠳᠦᠭᠴᠢ》 ᠬᠡᠮᠡᠬᠦ ᠤᠰᠤᠨ ᠪᠠᠷᠰ ᠵᠢᠯ ᠦᠨ ᠰᠠᠷ᠎ᠠ ᠰᠢᠨ᠎ᠡ ᠢᠢᠨ ᠪᠠᠶᠠᠷ ᠤᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡ᠄《
ᠡᠷᠬᠢᠮ ᠬᠦᠨᠳᠡᠲᠥ ᠠᠷᠠᠳ ᠢᠷᠭᠡᠳ ᠡ︕

ᠡᠯᠢᠭᠡ ᠨᠢᠭᠡᠲᠦ ᠮᠣᠩ᠋᠋ᠭᠣᠯ ᠠᠬᠠᠨ ᠳᠡᠭᠦᠰ ᠡ︕

XVII ᠵᠢᠷᠠᠨ ᠤ 《ᠪᠤᠶᠠᠨ ᠦᠢᠯᠡᠳᠦᠭᠴᠢ》 ᠬᠡᠮᠡᠬᠦ ᠤᠰᠤᠨ ᠪᠠᠷᠰ ᠵᠢᠯ ᠦᠨ ᠰᠠᠷ᠎ᠠ ᠰᠢᠨ᠎ᠡ ᠢᠢᠨ ᠪᠠᠶᠠᠷ ᠤᠨ ᠮᠡᠨᠳᠦ ᠢᠢ ᠡᠷᠭᠦᠨ ᠳᠡᠪᠰᠢᠭᠦᠯᠦᠶ᠎ᠡ᠃

ᠪᠤᠶᠠᠨᠲᠤ ᠪᠤᠭᠤᠷᠤᠯ ᠤᠳ᠂ ᠠᠬᠠᠮᠠᠳ ᠨᠠᠰᠤᠲᠠᠨ ᠨᠤᠭᠤᠳ ᠮᠠᠨᠢ ᠡᠩᠬᠡ ᠲᠤᠩᠬ᠎ᠠ᠂ ᠠᠮᠤᠷ ᠲᠦᠪᠰᠢᠨ᠂ ᠢᠳᠡᠷ ᠵᠠᠯᠠᠭᠤᠰ ᠨᠢ ᠤᠬᠠᠭᠠᠨ ᠬᠤᠷᠴᠠ᠂ ᠠᠵᠢᠯ ᠦᠢᠯᠡᠰ ᠠᠷᠪᠢᠨ᠂ ᠬᠡᠦᠬᠡᠳ ᠪᠠᠭᠠᠴᠤᠳ ᠮᠢᠨᠢ ᠡᠷᠡᠭᠦᠯ ᠰᠠᠷᠠᠭᠤᠯ᠂ ᠡᠷᠳᠡᠮ ᠪᠢᠯᠢᠢᠡ᠋᠋᠌᠍  ᠲᠡᠢ ᠪᠠᠢᠢᠵᠤ ᠰᠠᠢᠢᠬᠠᠨ ᠪᠢᠲᠡᠭᠦᠯᠵᠦ᠂ ᠰᠠᠢᠢᠬᠠᠨ ᠰᠢᠨᠡᠯᠡᠵᠦ ᠪᠠᠢᠢᠨ᠎ᠠ ᠤᠤ?

ᠮᠣᠩ᠋᠋ᠭᠣᠯ ᠤᠨ ᠴᠠᠭᠠᠨ ᠰᠠᠷ᠎ᠠ ᠪᠣᠯ ᠮᠣᠩ᠋᠋ᠭᠣᠯ ᠤᠨ ᠠᠷᠠᠳ ᠲᠦᠮᠡᠨ ᠦ ᠰᠢᠨ᠎ᠡ ᠵᠢᠯ ᠦᠨ ᠪᠠᠶᠠᠷ᠂ ᠬᠦᠮᠦᠨ ᠪᠦᠷᠢ ᠨᠠᠰᠤ ᠨᠡᠮᠡᠭᠰᠡᠨ ᠦ ᠪᠠᠶᠠᠷ᠂ ᠬᠦᠢᠲᠡᠨ ᠦ ᠠᠮᠠ ᠴᠠᠭᠠᠰᠢᠯᠠᠵᠤ᠂ ᠬᠥᠬᠥᠥᠷ ᠦᠨ ᠠᠮᠠ ᠨᠠᠭᠠᠰᠢᠯᠠᠵᠤ᠂ ᠤᠷᠭᠤᠨ ᠲᠥᠯᠵᠢᠬᠦ ᠢᠢᠨ ᠡᠬᠡ᠂ ᠤᠷᠢᠨ ᠬᠠᠪᠤᠷ ᠲᠠᠢ ᠵᠣᠯᠭᠠᠵᠤ ᠪᠤᠢ ᠢᠢᠨ ᠪᠠᠶᠠᠷ ᠶᠤᠮ᠃

ᠮᠣᠩ᠋᠋ᠭᠣᠯᠴᠤᠳ ᠪᠢᠳᠡ ᠰᠠᠷ᠎ᠠ ᠰᠢᠨ᠎ᠡ ᠪᠡᠷ ᠡᠴᠢᠭᠡ ᠲᠩᠷᠢ᠂ ᠡᠬᠡ ᠳᠡᠯᠡᠬᠡᠢ ᠪᠡᠨ ᠳᠡᠭᠡᠳᠦᠯᠡᠨ ᠰᠢᠲᠦᠵᠦ᠂ ᠭᠠᠵᠠᠷ ᠨᠤᠲᠤᠭ᠂ ᠠᠭᠤᠯᠠ ᠤᠰᠤᠨ ᠳᠤ ᠪᠠᠨ ᠰᠦᠰᠦᠯᠡᠨ ᠮᠥᠷᠭᠥᠵᠦ᠂ ᠥᠲᠡᠭᠦᠰ ᠪᠤᠭᠤᠷᠤᠯ ᠤᠳ ᠤᠨ ᠢᠶᠠᠨ ᠠᠯᠲᠠᠨ ᠰᠤᠷᠭᠠᠯ᠂ ᠠᠮᠢᠨ ᠵᠠᠬᠢᠶᠠᠰᠤ ᠢᠢ ᠳᠡᠭᠡᠳᠦᠯᠡᠨ ᠰᠣᠨᠣᠰᠴᠤ᠂ ᠦᠭᠡ ᠢᠢᠨ ᠰᠠᠢᠢᠨ ᠢ ᠬᠡᠯᠡᠯᠴᠡᠵᠦ᠂ ᠦᠢᠯᠡ ᠢᠢᠨ ᠰᠠᠢᠢᠨ ᠢ ᠤᠷᠠᠯᠠᠵᠤ᠂ ᠡᠪᠦᠭᠡ ᠳᠡᠭᠡᠳᠦᠰ᠂ ᠥᠨᠳᠥᠷ ᠨᠠᠰᠤᠲᠠᠨ ᠢᠶᠠᠨ ᠬᠦᠨᠳᠦᠯᠡᠨ ᠵᠣᠯᠭᠠᠳᠠᠭ ᠰᠠᠢᠢᠬᠠᠨ ᠤᠯᠠᠮᠵᠢᠯᠠᠯ ᠲᠠᠢ ᠠᠷᠠᠳ ᠲᠦᠮᠡᠨ ᠪᠢᠯᠡ᠃

ᠮᠣᠩ᠋᠋ᠭᠣᠯ ᠤᠨ ᠴᠠᠭᠠᠨ ᠰᠠᠷ᠎ᠠ ᠪᠣᠯ ᠾᠢᠦᠩᠨᠦ ᠭᠦᠷᠦᠨ ᠡᠴᠡ ᠤᠯᠠᠮᠵᠢᠯᠠᠨ᠂ ᠬᠦᠨᠳᠦᠳᠬᠡᠨ ᠶᠤᠰᠤᠯᠠᠵᠤ ᠢᠷᠡᠭᠰᠡᠨ ᠮᠣᠩ᠋᠋ᠭᠣᠯ ᠤᠭᠰᠠᠭᠠᠲᠠᠨ ᠤ ᠣᠯᠠᠨ ᠵᠦᠢᠯ ᠦᠨ ᠵᠠᠩ ᠦᠢᠯᠡ᠂ ᠶᠣᠰᠣ ᠵᠠᠩᠰᠢᠯ᠂ ᠤᠯᠠᠮᠵᠢᠯᠠᠯᠲᠤ ᠥᠪ ᠰᠤᠶᠤᠯ ᠢ ᠰᠢᠩᠭᠡᠭᠡᠭ᠍ᠰᠡᠨ ᠮᠣᠩ᠋᠋ᠭᠣᠯ ᠦᠨᠳᠦᠰᠦᠲᠡᠨ ᠦ ᠨᠡᠩ ᠶᠡᠬᠡᠳᠡ ᠳᠡᠭᠡᠳᠦᠯᠡᠳᠡᠭ ᠪᠠᠶᠠᠷ ᠶᠣᠰᠣᠯᠠᠯ ᠶᠤᠮ᠃

ᠶᠡᠬᠡ ᠮᠣᠩ᠋᠋ᠭᠣᠯ ᠤᠯᠤᠰ ᠤᠨ ᠦᠶ᠎ᠡ ᠳᠥ ᠡᠵᠡᠨ ᠪᠣᠭᠳᠠ ᠴᠢᠩᠭᠢᠰ ᠬᠠᠭᠠᠨ ᠰᠢᠨ᠎ᠡ ᠢᠢᠨ ᠨᠢᠭᠡᠨ ᠦ ᠥᠷᠯᠥᠭᠡ ᠮᠥᠩᠬᠡ ᠲᠩᠷᠢ ᠲᠥ ᠮᠥᠷᠭᠥᠨ᠂ ᠡᠵᠢ ᠳᠥ ᠪᠡᠨ ᠵᠣᠯᠭᠠᠵᠤ᠂ ᠬᠤᠪᠢᠯᠠᠢ ᠬᠠᠭᠠᠨ ᠤ ᠦᠶ᠎ᠡ ᠳᠥ ᠬᠣᠲᠠᠯᠠ ᠣᠯᠠᠨ ᠢᠶᠠᠷ ᠢᠶᠠᠨ ᠴᠠᠭᠠᠨ ᠳᠡᠪᠡᠯ ᠡᠮᠦᠰᠴᠦ᠂ ᠴᠠᠢᠢᠪᠤᠷ ᠵᠢᠰᠦᠮ ᠦᠨ ᠮᠣᠷᠢ ᠤᠨᠤᠵᠤ᠂ ᠴᠠᠭᠠᠨ ᠰᠡᠳᠬᠢᠯ ᠦᠨ ᠪᠡᠯᠭᠡᠳᠡᠯ ᠪᠣᠯᠭᠠᠨ ᠴᠠᠭᠠᠨ ᠬᠠᠳᠠᠭ ᠪᠠᠷᠢᠨ ᠵᠣᠯᠭᠠᠳᠠᠭ ᠪᠠᠢᠢᠭᠰᠠᠨ ᠲᠡᠦᠬᠡ ᠲᠡᠢ᠃

ᠮᠣᠩ᠋᠋ᠭᠣᠯᠴᠤᠳ ᠰᠠᠷ᠎ᠠ ᠳᠤ ᠪᠠᠨ ᠰᠠᠢᠢᠨ ᠶᠠᠪᠤᠭᠰᠠᠨ ᠨᠢ ᠮᠡᠨᠳᠦᠯᠡᠬᠦ ᠳᠥ ᠮᠡᠳᠡᠭᠳᠡᠨ᠎ᠡ᠂ ᠵᠢᠯ ᠳᠥ ᠪᠡᠨ ᠰᠠᠢᠢᠨ ᠶᠠᠪᠤᠭᠰᠠᠨ ᠨᠢ ᠰᠢᠨᠡᠯᠡᠬᠦ ᠳᠥ ᠮᠡᠳᠡᠭᠳᠡᠨ᠎ᠡ ᠭᠡᠯᠴᠡᠳᠡᠭ᠃

ᠲᠡᠢᠢᠮᠦ ᠡᠴᠡ ᠤᠷᠤᠭ ᠲᠥᠷᠥᠯ ᠢᠶᠡᠷ ᠢᠶᠡᠨ ᠤᠴᠠᠷᠠᠨ ᠵᠣᠯᠭᠠᠵᠤ᠂ ᠤᠳᠤᠮ ᠰᠤᠳᠤᠷ ᠢᠶᠠᠨ ᠬᠡᠯᠡᠯᠴᠡᠵᠦ᠂ ᠠᠯᠢᠪᠠ ᠰᠠᠭᠠᠷ ᠪᠦᠬᠦᠨ ᠢᠶᠡᠨ ᠬᠠᠭᠤᠴᠢᠨ ᠵᠢᠯ ᠳᠥ ᠪᠡᠨ ᠣᠷᠬᠢᠵᠤ᠂ ᠠᠢᠢᠯᠴᠢᠯᠠᠨ ᠢᠷᠡᠵᠦ ᠪᠤᠢ ᠰᠢᠨ᠎ᠡ ᠣᠨ ᠳᠤ ᠪᠠᠨ ᠰᠡᠳᠬᠢᠯ ᠠᠷᠢᠭᠤᠨ᠂ ᠢᠲᠡᠭᠡᠯ ᠳᠦᠭᠦᠷᠡᠩ᠂ ᠡᠩᠬᠡ ᠠᠮᠤᠭᠤᠯᠠᠩ᠂ ᠡᠯᠪᠡᠭ ᠳᠡᠯᠪᠡᠭ᠂ ᠪᠤᠶᠠᠨ ᠵᠠᠶᠠᠭ᠎ᠠ ᠲᠡᠭᠰᠢ ᠳᠦᠭᠦᠷᠡᠩ ᠪᠠᠢᠢᠬᠤ ᠢᠢ ᠪᠡᠯᠭᠡᠳᠡᠨ ᠢᠷᠦᠭᠡᠵᠦ᠂ ᠬᠣᠲᠠᠯᠠ ᠣᠯᠠᠨ ᠢᠶᠠᠷ ᠢᠶᠠᠨ ᠰᠠᠢᠢᠨ ᠢ ᠪᠡᠯᠭᠡᠰᠢᠶᠡᠵᠦ᠂ ᠰᠠᠢᠢᠬᠠᠨ ᠢ ᠢᠷᠦᠭᠡᠳᠡᠭ ᠤᠴᠢᠷᠲᠠᠢ᠃

ᠡᠪᠦᠭᠡ ᠳᠡᠭᠡᠳᠦᠰ ᠡᠴᠡ ᠤᠯᠠᠮᠵᠢᠯᠠᠨ ᠢᠷᠡᠭᠰᠡᠨ ᠡᠨᠡ ᠶᠣᠰᠣ ᠲᠥᠷᠥ ᠨᠢ ᠮᠣᠩ᠋᠋ᠭᠣᠯ ᠬᠦᠮᠦᠨ ᠦ ᠣᠶᠤᠨ ᠰᠠᠨᠠᠭᠠᠨ ᠤ ᠥᠪᠡᠷᠮᠢᠴᠡ ᠥᠪ ᠰᠤᠶᠤᠯ ᠪᠢᠯᠡ᠃

ᠴᠠᠭᠠᠨ ᠰᠠᠷ᠎ᠠ᠂ ᠤᠯᠤᠰ ᠤᠨ ᠶᠡᠬᠡ ᠪᠠᠶᠠᠷ ᠨᠠᠭᠠᠳᠤᠮ ᠵᠡᠷᠭᠡ ᠤᠯᠠᠮᠵᠢᠯᠠᠯᠲᠤ ᠪᠠᠶᠠᠷ ᠶᠣᠰᠣᠯᠠᠯ᠂ ᠵᠠᠩ ᠵᠠᠩᠰᠢᠯ ᠨᠢ ᠮᠣᠩ᠋᠋ᠭᠣᠯᠴᠤᠳ ᠪᠢᠳᠡᠨ ᠦ ᠡᠪ ᠨᠢᠭᠡᠳᠦᠯ᠂ ᠲᠤᠰᠠᠭᠠᠷ ᠲᠣᠭᠲᠠᠨᠢᠯ ᠤᠨ ᠪᠡᠯᠭᠡᠳᠡᠯ᠂ ᠥᠪ ᠰᠤᠶᠤᠯ᠂ ᠣᠶᠤᠨ ᠰᠠᠨᠠᠭᠠᠨ ᠤ ᠳᠠᠷᠬᠠᠯᠠᠭ᠎ᠠ ᠶᠤᠮ᠃

ᠮᠣᠩ᠋᠋ᠭᠣᠯ ᠬᠦᠮᠦᠨ᠂ ᠮᠣᠩ᠋᠋ᠭᠣᠯ ᠦᠨᠳᠦᠰᠦᠲᠡᠨ᠂ ᠮᠣᠩ᠋᠋ᠭᠣᠯ ᠤᠨ ᠲᠡᠦᠬᠡ ᠰᠤᠶᠤᠯ ᠪᠣᠯ ᠨᠡᠭᠦᠳᠡᠯ ᠦᠨ ᠰᠤᠶᠤᠯ ᠢᠷᠭᠡᠨᠰᠢᠯ ᠦᠨ ᠳᠠᠪᠲᠠᠭᠳᠠᠰᠢ ᠦᠭᠡᠢ ᠦᠨᠡᠲᠦ ᠵᠦᠢᠯᠡᠰ᠂ ᠳᠡᠯᠡᠬᠡᠢ ᠶᠢᠷᠲᠢᠨᠴᠦ  ᠳᠥ ᠢᠯᠭᠠᠷᠠᠬᠤ ᠪᠢᠳᠡᠨ ᠦ ᠣᠨᠳᠣᠣᠰᠢᠯ᠂ ᠮᠣᠩ᠋᠋ᠭᠣᠯ ᠢᠶᠠᠷ ᠢᠶᠠᠨ ᠣᠮᠣᠭᠰᠢᠨ ᠪᠠᠬᠠᠷᠬᠠᠬᠤ ᠡᠬᠢ ᠰᠤᠷᠪᠤᠯᠵᠢ᠂ ᠳᠤᠮᠳᠠᠷᠠᠰᠢ ᠦᠭᠡᠢ ᠪᠠᠶᠠᠯᠢᠭ ᠶᠤᠮ᠃

ᠮᠣᠷᠢᠯᠠᠨ ᠢᠷᠡᠵᠦ ᠪᠤᠢ 《ᠪᠤᠶᠠᠨ ᠦᠢᠯᠡᠳᠦᠭᠴᠢ》 ᠬᠡᠮᠡᠬᠦ ᠤᠰᠤᠨ ᠪᠠᠷᠰ ᠵᠢᠯ ᠳᠥ ᠶᠡᠬᠡ ᠮᠣᠩ᠋᠋ᠭᠣᠯ ᠤᠯᠤᠰ ᠢ ᠡᠭᠦᠰᠬᠡᠨ ᠪᠠᠢᠢᠭᠤᠯᠤᠭᠴᠢ ᠶᠡᠬᠡ ᠡᠵᠡᠨ ᠴᠢᠩᠭᠢᠰ ᠬᠠᠭᠠᠨ ᠮᠡᠨᠳᠦᠯᠡᠭᠰᠡᠨ ᠦ 860 ᠵᠢᠯ ᠦᠨ ᠣᠢ ᠢᠢ ᠣᠷᠣᠨ ᠳᠠᠶᠠᠭᠠᠷ ᠢᠶᠠᠨ ᠲᠡᠮᠳᠡᠭᠯᠡᠵᠦ᠂ ᠮᠢᠩᠭ᠋ᠠᠨ ᠤ ᠰᠤᠤᠲᠤ ᠴᠢᠩᠭᠢᠰ ᠬᠠᠭᠠᠨ ᠤ ᠠᠤᠭ᠎ᠠ ᠦᠢᠯᠡ ᠬᠡᠷᠡᠭ᠂ ᠰᠤᠤ ᠠᠯᠳᠠᠷ᠂ ᠪᠢᠯᠢᠭ ᠰᠤᠷᠭᠠᠯ ᠢ ᠠᠷᠠᠳ ᠲᠦᠮᠡᠨ᠂ ᠦᠷ᠎ᠡ ᠬᠡᠦᠬᠡᠳ᠂ ᠬᠣᠢᠢᠴᠢ ᠦᠶ᠎ᠡ ᠳᠡᠬᠡᠨ ᠥᠪᠯᠡᠭᠦᠯᠦᠨ ᠲᠦᠭᠡᠭᠡᠵᠦ᠂ ᠳᠡᠯᠡᠬᠡᠢ ᠶᠢᠷᠲᠢᠨᠴᠦ  ᠳᠥ ᠮᠥᠩᠬᠡᠵᠢᠭᠦᠯᠦᠨ ᠠᠯᠳᠠᠷᠰᠢᠭᠤᠯᠬᠤ ᠤᠴᠢᠷᠲᠠᠢ᠃

ᠮᠣᠩ᠋᠋ᠭᠣᠯᠴᠤᠳ ᠪᠢᠳᠡ ᠴᠠᠭᠠᠨ ᠰᠠᠷ᠎ᠠ ᠢᠢᠨ ᠪᠠᠶᠠᠷ ᠢᠶᠠᠨ ᠵᠤᠳ ᠲᠤᠷᠬᠠᠨ᠂ ᠬᠦᠨᠳᠦ ᠬᠡᠴᠡᠭᠦᠦ ᠴᠠᠭ ᠦᠶ᠎ᠡ ᠳᠥ ᠴᠤ ᠵᠣᠬᠢᠬᠤ ᠶᠣᠰᠣᠭᠠᠷ ᠲᠡᠮᠳᠡᠭᠯᠡᠨ᠂ ᠴᠠᠭᠠᠯᠠᠬᠤ ᠶᠣᠰᠣ ᠲᠥᠷᠥ᠂ ᠰᠢᠨᠡᠯᠡᠬᠦ ᠵᠠᠩ ᠵᠠᠩᠰᠢᠯ ᠢᠶᠠᠨ ᠦᠢᠯᠡᠳᠴᠦ ᠢᠷᠡᠭᠰᠡᠨ ᠲᠡᠦᠬᠡᠨ ᠤᠯᠠᠮᠵᠢᠯᠠᠯ ᠲᠠᠢ ᠠᠷᠠᠳ ᠲᠦᠮᠡᠨ᠃

ᠥᠨᠥᠳᠥᠷ ᠬᠡᠳᠦᠢ ᠪᠡᠷ ᠠᠮᠤᠷ ᠦᠭᠡᠢ ᠴᠠᠭ ᠦᠶ᠎ᠡ ᠪᠠᠢᠢᠭ᠎ᠠ ᠬᠡᠳᠦᠢ ᠴᠤ ᠠᠷᠠᠳ ᠲᠦᠮᠡᠨ ᠦ ᠪᠡᠨ ᠤᠯᠠᠮᠵᠢᠯᠠᠯᠲᠤ ᠶᠣᠰᠣ ᠵᠠᠩᠰᠢᠯ᠂ ᠴᠠᠭᠠᠨ ᠰᠠᠷ᠎ᠠ ᠢᠢᠨ ᠪᠠᠶᠠᠷ ᠢᠶᠠᠨ ᠭᠡᠷ ᠪᠦᠯᠢ ᠢᠢᠨ ᠢᠶᠡᠨ ᠬᠦᠷᠢᠶᠡᠨ ᠳᠥ ᠬᠠᠯᠠᠭᠤᠨ ᠠᠮᠠ ᠪᠦᠯᠢ ᠪᠡᠷ ᠢᠶᠡᠨ ᠶᠣᠰᠣᠯᠠᠨ ᠲᠡᠮᠳᠡᠭᠯᠡᠵᠦ᠂ ᠵᠠᠩ ᠦᠢᠯᠡ ᠢᠢᠨ ᠤᠯᠠᠮᠵᠢᠯᠠᠯᠲᠤ ᠥᠪ ᠰᠤᠶᠤᠯ ᠤᠨ ᠳᠠᠷᠬᠠᠯᠠᠭ᠎ᠠ ᠢᠢ ᠪᠠᠨ ᠬᠠᠳᠠᠭᠠᠯᠠᠨ ᠪᠡᠬᠢᠵᠢᠭᠦᠯᠬᠦ ᠨᠢ ᠵᠦᠢᠲᠡᠢ ᠶᠤᠮ᠃

ᠮᠢᠨᠦ ᠮᠣᠩ᠋᠋ᠭᠣᠯ ᠤᠨ ᠠᠷᠠᠳ ᠢᠷᠭᠡᠳ ᠡ᠂

ᠳᠠᠶᠠᠩ ᠳᠡᠯᠡᠬᠡᠢ ᠳᠥ ᠲᠠᠷᠬᠠᠨ ᠰᠠᠭᠤᠭ᠎ᠠ ᠡᠯᠢᠭᠡ ᠨᠢᠭᠡᠲᠦ ᠮᠣᠩ᠋᠋ᠭᠣᠯ ᠠᠬᠠᠨ ᠳᠡᠭᠦᠰ ᠡ᠂

ᠤᠯᠠᠷᠢᠨ ᠣᠳᠴᠤ ᠪᠠᠢᠢᠭ᠎ᠠ 《ᠴᠥᠭᠡᠪᠦᠷᠢ》 ᠬᠡᠮᠡᠭᠴᠢ ᠲᠡᠮᠦᠷ ᠦᠬᠡᠷ ᠵᠢᠯ ᠳᠥ ᠲᠥᠷᠥ ᠢᠢᠨ ᠲᠤᠯᠭᠠᠭᠤᠷᠢ᠂ ᠤᠯᠤᠰ ᠤᠨ ᠦᠨᠳᠦᠰᠦ ᠪᠣᠯᠤᠭᠰᠠᠨ ᠠᠢᠢᠯ ᠡᠷᠦᠬᠡ ᠨᠦᠭᠦᠳ ᠮᠠᠨᠢ 74 ᠮᠢᠩᠭ᠋ᠠᠨ ᠦᠷ᠎ᠡ ᠬᠡᠦᠬᠡᠳ ᠢᠶᠡᠷ ᠠᠮᠠ ᠪᠦᠯᠢ ᠨᠡᠮᠡᠵᠦ᠂ ᠮᠣᠩ᠋᠋ᠭᠣᠯᠴᠤᠳ ᠪᠢᠳᠡ 3 ᠰᠠᠶ᠎ᠠ 400 ᠮᠢᠩᠭ᠋ᠠᠭᠤᠯᠤᠭ᠎ᠠ ᠪᠣᠯᠤᠯ᠎ᠠ᠃

ᠬᠡᠳᠦᠢ ᠪᠡᠷ ᠳᠡᠯᠡᠬᠡᠢ ᠨᠡᠢᠢᠲᠡ ᠴᠠᠷ᠎ᠠ ᠲᠠᠬᠤᠯ ᠲᠠᠢ ᠲᠡᠮᠡᠴᠡᠭᠰᠡᠨ ᠬᠦᠨᠳᠦ ᠪᠡᠷᠬᠡ ᠴᠠᠭ ᠦᠶ᠎ᠡ ᠢᠢ ᠲᠤᠭᠤᠯᠵᠤ ᠪᠠᠢᠢᠭ᠎ᠠ ᠴᠤ ᠮᠣᠩ᠋᠋ᠭᠣᠯᠴᠤᠳ ᠪᠢᠳᠡᠨ ᠦ ᠬᠤᠪᠢ ᠳᠤ ᠳᠡᠯᠭᠡᠷ ᠵᠤᠨ᠂ ᠥᠩ ᠲᠡᠢ ᠡᠪᠦᠯ ᠲᠣᠬᠢᠶᠠᠵᠤ᠂ ᠮᠠᠯ ᠰᠦᠷᠦᠭ ᠦᠨ ᠲᠣᠭ᠎ᠠ 68 ᠰᠠᠶ᠎ᠠ  ᠪᠠᠷ ᠲᠣᠭᠠᠯᠠᠭᠳᠠᠵᠤ᠂ ᠰᠡᠭᠦᠯ ᠦᠨ 30 ᠵᠢᠯ ᠳᠥ ᠪᠠᠢᠢᠭ᠎ᠠ ᠦᠭᠡᠢ ᠠᠷᠪᠢᠨ ᠤᠷᠭᠤᠴᠠ ᠠᠪᠴᠤ᠂ ᠡᠳ᠋  ᠦᠨ ᠵᠠᠰᠠᠭ ᠤᠨ ᠬᠦᠨᠳᠦᠷᠡᠯ ᠪᠡᠷᠬᠡᠰᠢᠶᠡᠯ ᠢ ᠳᠠᠪᠠᠨ ᠲᠤᠭᠤᠯᠬᠤ ᠢᠢᠨ ᠲᠥᠯᠥᠭᠡ ᠠᠷᠠᠳ ᠲᠦᠮᠡᠨ᠂ ᠲᠥᠷᠥ᠂ ᠵᠠᠰᠠᠭ ᠬᠠᠮᠲᠤ ᠳᠤ ᠪᠠᠨ ᠬᠢᠴᠢᠶᠡᠨ ᠵᠢᠳᠬᠦᠭ᠍ᠰᠡᠨ ᠨᠢᠭᠡᠨ ᠵᠢᠯ ᠢ ᠦᠳᠡᠵᠦ ᠪᠠᠢᠢᠨ᠎ᠠ᠃

ᠢᠷᠡᠵᠦ ᠪᠤᠢ ᠵᠢᠯ ᠳᠥ ᠪᠡᠨ ᠮᠣᠩ᠋᠋ᠭᠣᠯᠴᠤᠳ ᠪᠢᠳᠡ ᠡᠪ ᠡᠶ᠎ᠡ ᠡᠷᠬᠢᠮᠯᠡᠨ ᠳᠡᠭᠡᠳᠦᠯᠡᠵᠦ᠂ ᠪᠡᠶ᠎ᠡ ᠡᠷᠡᠭᠦᠯ᠂ ᠰᠡᠳᠬᠢᠯ ᠥᠭᠡᠳᠡᠷᠡᠭ᠂ ᠢᠲᠡᠭᠡᠯ ᠲᠡᠭᠦᠰ᠂ ᠡᠷᠴᠢ ᠬᠦᠴᠦ ᠳᠦᠭᠦᠷᠡᠩ ᠪᠠᠢᠢᠵᠤ᠂ ᠬᠠᠮᠲᠤ ᠢᠢᠨ ᠵᠢᠳᠬᠦᠯ ᠢᠶᠡᠷ ᠬᠡᠪ ᠦᠨ ᠠᠮᠢᠳᠤᠷᠠᠯ ᠳᠤ ᠪᠠᠨ ᠡᠷᠭᠢᠨ ᠣᠷᠣᠵᠤ᠂ ᠤᠯᠤᠰ ᠣᠷᠣᠨ᠂ ᠠᠷᠠᠳ ᠲᠦᠮᠡᠨ ᠦ ᠮᠠᠨᠢ ᠠᠵᠢᠯ ᠠᠮᠢᠳᠤᠷᠠᠯ ᠳᠡᠪᠵᠢᠨ ᠳᠡᠭᠡᠭ᠍ᠰᠢᠯᠡᠭᠰᠡᠨ ᠰᠠᠢᠢᠬᠠᠨ ᠵᠢᠯ ᠪᠣᠯᠤᠨ᠎ᠠ ᠭᠡᠳᠡᠭ ᠲᠥ ᠢᠲᠡᠭᠡᠯ ᠳᠦᠭᠦᠷᠡᠩ ᠪᠠᠢᠢᠨ᠎ᠠ᠃

ᠮᠢᠩᠭ᠋᠎ᠠ ᠮᠢᠩᠭ᠋ᠠᠨ ᠵᠢᠯ ᠦᠨ ᠲᠡᠦᠬᠡ ᠲᠡᠢ ᠨᠡᠭᠦᠳᠡᠯ ᠦᠨ ᠰᠤᠶᠤᠯ ᠢᠷᠭᠡᠨᠰᠢᠯ ᠦᠨ ᠦᠨᠡᠲᠦ ᠥᠪ ᠢ ᠲᠡᠭᠡᠭᠡᠵᠦ ᠶᠠᠪᠤᠭ᠎ᠠ ᠮᠠᠯᠴᠢᠨ ᠲᠦᠮᠡᠨ ᠳᠥ ᠪᠡᠨ ᠡᠪᠦᠯ ᠢ ᠥᠩ ᠲᠡᠢ ᠳᠠᠪᠠᠵᠤ᠂ ᠤᠷᠢᠨ ᠬᠠᠪᠤᠷ ᠲᠠᠢ ᠤᠷᠮ᠎ᠠ ᠲᠠᠢ ᠵᠣᠯᠭᠠᠭᠰᠠᠨ ᠤ ᠪᠠᠶᠠᠷ ᠤᠨ ᠮᠡᠨᠳᠦ ᠢᠢ ᠮᠡᠳᠡᠵᠦ᠂ ᠲᠠᠷᠭᠤᠨ ᠲᠠᠪᠠᠲᠠᠢ ᠬᠠᠪᠤᠷᠵᠢᠵᠤ᠂ ᠳᠡᠯᠭᠡᠷ ᠵᠤᠨ ᠲᠠᠢ ᠵᠣᠯᠭᠠᠬᠤ ᠢᠢᠨ ᠥᠯᠵᠡᠢ ᠲᠡᠢ ᠰᠠᠢᠢᠬᠠᠨ ᠢᠷᠦᠭᠡᠯ ᠢ ᠡᠷᠭᠦᠨ ᠳᠡᠪᠰᠢᠭᠦᠯᠦᠶ᠎ᠡ᠃

ᠰᠠᠷ᠎ᠠ ᠰᠢᠨ᠎ᠡ ᠢᠢᠨ ᠪᠠᠶᠠᠷ ᠢᠶᠠᠷ ᠳᠠᠷᠬᠠᠨ ᠬᠢᠯᠢ ᠪᠡᠨ ᠮᠠᠨᠠᠵᠤ ᠪᠠᠢᠢᠭ᠎ᠠ ᠡᠷ᠎ᠡ ᠵᠤᠷᠢᠭᠳᠤ ᠬᠢᠯᠢᠴᠢᠳ᠂ ᠡᠩᠬᠡ ᠢᠢ ᠰᠠᠬᠢᠭᠤᠯᠬᠤ ᠦᠢᠯᠡᠰ ᠲᠥ ᠵᠢᠳᠬᠦᠵᠦ ᠪᠤᠢ ᠡᠷᠡᠯᠬᠡᠢᠡ᠋᠋᠌᠍ ᠳᠠᠢᠢᠴᠢᠳ᠂ ᠬᠦᠮᠦᠨ ᠠᠷᠠᠳ ᠤᠨ ᠢᠶᠠᠨ ᠡᠷᠡᠭᠦᠯ ᠮᠡᠨᠳᠦ ᠢᠢᠨ ᠮᠠᠨᠠᠭᠠᠨ ᠳᠤ ᠵᠣᠭᠰᠣᠵᠤ ᠪᠠᠢᠢᠭ᠎ᠠ ᠡᠮᠴᠢ᠂ ᠰᠤᠪᠢᠯᠠᠭᠴᠢ᠂ ᠡᠮᠨᠡᠯᠭᠡ ᠢᠢᠨ ᠠᠵᠢᠯᠲᠠᠨ ᠨᠤᠭᠤᠳ᠂ ᠤᠯᠤᠰ ᠣᠷᠣᠨ᠂ ᠠᠷᠠᠳ ᠢᠷᠭᠡᠳ ᠦᠨ ᠢᠶᠡᠨ ᠠᠶᠤᠯ ᠦᠭᠡᠢ ᠪᠠᠢᠢᠳᠠᠯ ᠢ ᠬᠠᠩᠭ᠋ᠠᠨ ᠠᠵᠢᠯᠯᠠᠵᠤ ᠪᠠᠢᠢᠭ᠎ᠠ ᠲᠥᠷᠥ ᠢᠢᠨ ᠠᠯᠪᠠᠨ ᠬᠠᠭᠠᠭᠴᠢᠳ᠂ ᠴᠡᠷᠢᠭ᠂ ᠴᠠᠭᠳᠠᠭ᠎ᠠ᠂ ᠣᠨᠤᠴᠤᠠᠭᠠᠢ ᠪᠠᠢᠢᠳᠠᠯ ᠤᠨ ᠬᠢᠨ ᠳᠤ ᠪᠠᠨ ᠰᠠᠷ᠎ᠠ ᠰᠢᠨ᠎ᠡ ᠢᠢᠨ ᠮᠡᠨᠳᠦ ᠢᠢ ᠡᠷᠭᠦᠨ ᠳᠡᠪᠰᠢᠭᠦᠯᠵᠦ᠂ ᠲᠤᠰᠬᠠᠢᠢᠯᠠᠨ ᠭᠦᠨ ᠲᠠᠯᠠᠷᠬᠠᠯ ᠢᠯᠡᠷᠬᠡᠢᠢᠯᠡᠶ᠎ᠡ᠃

XVII ᠵᠢᠷᠠᠨ ᠤ 《ᠪᠤᠶᠠᠨ ᠦᠢᠯᠡᠳᠦᠭᠴᠢ》 ᠬᠡᠮᠡᠬᠦ ᠤᠰᠤᠨ ᠪᠠᠷᠰ ᠵᠢᠯ ᠳᠥ ᠪᠡᠨ ᠮᠣᠷᠢᠨ ᠳᠡᠯ ᠳᠡᠭᠡᠷ᠎ᠡ ᠠᠰᠠᠭᠰᠠᠨ ᠮᠣᠩ᠋᠋ᠭᠣᠯ ᠬᠦᠮᠦᠨ ᠦ ᠴᠣᠭ ᠬᠡᠢᠢᠮᠣᠷᠢ ᠭᠠᠯ ᠤᠨ ᠳᠥᠯᠥ ᠰᠢᠢᠡ᠋᠋᠌᠍ ᠢᠶᠡᠨ ᠥᠭᠡᠳᠡ ᠪᠡᠨ ᠪᠠᠢᠢᠵᠤ᠂ ᠲᠥᠷᠥ ᠲᠦᠪᠰᠢᠨ᠂ ᠲᠦᠮᠡᠨ ᠣᠯᠠᠨ ᠢᠶᠠᠷ ᠢᠶᠠᠨ ᠡᠩᠬᠡ ᠠᠮᠤᠭᠤᠯᠠᠩ᠂ ᠡᠯᠪᠡᠭ ᠬᠠᠩᠭ᠋ᠠᠯᠤᠭᠤᠨ᠂ ᠲᠡᠭᠰᠢ ᠳᠦᠭᠦᠷᠡᠩ ᠪᠠᠢᠢᠬᠤ ᠢᠢᠨ ᠢᠷᠦᠭᠡᠯ ᠢ ᠡᠷᠭᠦᠨ ᠳᠡᠪᠰᠢᠭᠦᠯᠦᠶ᠎ᠡ᠃

ᠲᠩᠷᠢ ᠰᠢᠢᠡ᠋᠋᠌᠍  ᠢᠶᠡᠨ ᠲᠡᠨᠢᠭᠦᠨ ᠰᠡᠳᠬᠢᠯ ᠲᠡᠢ ᠲᠦᠮᠡᠨ ᠣᠯᠠᠨ ᠮᠢᠨᠢ ᠠᠢᠢᠯ ᠬᠣᠲᠠᠯᠠᠭᠠᠷ ᠢᠶᠠᠨ ᠠᠮᠤᠷ ᠠᠮᠤᠭᠤᠯᠠᠩ᠂ ᠠᠯᠢᠪᠠ ᠦᠢᠯᠡᠰ ᠨᠢ ᠪᠦᠲᠦᠮᠵᠢ ᠲᠡᠭᠦᠰ᠂ ᠠᠵᠠ ᠬᠡᠢᠢᠮᠣᠷᠢ ᠨᠢ ᠥᠭᠡᠳᠡᠷᠡᠭ ᠪᠠᠳᠠᠷᠠᠩᠭ᠋ᠤᠢ᠂ ᠠᠯᠤᠰ ᠢᠷᠡᠭᠡᠳᠦᠢ ᠨᠢ ᠭᠡᠭᠡᠨ ᠰᠠᠷᠠᠭᠤᠯ ᠪᠠᠢᠢᠵᠤ ᠰᠠᠷ᠎ᠠ ᠰᠢᠨ᠎ᠡ ᠳᠥ ᠪᠡᠨ ᠰᠠᠢᠢᠬᠠᠨ ᠰᠢᠨᠡᠯᠡᠭᠡᠷᠡᠢ᠃

ᠮᠥᠩᠬᠡ ᠬᠥᠬᠡ ᠲᠩᠷᠢ ᠢᠢᠨ ᠬᠦᠴᠦᠨ ᠳᠣᠣᠷ᠎ᠠ ᠮᠣᠩ᠋᠋ᠭᠣᠯ ᠤᠯᠤᠰ ᠮᠦᠡ᠍᠍ᠭ᠍ᠬᠢᠳᠡ ᠮᠠᠨᠳᠤᠨ ᠪᠠᠳᠠᠷᠠᠬᠤ ᠪᠣᠯᠲᠤᠭᠠᠢ︕》 ᠭᠡᠵᠡᠢ᠃