Та "Internet explorer"-ийн сүүлийн хувилбар болох "Microsoft edge"-г ашиглана уу

Хэрэв "Microsoft edge"-г татах бол энд дарж татаж авна уу

ᠤ᠊ ∙ ᠬᠦᠷᠡᠯᠰᠦ᠋ᠬᠡ᠄ ᠮᠣᠩ᠋ᠭᠣᠯ ᠤᠯᠤᠰ ᠤᠨ ᠭᠧᠨᠧᠷᠠᠯ ᠤᠳ ᠪᠣᠯ ᠤᠯᠤᠰ ᠣᠷᠣᠨ ᠤ ᠪᠠᠨ ᠦᠨᠳᠦᠰᠦᠨ ᠦ ᠰᠡᠬᠡᠭᠡᠲᠡᠨ ᠦ ᠰᠢᠯᠢᠳᠡᠭ ᠬᠡᠰᠡᠭ᠂ ᠮᠠᠩᠯᠠᠶᠢᠯᠠᠭᠴᠢᠳ

ᠮᠣᠩ᠋ᠭᠣᠯ ᠤᠯᠤᠰ ᠤᠨ ᠶᠡᠷᠦᠩᠬᠡᠶᠢᠯᠡᠭᠴᠢ ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳᠠᠯᠠᠭᠴᠢ ᠤ᠊ ∙ ᠬᠦᠷᠡᠯᠰᠦ᠋ᠬᠡ 《ᠮᠣᠩ᠋ᠭᠣᠯ ᠭᠧᠨᠧᠷᠠᠯ ᠤᠳ ᠤᠨ ᠡᠳᠦᠷ》 ᠍ ᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠪᠡ᠃

ᠮᠡᠨᠳᠦᠴᠢᠯᠡᠭᠡ ᠶᠢ ᠪᠦᠷᠢᠨ ᠡᠬᠢ ᠪᠡᠷ ᠨᠢ ᠬᠦᠷᠭᠡᠵᠦ ᠪᠠᠶᠢᠨ᠎ᠠ᠃

ᠡᠷᠬᠢᠮ ᠭᠧᠨᠧᠷᠠᠯ ᠤᠳ ᠠ᠋᠂

ᠬᠠᠲᠤᠭᠲᠠᠢ᠂ ᠨᠣᠶᠠᠳ ᠠ᠋

ᠲᠠ ᠪᠦᠬᠦᠨ ᠳᠥ ᠪᠡᠨ 《ᠮᠣᠩ᠋ᠭᠣᠯ ᠭᠧᠨᠧᠷᠠᠯ ᠤᠳ ᠤᠨ ᠡᠳᠦᠷ《 ᠍ ᠦᠨ ᠪᠠᠶᠠᠷ ᠤᠨ ᠮᠡᠨᠳᠦ ᠶᠢ ᠡᠷᠭᠦᠨ ᠳᠡᠪᠰᠢᠭᠦᠯᠦᠶ᠎ᠡ᠃

ᠮᠣᠩ᠋ᠭᠣᠯᠴᠤᠳ ᠪᠢᠳᠡ ᠡᠬᠡ ᠣᠷᠣᠨ ᠤ ᠪᠠᠨ ᠠᠷᠢᠭᠤᠨ ᠭᠠᠯ ᠭᠣᠯᠣᠮᠲᠠ ᠶᠢ ᠰᠠᠬᠢᠨ ᠬᠠᠮᠠᠭᠠᠯᠠᠭᠴᠢ ᠴᠡᠷᠢᠭ ᠳᠠᠶᠢᠴᠢᠳ ᠢᠶᠠᠨ ᠬᠦᠨᠳᠦᠳᠬᠡᠨ ᠬᠠᠶᠢᠷᠠᠯᠠᠳᠠᠭ ᠲᠥᠷᠥ ᠳᠥ ᠶᠣᠰᠣᠨ ᠤ ᠨᠠᠨᠳᠢᠨ ᠤᠯᠠᠮᠵᠢᠯᠠᠯ ᠲᠠᠢ ᠪᠢᠯᠡ᠃

ᠡᠬᠡ ᠣᠷᠣᠨ ᠢᠶᠠᠨ ᠬᠠᠮᠠᠭᠠᠯᠠᠬᠤ ᠬᠦᠨᠳᠦ ᠲᠡᠢ ᠪᠥᠭᠡᠳ ᠨᠡᠩ ᠬᠠᠷᠢᠭᠤᠴᠠᠯᠭ᠎ᠠ ᠲᠠᠢ ᠠᠯᠪᠠ ᠶᠢ ᠨᠠᠰᠤᠨ ᠲᠤᠷᠰᠢ ᠶᠢᠨ ᠢᠶᠠᠨ ᠠᠵᠢᠯ ᠦᠢᠯᠡᠰ ᠪᠣᠯᠭᠠᠭᠰᠠᠨ ᠠᠯᠲᠠᠨ ᠮᠥᠷᠳᠡᠰᠦᠲᠦ ᠭᠧᠨᠧᠷᠠᠯ ᠤᠳ ᠳᠠᠭᠠᠨ ᠡᠨᠡ ᠪᠠᠶᠠᠷ ᠤᠨ ᠡᠳᠦᠷ ᠠᠷᠠᠳ ᠲᠦᠮᠡᠨ᠂ ᠲᠥᠷᠥ ᠵᠠᠰᠠᠭ ᠨᠢ ᠭᠦᠨ ᠬᠦᠨᠳᠦᠳᠬᠡᠯ᠎ᠡ ᠦᠵᠡᠭᠦᠯᠳᠡᠭ ᠤᠯᠠᠮᠵᠢᠯᠠᠯ ᠲᠠᠢ᠃

ᠶᠡᠬᠡ ᠡᠵᠡᠨ ᠴᠢᠩᠭᠢᠰ ᠬᠠᠭᠠᠨ ᠤ ᠦᠶ ᠡ᠋ ᠡᠴᠡ ᠳᠡᠯᠡᠬᠡᠢ ᠶᠢᠨ ᠲᠠᠯ᠎ᠠ ᠶᠢ ᠲᠥᠪᠬᠢᠨᠡᠭᠦᠯᠦᠨ᠂ ᠶᠡᠬᠡ ᠴᠡᠷᠢᠭ ᠢᠶᠡᠨ ᠮᠠᠩᠯᠠᠶᠢᠯᠠᠨ ᠤᠳᠤᠷᠢᠳᠴᠤ᠂ ᠰᠤᠤ ᠠᠯᠳᠠᠷ ᠢᠶᠠᠨ ᠳᠡᠯᠡᠬᠡᠢ ᠳᠠᠬᠢᠨ ᠢᠶᠠᠨ ᠮᠥᠩᠬᠡᠯᠡᠭᠰᠡᠨ ᠮᠢᠩᠭ᠋ᠠᠲᠤ᠂ ᠲᠦᠮᠡᠲᠦ ᠶᠢᠨ ᠨᠣᠶᠠᠳ᠂ ᠥᠷᠯᠥᠭ ᠵᠠᠩᠵᠤᠳ ᠨᠢ ᠲᠤᠬᠠᠢ ᠶᠢᠨ ᠦᠶ᠎ᠡ ᠶᠢᠨ 《ᠭᠧᠨᠧᠷᠠᠯ ᠤᠳ》 ᠪᠠᠶᠢᠴᠠᠢ ᠭᠡᠵᠦ ᠦᠵᠡᠬᠦ ᠪᠦᠷᠢᠨ ᠦᠨᠳᠦᠰᠦ ᠲᠡᠢ ᠶᠤᠮ᠃

ᠡᠳᠦᠭᠡ ᠳᠡᠯᠡᠬᠡᠢ ᠶᠢᠨ ᠴᠡᠷᠢᠭ ᠦᠨ ᠲᠡᠦᠬᠡ᠂ ᠴᠡᠷᠢᠭ ᠦᠨ ᠤᠷᠠᠯᠢᠭ ᠰᠤᠳᠤᠯᠤᠭᠠᠴᠢ ᠡᠷᠳᠡᠮᠲᠡᠨ ᠮᠡᠷᠭᠡᠳ ᠴᠢᠩᠭᠢᠰ ᠬᠠᠭᠠᠨ᠂ ᠲᠡᠭᠦᠨ ᠦ ᠵᠠᠩᠵᠤᠳ ᠤᠨ ᠴᠡᠷᠢᠭ ᠤᠳᠤᠷᠢᠳᠬᠤ ᠬᠣᠣᠰ ᠦᠭᠡᠢ ᠠᠷᠭ᠎ᠠ ᠤᠬᠠᠭᠠᠨ ᠢ ᠰᠢᠮᠡᠳᠦᠨ ᠰᠤᠳᠤᠯᠵᠤ᠂ ᠣᠷᠴᠢᠨ ᠴᠠᠭ ᠤᠨ ᠴᠡᠷᠢᠭ ᠦᠨ ᠬᠡᠷᠡᠭ ᠲᠥ ᠴᠤ ᠦᠯᠡᠮᠵᠢ ᠠᠴᠢ ᠲᠤᠰᠠ ᠲᠠᠢ ᠶᠢ ᠦᠨᠡᠯᠡᠵᠦ᠂ ᠲᠤᠰᠬᠠᠨ ᠬᠡᠷᠡᠭᠵᠢᠭᠦᠯᠵᠦ ᠪᠠᠶᠢᠳᠠᠭ ᠨᠢ ᠮᠣᠩ᠋ᠭᠣᠯ ᠲᠦᠮᠡᠨ ᠦ ᠪᠠᠰᠠ ᠨᠢᠭᠡᠨ ᠪᠠᠬᠠᠷᠬᠠᠯ ᠪᠢᠯᠡ᠃

《ᠡᠬᠡ ᠣᠷᠣᠨ ᠤ ᠪᠠᠨ ᠡᠷᠬᠡ ᠴᠢᠯᠦᠭᠡ᠂ ᠲᠤᠰᠠᠭᠠᠷ ᠲᠣᠭᠲᠠᠨᠢᠯ ᠢ ᠪᠠᠲᠤᠯᠠᠨ ᠬᠠᠮᠠᠭᠠᠯᠠᠬᠤ ᠦᠢᠯᠡ ᠬᠡᠷᠡᠭ ᠲᠥ ᠣᠨᠴᠠ ᠭᠠᠷᠮᠠᠭᠠᠢ ᠭᠠᠪᠢᠶ᠎ᠠ ᠪᠠᠶᠢᠭᠤᠯᠤᠭᠰᠠᠨ ᠴᠡᠷᠢᠭ ᠦᠨ ᠳᠡᠭᠡᠳᠦ ᠳᠠᠷᠤᠭ᠎ᠠ ᠨᠠᠷ ᠲᠤ ᠣᠯᠭᠣᠬᠤ》ᠭᠧᠨᠧᠷᠠᠯ ᠬᠡᠮᠡᠬᠦ ᠴᠡᠷᠢᠭ ᠦᠨ ᠳᠡᠭᠡᠳᠦ ᠴᠣᠯᠠ ᠶᠢ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠠᠷᠠᠳ ᠤᠨ ᠰᠠᠶᠢᠳ ᠨᠠᠷ ᠤᠨ ᠵᠥᠪᠯᠡᠯ ᠦᠨ 1944 ᠣᠨ ᠤ 04 ᠳᠦᠭᠡᠷ ᠰᠠᠷ᠎ᠠ ᠶᠢᠨ 28 ᠍ ᠤ ᠡᠳᠦᠷ ᠦᠨ ᠲᠣᠭᠲᠠᠭᠠᠯ ᠢᠶᠠᠷ ᠠᠩᠬ᠎ᠠ ᠪᠤᠢ ᠪᠣᠯᠭᠠᠭᠰᠠᠨ ᠨᠢ ᠮᠣᠩ᠋ᠭᠣᠯ ᠴᠡᠷᠢᠭ ᠦᠨ ᠰᠢᠨ᠎ᠡ ᠦᠶ᠎ᠡ ᠶᠢᠨ ᠲᠡᠦᠬᠡ ᠶᠢᠨ ᠨᠢᠭᠡᠨ ᠲᠡᠮᠳᠡᠭᠯᠡᠯᠲᠦ ᠦᠢᠯᠡ ᠶᠠᠪᠤᠳᠠᠯ ᠪᠣᠯᠤᠭᠰᠠᠨ ᠶᠤᠮ᠃

ᠮᠣᠩ᠋ᠭᠣᠯ ᠤᠯᠤᠰ ᠲᠤ ᠭᠧᠨᠧᠷᠠᠯ ᠴᠣᠯᠠ ᠣᠯᠭᠤᠵᠤ ᠡᠬᠢᠯᠡᠭᠰᠡᠨ ᠡᠴᠡ ᠬᠣᠶᠢᠰᠢᠬᠢ 78 ᠵᠢᠯ ᠦᠨ ᠬᠤᠭᠤᠴᠠᠭᠠᠨ ᠳᠤ 207 ᠴᠡᠷᠢᠭ ᠦᠨ ᠵᠢᠳᠬᠦᠯᠲᠡᠨ ᠡᠨᠡ ᠡᠷᠬᠢᠮ ᠴᠣᠯᠠ ᠶᠢ ᠬᠦᠷᠢᠲᠦᠭᠰᠡᠨ ᠦ ᠳᠣᠲᠣᠷ᠎ᠠ ᠮᠠᠷᠱᠠᠯ ᠨᠢᠭᠡ᠂ ᠠᠷᠮᠢ ᠶᠢᠨ ᠭᠧᠨᠧᠷᠠᠯ ᠨᠢᠭᠡ᠂ ᠬᠤᠷᠠᠨᠭᠳᠠ ᠭᠧᠨᠧᠷᠠᠯ ᠨᠠᠶᠢᠮᠠ᠂ ᠳᠡᠰᠯᠡᠭᠴᠢ ᠭᠧᠨᠧᠷᠠᠯ 21᠂ ᠬᠣᠰᠢᠭᠤᠴᠢ ᠭᠧᠨᠧᠷᠠᠯ 117᠂ ᠪᠠᠷᠢᠭᠠᠳ᠋ ᠤᠨ ᠭᠧᠨᠧᠷᠠᠯ 59 ᠪᠠᠶᠢᠨ᠎ᠠ᠃

ᠡᠨᠡ ᠣᠨ ᠳᠤ ᠮᠣᠩ᠋ᠭᠣᠯ ᠴᠡᠷᠢᠭ ᠦᠨ ᠡᠳᠦᠷ᠂ ᠣᠷᠴᠢᠨ ᠴᠠᠭ ᠤᠨ ᠵᠡᠪᠰᠡᠭᠲᠦ ᠬᠦᠴᠦᠨ ᠡᠭᠦᠰᠦᠨ ᠪᠠᠶᠢᠭᠤᠯᠤᠭᠳᠠᠰᠤᠨ ᠤ 101 ᠵᠢᠯ ᠦᠨ ᠣᠢ ᠶᠢᠨ ᠪᠠᠶᠠᠷ ᠢᠶᠠᠷ ᠮᠣᠩ᠋ᠭᠣᠯ ᠤᠯᠤᠰ ᠤᠨ ᠠᠩᠬᠠᠨ ᠤ ᠡᠮᠡᠭᠲᠡᠢ ᠭᠧᠨᠧᠷᠠᠯ ᠲᠥᠷᠥᠨ ᠭᠠᠷᠤᠯ᠎ᠠ᠃

ᠡᠨᠡ ᠪᠣᠯ ᠵᠡᠪᠰᠡᠭᠲᠦ ᠬᠦᠴᠦᠨ ᠦ ᠬᠥᠭ᠍ᠵᠢᠯ ᠦᠨ ᠰᠢᠨ᠎ᠡ ᠴᠢᠢᠡ᠋᠋᠌᠍ ᠬᠠᠨᠳᠤᠯᠭ᠎ᠠ᠂ ᠪᠦᠲᠦᠴᠡ ᠪᠥᠷᠢᠯᠳᠦᠬᠡᠬᠦᠨ ᠦ ᠬᠢ ᠨᠢ ᠥᠭᠡᠷᠡᠴᠢᠯᠡᠯᠲᠡ ᠶᠢᠨ ᠢᠯᠡᠷᠬᠡᠶᠢᠯᠡᠯ ᠲᠡᠳᠦᠢ ᠦᠭᠡᠢ᠂ ᠤᠯᠤᠰ ᠣᠷᠣᠨ ᠤ ᠪᠠᠨ ᠬᠥᠭ᠍ᠵᠢᠯ ᠳᠡᠪᠰᠢᠯ᠂ ᠪᠠᠲᠤᠯᠠᠨ ᠬᠠᠮᠠᠭᠠᠯᠠᠬᠤ ᠦᠢᠯᠡ ᠬᠡᠷᠡᠭ ᠲᠥ ᠡᠮᠡᠭᠲᠡᠶᠢᠴᠦᠳ ᠦᠨ ᠢᠶᠡᠨ ᠭᠠᠪᠢᠶ᠎ᠠ᠂ ᠵᠢᠳᠬᠦᠯ ᠢ ᠲᠥᠷᠥ ᠵᠠᠰᠠᠭ ᠥᠨᠳᠥᠷ ᠢᠶᠡᠷ ᠦᠨᠡᠯᠡᠵᠦ ᠪᠤᠢ ᠶᠢᠨ ᠨᠣᠲᠠᠯᠠᠭ᠎ᠠ ᠶᠤᠮ᠃

ᠡᠩᠬᠡ ᠶᠢ ᠰᠠᠬᠢᠭᠤᠯᠤᠭᠴᠢ ᠴᠡᠩᠬᠡᠷ ᠳᠠᠭᠤᠯᠭᠠᠲᠠᠨ᠂ ᠤᠤᠭᠠᠨ ᠡᠮᠡᠭᠲᠡᠢ ᠭᠧᠨᠧᠷᠠᠯ ᠳᠤ ᠪᠠᠨ ᠠᠮᠵᠢᠯᠲᠠ ᠪᠦᠲᠦᠭᠡᠯ᠂ ᠠᠵᠠ ᠵᠢᠷᠭᠠᠯ᠂ ᠰᠠᠶᠢᠨ ᠰᠠᠶᠢᠬᠠᠨ ᠪᠦᠬᠦᠨ ᠢ ᠬᠦᠰᠡᠨ ᠢᠷᠦᠭᠡᠶ᠎ᠡ᠃

ᠮᠣᠩ᠋ᠭᠣᠯ ᠤᠯᠤᠰ ᠤᠨ ᠭᠧᠨᠧᠷᠠᠯ ᠤᠳ ᠪᠣᠯ ᠤᠯᠤᠰ ᠣᠷᠣᠨ ᠤ ᠪᠠᠨ ᠦᠨᠳᠦᠰᠦᠨ ᠦ ᠰᠡᠬᠡᠭᠡᠲᠡᠨ ᠦ ᠰᠢᠯᠢᠳᠡᠭ ᠬᠡᠰᠡᠭ᠂ ᠮᠠᠩᠯᠠᠶᠢᠯᠠᠭᠴᠢᠳ ᠨᠢ ᠪᠠᠶᠢᠳᠠᠭ ᠶᠤᠮ ᠠ᠃

ᠭᠧᠨᠧᠷᠠᠯ ᠤᠳ ᠤᠨ ᠡᠩᠨᠡᠭᠡᠨ ᠡᠴᠡ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ᠍ ᠤᠨ ᠪᠠᠭᠠᠲᠤᠷ ᠴᠣᠯᠠᠲᠠᠨ ᠵᠢᠷᠭᠤᠭ᠎ᠠ᠂ ᠬᠥᠳᠡᠯᠮᠦᠷᠢ ᠶᠢᠨ ᠪᠠᠭᠠᠲᠤᠷ ᠭᠤᠷᠪᠠ᠂ ᠳᠠᠶᠢᠨ᠂ ᠪᠠᠶᠢᠯᠳᠤᠭᠠᠨ ᠳᠤ ᠣᠷᠣᠯᠴᠠᠭᠰᠠᠨ 34᠂ ᠲᠥᠷᠥ ᠶᠢᠨ ᠥᠨᠳᠥᠷ ᠠᠯᠪᠠᠨ ᠲᠤᠰᠢᠶᠠᠯ ᠬᠠᠰᠢᠭᠰᠠᠨ 15᠂ ᠰᠠᠨᠰᠠᠷ ᠤᠨ ᠨᠢᠰᠬᠡᠭᠴᠢ ᠨᠢᠭᠡ᠂ ᠡᠩᠬᠡ ᠶᠢ ᠳᠡᠮᠵᠢᠬᠦ ᠠᠵᠢᠯᠯᠠᠭᠠᠨ ᠳᠤ ᠡᠭᠦᠷᠭᠡ ᠭᠦᠢᠴᠡᠳᠭᠡᠭ᠍ᠰᠡᠨ ᠪᠣᠯᠤᠨ ᠣᠯᠠᠨ ᠤᠯᠤᠰ ᠤᠨ ᠪᠠᠶᠢᠭᠤᠯᠤᠯᠭ᠎ᠠ ᠳᠤ ᠠᠵᠢᠯᠯᠠᠭᠰᠠᠨ 10 ᠭᠠᠷᠤᠢ ᠭᠧᠨᠧᠷᠠᠯ ᠪᠠᠶᠢᠭ᠎ᠠ ᠪᠥᠭᠡᠳ ᠨᠡᠶᠢᠲᠡ ᠭᠧᠨᠧᠷᠠᠯ ᠤᠨ 30 ᠭᠠᠷᠤᠢ ᠬᠤᠪᠢ ᠨᠢ ᠡᠷᠳᠡᠮ ᠦᠨ ᠵᠡᠷᠭᠡ᠂ ᠴᠣᠯᠠ ᠲᠠᠢ ᠪᠠᠶᠢᠨ᠎ᠠ᠃

ᠮᠣᠩ᠋ᠭᠣᠯ ᠲᠥᠷᠥ ᠶᠢᠨ ᠭᠧᠨᠧᠷᠠᠯ ᠤᠳ ᠡᠪᠦᠭᠡ ᠳᠡᠭᠡᠳᠦᠰ᠂ ᠠᠬᠠᠮᠠᠳ ᠦᠶ᠎ᠡ ᠶᠢᠨ ᠢᠶᠡᠨ ᠦᠢᠯᠡ ᠬᠡᠷᠡᠭ ᠢ ᠨᠡᠷ᠎ᠡ ᠲᠥᠷᠥ ᠲᠡᠢ ᠵᠠᠯᠭᠠᠮᠵᠢᠯᠠᠵᠤ ᠡᠳᠦᠭᠡ ᠴᠤ ᠡᠷᠭᠦᠭ᠍ᠰᠡᠨ ᠲᠠᠩᠭᠠᠷᠢᠭ ᠲᠤ ᠪᠠᠨ ᠦᠨᠡᠨᠴᠢ ᠪᠡᠷ ᠵᠢᠳᠬᠦᠵᠦ᠂ ᠪᠠᠲᠤᠯᠠᠨ ᠬᠠᠮᠠᠭᠠᠯᠠᠬᠤ ᠪᠣᠳᠣᠯᠭ᠎ᠠ᠂ ᠵᠣᠷᠢᠯᠲᠠ᠂ ᠦᠢᠯᠡ ᠠᠵᠢᠯᠯᠠᠭᠠᠨ ᠤ ᠲᠦᠰᠢᠭ ᠲᠤᠯᠭᠠᠭᠤᠷᠢ᠂ ᠤᠳᠤᠷᠢᠳᠤᠨ ᠵᠣᠬᠢᠶᠠᠨ ᠪᠠᠶᠢᠭᠤᠯᠤᠭᠴᠢᠳ᠂ ᠦᠯᠢᠭᠡᠷᠯᠡᠨ ᠳᠠᠭᠠᠭᠤᠯᠤᠭᠴᠢᠳ ᠨᠢ ᠪᠠᠶᠢᠭᠰᠠᠭᠠᠷ ᠪᠠᠶᠢᠨ᠎ᠠ᠃

1990 ᠍ ᠊ᠭᠡᠳ ᠣᠨ ᠤ ᠨᠡᠶᠢᠭᠡᠮ ᠤᠨ ᠲᠣᠭᠲᠠᠯᠴᠠᠭᠠᠨ ᠤ ᠰᠢᠯᠵᠢᠯᠲᠡ ᠶᠢᠨ ᠡᠭᠡᠳᠡᠷᠡᠭᠡ ᠲᠡᠢ ᠬᠦᠨᠳᠦ ᠦᠶ᠎ᠡ ᠳᠥ ᠵᠡᠪᠰᠡᠭᠲᠦ ᠬᠦᠴᠦᠨ᠂ ᠨᠡᠶᠢᠭᠡᠮ ᠢ ᠠᠶᠤᠯ ᠠᠴᠠ ᠬᠠᠮᠠᠭᠠᠯᠠᠬᠤ ᠶᠠᠮᠤ᠂ ᠴᠠᠭᠳᠠᠭ᠎ᠠ᠂ ᠳᠣᠲᠣᠭᠠᠳᠤ ᠶᠢᠨ ᠴᠡᠷᠢᠭ ᠢ ᠰᠢᠨᠡᠴᠢᠯᠡᠨ ᠪᠠᠶᠢᠭᠤᠯᠬᠤ᠂ ᠭᠠᠮᠰᠢᠭ ᠠᠴᠠ ᠬᠠᠮᠠᠭᠠᠯᠠᠬᠤ ᠦᠨᠳᠦᠰᠦᠨ ᠦ ᠲᠣᠭᠲᠠᠯᠴᠠᠭ᠎ᠠ ᠶᠢ ᠪᠦᠷᠢᠳᠦᠭᠦᠯᠬᠦ ᠵᠡᠷᠭᠡ ᠲᠡᠦᠬᠡᠨ ᠪᠥᠭᠡᠳ ᠬᠠᠷᠢᠭᠤᠴᠠᠯᠭ᠎ᠠ ᠲᠠᠢ ᠡᠭᠦᠷᠭᠡ ᠶᠢ ᠬᠦᠯᠢᠶᠡᠵᠦ᠂ ᠠᠷᠠᠳᠴᠢᠯᠠᠭᠰᠠᠨ ᠨᠡᠶᠢᠭᠡᠮ ᠳᠥ ᠵᠣᠬᠢᠴᠠᠭᠰᠠᠨ ᠴᠣ ᠰᠢᠨ᠎ᠡ ᠪᠦᠲᠦᠴᠡ ᠵᠣᠬᠢᠶᠠᠨ ᠪᠠᠶᠢᠭᠤᠯᠤᠯᠲᠠ ᠶᠢ ᠪᠤᠢ ᠪᠣᠯᠭᠠᠭᠰᠠᠨ ᠨᠢ ᠠᠬᠠᠮᠠᠳ ᠭᠧᠨᠧᠷᠠᠯ ᠤᠳ ᠲᠠ ᠪᠦᠬᠦᠨ ᠦ ᠮᠣᠩ᠋ᠭᠣᠯ ᠤᠨ ᠲᠡᠦᠬᠡᠨ ᠳᠥ ᠦᠯᠡᠳᠡᠭᠡᠭ᠍ᠰᠡᠨ ᠬᠦᠨᠳᠦᠲᠦ ᠭᠠᠪᠢᠶ᠎ᠠ ᠶᠤᠮ᠃

ᠳᠠᠶᠠᠭᠠᠷᠰᠢᠵᠤ ᠪᠤᠢ XXI ᠵᠠᠭᠤᠨ ᠳᠤ ᠮᠣᠩ᠋ᠭᠣᠯ ᠴᠡᠷᠢᠭ ᠳᠡᠯᠡᠬᠡᠢ ᠶᠢᠨ ᠨᠡᠶᠢᠲᠡ ᠶᠢᠨ ᠡᠩᠬᠡ ᠶᠢ ᠰᠠᠬᠢᠭᠤᠯᠬᠤ ᠦᠢᠯᠡᠰ ᠦᠨ ᠴᠡᠩᠬᠡᠷ ᠳᠠᠭᠤᠯᠭᠠᠲᠠᠨ ᠳᠠᠶᠢᠴᠢᠳ᠂ ᠡᠬᠡ ᠣᠷᠣᠨ ᠤ ᠪᠠᠨ ᠪᠦᠲᠦᠭᠡᠨ ᠪᠠᠶᠢᠭᠤᠯᠤᠯᠲᠠ ᠶᠢᠨ ᠪᠠᠶᠠᠯᠢᠭ ᠪᠦᠲᠦᠭᠡᠭ᠍ᠴᠢ ᠴᠡᠷᠢᠭ ᠪᠣᠯᠤᠨ ᠦᠢᠯᠡ ᠬᠡᠷᠡᠭ᠂ ᠡᠭᠦᠷᠭᠡ ᠣᠷᠣᠯᠴᠠᠭ᠎ᠠ ᠨᠢ ᠥᠷᠭᠡᠵᠢᠨ ᠬᠥᠭ᠍ᠵᠢᠵᠦ ᠪᠠᠶᠢᠨ᠎ᠠ᠃

ᠴᠠᠭ ᠦᠶ᠎ᠡ ᠶᠢᠨ ᠢᠶᠡᠨ ᠱᠠᠭᠠᠷᠳᠠᠯᠭ᠎ᠠ᠂ ᠡᠭᠦᠷᠭᠡ ᠵᠣᠷᠢᠭᠤᠯᠤᠯᠲᠠ ᠶᠢᠨ ᠬᠤᠪᠢᠰᠤᠯ ᠥᠭᠡᠷᠡᠴᠢᠯᠡᠯᠲᠡ ᠶᠢ ᠳᠠᠭᠠᠨ ᠵᠡᠪᠰᠡᠭᠲᠦ ᠬᠦᠴᠦᠨ ᠦ ᠤᠳᠤᠷᠢᠳᠤᠯᠭ᠎ᠠ᠂ ᠪᠦᠲᠦᠴᠡ ᠵᠣᠬᠢᠶᠠᠨ ᠪᠠᠶᠢᠭᠤᠯᠤᠯᠲᠠ᠂ ᠪᠠᠲᠤᠯᠠᠨ ᠬᠠᠮᠠᠭᠠᠯᠠᠬᠤ ᠲᠣᠭᠲᠠᠯᠴᠠᠭ᠎ᠠ᠂ ᠲᠥᠷᠥ ᠶᠢᠨ ᠴᠡᠷᠢᠭ ᠦᠨ ᠪᠠᠶᠢᠭᠤᠯᠤᠯᠭ᠎ᠠ ᠨᠤᠭᠤᠳ ᠤᠨ ᠡᠷᠬᠡ ᠵᠦᠢ ᠶᠢᠨ ᠰᠢᠨᠡᠴᠢᠯᠡᠯ ᠢ ᠭᠠᠷᠳᠠᠨ ᠬᠢᠵᠦ ᠪᠤᠢ ᠭᠧᠨᠧᠷᠠᠯ ᠤᠳ ᠲᠠ ᠪᠦᠬᠦᠨ ᠳᠥ ᠭᠦᠨ ᠲᠠᠯᠠᠷᠬᠠᠯ ᠳᠡᠪᠰᠢᠭᠦᠯᠦᠶ᠎ᠡ᠃

ᠢᠷᠭᠡᠨ ᠦ ᠠᠷᠠᠳᠴᠢᠯᠠᠭᠰᠠᠨ ᠲᠥᠷᠥ ᠶᠢᠨ ᠲᠣᠭᠲᠠᠯᠴᠠᠭᠠᠨ ᠳᠤ ᠵᠡᠪᠰᠡᠭᠲᠦ ᠬᠦᠴᠦᠨ᠂ ᠦᠨᠳᠦᠰᠦᠨ ᠦ ᠠᠶᠤᠯ ᠦᠭᠡᠢ ᠪᠠᠶᠢᠳᠠᠯ ᠢ ᠬᠠᠩᠭ᠋ᠠᠬᠤ ᠴᠢᠢᠡ᠋᠋᠌᠍ ᠡᠭᠦᠷᠭᠡ ᠲᠡᠢ ᠪᠠᠶᠢᠭᠤᠯᠤᠯᠭ᠎ᠠ ᠨᠤᠭᠤᠳ ᠬᠠᠤᠯᠢ ᠶᠣᠰᠣᠨ ᠤ ᠬᠦᠨᠳᠡᠲᠥ ᠪᠠᠶᠢᠷᠢ ᠰᠠᠭᠤᠷᠢ ᠶᠢ ᠡᠵᠡᠯᠡᠵᠦ᠂ ᠴᠡᠷᠢᠭ ᠢᠷᠭᠡᠨ ᠦ ᠬᠠᠷᠢᠯᠴᠠᠭ᠎ᠠ ᠥᠷᠭᠡᠵᠢᠨ ᠪᠡᠬᠢᠵᠢᠭᠰᠡᠨ ᠨᠢ ᠭᠧᠨᠧᠷᠠᠯ ᠤᠳ ᠲᠠ ᠪᠦᠬᠦᠨ ᠦ ᠦᠢᠯᠡ ᠠᠵᠢᠯᠯᠠᠭᠠᠨ ᠤ ᠨᠢᠭᠡᠨ ᠦᠷ᠎ᠡ ᠳ᠋ᠦᠩ ᠶᠤᠮ᠃

ᠦᠨᠳᠦᠰᠦᠨ ᠦ ᠠᠶᠤᠯ ᠦᠭᠡᠢ ᠪᠠᠶᠢᠳᠠᠯ ᠤᠨ ᠪᠣᠯᠤᠨ ᠭᠠᠳᠠᠭᠠᠳᠤ ᠪᠣᠳᠣᠯᠭ᠎ᠠ ᠶᠢᠨ ᠦᠵᠡᠯ ᠪᠠᠷᠢᠮᠲᠠᠯᠠᠯ ᠳᠤ ᠲᠤᠰᠬ᠋ᠠᠭᠰᠠᠨ ᠠᠶᠤᠯ ᠦᠭᠡᠢ ᠪᠠᠶᠢᠳᠠᠯ᠂ ᠦᠨᠳᠦᠰᠦᠨ ᠦ ᠢᠵᠠᠭᠤᠷ ᠠᠰᠢᠭ ᠰᠣᠨᠢᠷᠬᠠᠯ ᠢ ᠤᠯᠤᠰ ᠲᠥᠷᠥ᠂ ᠳ᠋ᠢᠫᠯᠣᠮᠠᠲ ᠤᠨ ᠠᠷᠭ᠎ᠠ ᠪᠠᠷ ᠬᠠᠩᠭ᠋ᠠᠬᠤ ᠵᠣᠷᠢᠯᠲᠠ ᠶᠢ ᠬᠡᠷᠡᠭᠵᠢᠭᠦᠯᠬᠦ ᠳᠥ ᠲᠣᠮᠣᠬᠠᠨ ᠲᠦᠯᠬᠢᠴᠡ ᠪᠣᠯᠤᠭᠰᠠᠨ ᠡᠩᠬᠡ ᠶᠢ ᠰᠠᠬᠢᠭᠤᠯᠬᠤ ᠠᠵᠢᠯᠯᠠᠭᠠᠨ ᠳᠤ ᠴᠡᠷᠢᠭ᠂ ᠴᠠᠭᠳᠠᠭ᠎ᠠ ᠶᠢᠨ ᠠᠯᠪᠠ ᠬᠠᠭᠠᠭᠴᠢᠳ ᠢ ᠣᠷᠤᠯᠴᠠᠭᠤᠯᠬᠤ ᠪᠣᠳᠣᠯᠭ᠎ᠠ ᠶᠢᠨ ᠦᠨᠳᠦᠰᠦ ᠶᠢ ᠪᠣᠯᠪᠠᠰᠤᠷᠠᠭᠤᠯᠤᠨ ᠪᠠᠲᠤᠯᠠᠭᠤᠯᠬᠤ᠂ ᠬᠡᠷᠡᠭᠵᠢᠯᠲᠡ ᠶᠢ ᠬᠠᠩᠭ᠋ᠠᠬᠤ᠂ ᠪᠡᠶ᠎ᠡ ᠪᠦᠷᠢᠯᠳᠦᠬᠦᠨ ᠢ ᠰᠤᠷᠭᠠᠵᠤ ᠪᠡᠯᠡᠳᠬᠡᠬᠦ᠂ ᠠᠷᠤ ᠲᠠᠯ᠎ᠠ ᠬᠠᠩᠭ᠋ᠠᠯᠲᠠ ᠶᠢ ᠵᠣᠬᠢᠶᠠᠨ ᠪᠠᠶᠢᠭᠤᠯᠬᠤ ᠳᠤ ᠡᠷᠬᠢᠮ ᠭᠧᠨᠧᠷᠠᠯ ᠤᠳ ᠲᠠ ᠪᠦᠬᠦᠨ ᠦ ᠭᠦᠢᠴᠡᠳᠭᠡᠭ᠍ᠰᠡᠨ ᠡᠭᠦᠷᠭᠡ ᠶᠢ ᠦᠨᠡᠯᠡᠵᠦ ᠪᠠᠷᠠᠰᠢ ᠦᠭᠡᠢ ᠶᠤᠮ᠃

ᠲᠡᠭᠦᠨᠴᠢᠯᠡᠨ ᠡᠩᠬᠡ ᠶᠢ ᠰᠠᠬᠢᠭᠤᠯᠬᠤ ᠠᠵᠢᠯᠯᠠᠭ᠎ᠠ ᠶᠢ ᠤᠳᠤᠷᠢᠳᠤᠨ ᠵᠣᠬᠢᠶᠠᠨ ᠪᠠᠶᠢᠭᠤᠯᠵᠤ᠂ ᠪᠡᠶ᠎ᠡ ᠪᠡᠷ ᠢᠶᠡᠨ ᠦᠯᠢᠭᠡᠷᠯᠡᠨ ᠣᠷᠣᠯᠴᠠᠵᠤ᠂ ᠮᠡᠷᠭᠡᠵᠢᠯ ᠦᠨ ᠤᠷ᠎ᠠ ᠴᠢᠳᠠᠪᠤᠷᠢ᠂ ᠭᠠᠳᠠᠭᠠᠳᠤ ᠬᠡᠯᠡᠨ ᠦ ᠮᠡᠳᠡᠯᠭᠡ᠂ ᠰᠡᠳᠬᠢᠯ ᠵᠦᠢ ᠶᠢᠨ ᠥᠨᠳᠥᠷ ᠪᠡᠯᠡᠳᠬᠡᠯ ᠢᠶᠡᠷ ᠢᠶᠡᠨ ᠮᠠᠩᠯᠠᠶᠢᠯᠠᠭᠰᠠᠨ ᠣᠯᠠᠨ ᠠᠷᠪᠠᠨ ᠭᠧᠨᠧᠷᠠᠯ ᠴᠣᠯᠠᠲᠠᠨ ᠲᠥᠷᠥᠨ ᠭᠠᠷᠴᠤ᠂ ᠮᠡᠷᠭᠡᠵᠢᠯ ᠦᠨ ᠴᠡᠷᠢᠭ ᠲᠥ ᠰᠠᠭᠤᠷᠢᠯᠠᠭᠰᠠᠨ ᠴᠢᠳᠠᠪᠤᠷᠢᠯᠢᠭ ᠵᠡᠪᠰᠡᠭᠲᠦ ᠬᠦᠴᠦᠨᠲᠡᠢ ᠪᠠᠶᠢᠬᠤ ᠪᠠᠲᠤᠯᠠᠨ ᠬᠠᠮᠠᠭᠠᠯᠠᠬᠤ ᠪᠣᠳᠣᠯᠭ᠎ᠠ ᠶᠢ ᠬᠡᠷᠡᠭᠵᠢᠭᠦᠯᠬᠦ᠂ ᠵᠡᠪᠰᠡᠭᠲᠦ ᠬᠦᠴᠦᠨ ᠦ ᠣᠯᠠᠨ ᠲᠠᠯᠠᠲᠤ ᠡᠭᠦᠷᠭᠡ ᠪᠡᠨ ᠭᠦᠢᠴᠡᠳᠭᠡᠬᠦ ᠴᠢᠳᠠᠪᠬᠢ᠂ ᠪᠡᠯᠡᠨ ᠪᠠᠶᠢᠳᠠᠯ ᠢ ᠳᠡᠭᠡᠭ᠍ᠰᠢᠯᠡᠭᠦᠯᠬᠦ ᠳᠥ ᠣᠨᠤᠴᠤᠠᠭᠠᠢ ᠴᠢᠬᠤᠯᠠ ᠬᠤᠪᠢ ᠨᠡᠮᠡᠷᠢ ᠣᠷᠣᠭᠤᠯᠵᠤ ᠪᠠᠶᠢᠨ᠎ᠠ᠃

ᠡᠷᠬᠢᠮ ᠭᠧᠨᠧᠷᠠᠯ ᠤᠳ ᠲᠠ ᠪᠦᠬᠦᠨ ᠳᠥ ᠮᠣᠩ᠋ᠭᠣᠯ ᠴᠡᠷᠢᠭ ᠡᠩᠬᠡ ᠶᠢ ᠰᠠᠬᠢᠭᠤᠯᠬᠤ ᠠᠵᠢᠯᠯᠠᠭᠠᠨ ᠳᠤ ᠣᠷᠣᠯᠴᠠᠵᠤ ᠡᠬᠢᠯᠡᠭᠰᠡᠨ ᠦ ᠲᠡᠦᠬᠡᠲᠦ 20 ᠵᠢᠯ ᠦᠨ ᠣᠢ ᠶᠢᠨ ᠪᠠᠶᠠᠷ ᠤᠨ ᠮᠡᠨᠳᠦ ᠶᠢ ᠬᠦᠷᠭᠡᠶ᠎ᠡ᠃

ᠮᠣᠩ᠋ᠭᠣᠯ ᠤᠯᠤᠰ ᠤᠨ ᠲᠥᠯᠥᠭᠡ ᠵᠢᠳᠬᠦᠵᠦ ᠢᠷᠡᠭᠰᠡᠨ ᠭᠧᠨᠧᠷᠠᠯ ᠤᠳ ᠲᠠ ᠪᠦᠬᠦᠨ ᠦ ᠠᠷᠤ ᠳᠤ ᠵᠡᠪᠰᠡᠭᠲᠦ ᠬᠦᠴᠦᠨ ᠦ ᠪᠠᠲᠤ ᠪᠡᠬᠢ ᠠᠷᠤ ᠲᠠᠯ᠎ᠠ᠂ ᠶᠣᠰᠣ ᠰᠤᠷᠲᠠᠬᠤᠨ ᠤ ᠦᠨᠳᠦᠰᠦ ᠰᠠᠭᠤᠷᠢ ᠨᠢ ᠪᠣᠯᠤᠭᠰᠠᠨ ᠭᠡᠷ ᠪᠦᠯᠢ᠂ ᠦᠷ᠎ᠡ ᠬᠡᠦᠬᠡᠳ ᠲᠠᠨᠢ ᠪᠠᠶᠢᠳᠠᠭ᠃

ᠲᠡᠶᠢᠮᠦ ᠡᠴᠡ ᠡᠨᠡ ᠡᠳᠦᠷ ᠪᠣᠯ ᠵᠢᠬᠰᠠᠭᠠᠯ ᠤᠨ ᠴᠡᠷᠢᠭ ᠡᠴᠡ ᠲᠥᠷᠥ ᠶᠢᠨ ᠭᠧᠨᠧᠷᠠᠯ ᠬᠦᠷᠲᠡᠯ᠎ᠡ ᠨᠢ ᠠᠮᠢᠳᠤᠷᠠᠯ ᠤᠨ ᠬᠢ ᠨᠢ ᠦᠨᠡᠨᠴᠢ ᠬᠠᠨᠢ᠂ ᠠᠮᠵᠢᠯᠲᠠ ᠶᠢᠨ ᠬᠢ ᠨᠢ ᠥᠮᠥᠭ ᠲᠦᠰᠢᠭ ᠪᠣᠯᠵᠤ᠂ ᠠᠯᠳᠠᠭ᠎ᠠ ᠣᠨᠣᠭ᠎ᠠ ᠪᠦᠷᠦᠢ ᠶᠢᠨ ᠬᠢ ᠨᠢ ᠠᠷᠠᠳ ᠰᠡᠳᠬᠢᠯ ᠳᠣᠭᠳᠣᠯᠤᠨ ᠪᠠᠶᠢᠳᠠᠭ ᠠᠷᠤ ᠭᠡᠷ ᠦᠨ ᠬᠢᠨ ᠲᠠ ᠪᠦᠬᠦᠨ ᠦ ᠴᠤ ᠪᠠᠶᠠᠷ ᠤᠨ ᠡᠳᠦᠷ ᠶᠤᠮ᠃

ᠡᠬᠡ ᠣᠷᠣᠨ ᠢᠶᠠᠨ ᠬᠠᠮᠠᠭᠠᠯᠠᠭᠴᠢ ᠴᠡᠷᠢᠭ ᠡᠷᠡᠰ ᠦᠨ ᠮᠠᠩᠯᠠᠢ ᠪᠣᠯᠤᠭᠰᠠᠨ ᠡᠷᠬᠢᠮ ᠠᠯᠲᠠᠨ ᠮᠥᠷᠳᠡᠰᠦᠲᠦ ᠲᠠ ᠪᠦᠬᠦᠨ ᠳᠥ ᠪᠡᠨ ᠪᠣᠯᠤᠨ ᠠᠮᠢᠳᠤᠷᠠᠯ ᠤᠨ ᠲᠠᠨᠢ ᠥᠮᠥᠭ ᠲᠦᠰᠢᠭ ᠪᠣᠯᠤᠭᠰᠠᠨ ᠦᠨᠡᠨᠴᠢ ᠬᠠᠨᠢ᠂ ᠦᠷ᠎ᠡ ᠬᠡᠦᠬᠡᠳ ᠦᠳ ᠲᠠᠨᠢ 《ᠮᠣᠩ᠋ᠭᠣᠯ ᠭᠧᠨᠧᠷᠠᠯ ᠤᠨ ᠡᠳᠦᠷ》 ᠍ ᠦᠨ ᠪᠠᠶᠠᠷ ᠤᠨ ᠮᠡᠨᠳᠦ ᠶᠢ ᠳᠠᠬᠢᠨ ᠳᠡᠪᠰᠢᠭᠦᠯᠵᠦ᠂ ᠡᠷᠡᠭᠦᠯ ᠡᠩᠬᠡ᠂ ᠠᠵᠠ ᠵᠢᠷᠭᠠᠯ᠂ ᠬᠠᠮᠤᠭ ᠤᠨ ᠰᠠᠶᠢᠨ ᠰᠠᠶᠢᠬᠠᠨ ᠪᠦᠬᠦᠨ ᠢ ᠬᠦᠰᠡᠨ ᠢᠷᠦᠭᠡᠶ᠎ᠡ᠃

ᠲᠠ ᠪᠦᠬᠦᠨ ᠢ ᠮᠣᠩ᠋ᠭᠣᠯ ᠴᠡᠷᠢᠭ ᠦᠨ ᠶᠡᠬᠡ ᠬᠠᠷ᠎ᠠ ᠰᠦᠯᠳᠡ ᠥᠨᠢ ᠮᠥᠩᠬᠡᠳ ᠢᠪᠡᠭᠡᠵᠦ᠂ ᠮᠣᠩ᠋ᠭᠣᠯ ᠴᠡᠷᠢᠭ ᠦᠨ ᠢᠷᠠᠭᠤ ᠠᠯᠳᠠᠷ ᠦᠶ᠎ᠡ ᠶᠢᠨ ᠦᠶ᠎ᠡ ᠳᠥ ᠮᠠᠨᠳᠤᠨ ᠪᠠᠳᠠᠷᠠᠬᠤ ᠪᠣᠯᠲᠤᠭᠠᠢ᠃