Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳᠠᠯᠠᠭᠴᠢ ᠤ᠊ ∙ ᠬᠦᠷᠡᠯᠰᠦᠬᠡ ᠮᠡᠨᠳᠦᠴᠢᠯᠡᠭᠡ ᠳᠡᠪᠰᠢᠭᠦᠯᠪᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳᠠᠯᠠᠭᠴᠢ ᠤ᠊ ∙ ᠬᠦᠷᠡᠯᠰᠦ᠋ᠬᠡ 《ᠮᠣᠩ᠋ᠭᠣᠯ ᠴᠡᠷᠢᠭ ᠦᠨ ᠡᠳᠦᠷ》᠂ ᠣᠷᠴᠢᠨ ᠴᠠᠭ ᠤᠨ ᠵᠡᠪᠰᠡᠭᠲᠦ ᠬᠦᠴᠦᠨ ᠡᠭᠦᠰᠦᠨ ᠪᠠᠢᠢᠭᠤᠯᠤᠭᠳᠠᠰᠤᠨ ᠤ 101 ᠵᠢᠯ ᠦᠨ ᠣᠢ ᠢᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠦᠭᠰᠡᠨ ᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃
ᠮᠣᠩ᠋ᠭᠣᠯ ᠤᠯᠤᠰ ᠤᠨ ᠢᠷᠭᠡᠳ ᠡ︕
ᠡᠷᠬᠢᠮ ᠬᠦᠨᠳᠡᠲᠥ ᠠᠬᠠᠮᠠᠳ ᠳᠠᠢᠢᠴᠢᠳ ᠡ︕
ᠵᠡᠪᠰᠡᠭᠲᠦ ᠬᠦᠴᠦᠨ ᠦ ᠭᠧᠨᠧᠷᠠᠯ᠂ ᠣᠹᠢᠼᠧᠷ᠂ ᠠᠬᠠᠯᠠᠭᠴᠢ᠂ ᠲᠦᠷᠦᠭᠦᠴᠢ᠂ ᠪᠠᠢᠢᠯᠳᠤᠭᠴᠢ᠂ ᠠᠵᠢᠯᠲᠠᠨ᠂ ᠠᠯᠪᠠᠨ ᠬᠠᠭᠠᠭᠴᠢᠳ ᠠ᠋︕
ᠲᠠ ᠪᠦᠬᠦᠨ ᠳᠥ 《ᠮᠣᠩ᠋ᠭᠣᠯ ᠴᠡᠷᠢᠭ ᠦᠨ ᠡᠳᠦᠷ》᠂ ᠣᠷᠴᠢᠨ ᠴᠠᠭ ᠤᠨ ᠵᠡᠪᠰᠡᠭᠲᠦ ᠬᠦᠴᠦᠨ ᠡᠭᠦᠰᠦᠨ ᠪᠠᠢᠭᠤᠯᠤᠭᠳᠠᠭᠰᠠᠨ ᠤ ᠲᠡᠦᠬᠡᠲᠦ 101 ᠵᠢᠯ ᠦᠨ ᠣᠢ ᠢᠢᠨ ᠪᠠᠶᠠᠷ ᠤᠨ ᠮᠡᠨᠳᠦᠴᠢᠯᠡᠭᠡ ᠢᠢ ᠡᠷᠭᠦᠨ ᠳᠡᠪᠰᠢᠭᠦᠯᠦᠶ᠎ᠡ᠃
ᠡᠬᠡ ᠣᠷᠣᠨ ᠢᠶᠠᠨ ᠬᠠᠮᠠᠭᠠᠯᠠᠭᠴᠢ ᠳᠠᠢᠢᠴᠢᠳ ᠢᠶᠠᠨ ᠬᠦᠨᠳᠦᠳᠬᠡᠨ᠂ ᠠᠯᠳᠠᠷ ᠰᠤᠤ᠂ ᠭᠠᠪᠢᠶᠠᠲᠤ ᠦᠢᠯᠡᠰ ᠢ ᠨᠢ ᠮᠦᠡᠭ᠍ᠬᠡᠵᠢᠭᠦᠯᠳᠡ‍᠎ᠡ ᠨᠢ ᠮᠣᠩ᠋ᠭᠣᠯ ᠤᠨ ᠠᠷᠠᠳ ᠲᠦᠮᠡᠨ᠂ ᠲᠥᠷᠥ ᠶᠣᠰᠣᠨ ᠤ ᠪᠠᠬᠠᠷᠬᠠᠯᠳᠤ ᠤᠯᠠᠮᠵᠢᠯᠠᠯ ᠪᠢᠯᠡ᠃
ᠥᠨᠢ ᠡᠷᠲᠡᠨ ᠡᠴᠡ ᠡᠳᠦᠭᠡ ᠬᠦᠷᠲᠡᠯᠡᠬᠢ ᠲᠡᠦᠬᠡᠨ ᠳᠥ ᠮᠣᠩ᠋ᠭᠣᠯ ᠴᠡᠷᠢᠭ ᠦᠨ ᠲᠡᠦᠬᠡ ᠬᠦᠨᠳᠦᠲᠡᠢ ᠪᠠᠢᠢᠷᠢ ᠡᠵᠡᠯᠡᠳᠡᠭ᠃
ᠬᠣᠶᠠᠷ ᠮᠢᠩᠭ᠋ᠠᠨ ᠤ ᠲᠡᠷᠲᠡᠭᠡ ᠲᠦᠷᠦᠲᠦ ᠤᠯᠤᠰ ᠢᠶᠠᠨ ᠪᠠᠢᠢᠭᠤᠯᠤᠨ᠂ 1206 ᠣᠨ ᠤ ᠤᠯᠠᠭᠠᠨ ᠪᠠᠷᠰ ᠵᠢᠯ ᠡᠵᠡᠨ ᠪᠣᠭᠳᠠ ᠴᠢᠩᠭᠢᠰ ᠬᠠᠭᠠᠨ ᠠᠯᠲᠠᠢ ᠢᠢᠨ ᠴᠠᠰᠤᠲᠤ ᠮᠥᠩᠭᠥᠨ ᠣᠷᠭᠢᠯ ᠤᠳ ᠠᠴᠠ ᠬᠢᠩᠭ᠋ᠠᠨ ᠤ ᠨᠣᠭᠣᠭᠠᠨ ᠨᠠᠷᠠᠰᠤᠳᠤ ᠠᠭᠤᠯᠠ ᠳᠠᠪᠠᠭᠠᠳ᠂ ᠪᠠᠢᠢᠭᠠᠯ ᠳᠠᠯᠠᠢ ᠠᠴᠠ ᠶᠡᠬᠡ ᠴᠠᠭᠠᠨ ᠬᠡᠷᠡᠮ ᠬᠦᠷᠲᠡᠯ᠎ᠡ ᠥᠷᠭᠡᠨ ᠠᠭᠤᠳᠠᠮ ᠨᠤᠲᠤᠭ ᠲᠤ ᠠᠵᠤ ᠲᠦᠷᠦᠵᠤ ᠪᠠᠢᠢᠭᠰᠠᠨ 30 ᠭᠠᠷᠤᠢ ᠣᠪᠤᠭ ᠠᠢᠢᠮᠠᠭ ᠢ ᠨᠢᠭᠡᠳᠬᠡᠨ ᠶᠡᠬᠡ ᠮᠣᠩ᠋ᠭᠣᠯ ᠤᠯᠤᠰ ᠢᠶᠠᠨ ᠪᠠᠢᠢᠭᠤᠯᠵᠤ᠂ ᠤᠯᠠᠮ ᠢᠶᠠᠷ ᠠᠯᠳᠠᠷ ᠰᠤᠤᠲᠤ ᠡᠪᠦᠭᠡ ᠳᠡᠭᠡᠳᠦᠰ ᠮᠢᠨᠢ ᠳᠡᠯᠡᠬᠡᠢ ᠢᠢᠨ ᠲᠠᠯ᠎ᠠ ᠢᠢ ᠡᠷᠬᠡᠰᠢᠶᠡᠭᠰᠡᠨ ᠨᠢ ᠮᠣᠩ᠋ᠭᠣᠯ ᠴᠡᠷᠢᠭ ᠦᠨ ᠲᠡᠦᠬᠡ ᠪᠢᠯᠡ᠃
ᠮᠣᠩ᠋ᠭᠣᠯ ᠤᠨ ᠨᠡᠩ ᠰᠢᠨ᠎ᠡ ᠦᠶ᠎ᠡ ᠢᠢᠨ ᠲᠡᠦᠬᠡ – 1911 ᠣᠨ ᠤ ᠦᠨᠳᠦᠰᠦᠨ ᠦ ᠴᠢᠯᠦᠭᠡᠯᠡᠬᠦ ᠪᠣᠯᠤᠨ 1921 ᠣᠨ ᠤ ᠠᠷᠠᠳ ᠤᠨ ᠬᠤᠪᠢᠰᠬᠠᠯ᠂ ᠬᠠᠯᠬ᠎ᠠ ᠢᠢᠨ ᠭᠣᠣᠯ ᠤᠨ ᠪᠠᠢᠢᠯᠳᠤᠭᠠᠨ᠂ ᠴᠢᠯᠦᠭᠡᠯᠡᠬᠦ ᠳᠠᠢᠢᠨ᠂ ᠪᠠᠷᠠᠭᠤᠨ ᠬᠢᠯᠢ ᠳᠡᠭᠡᠷᠡᠬᠢ ᠲᠤᠯᠭᠠᠷᠠᠯᠲᠠ ᠨᠤᠭᠤᠳ ᠨᠢ ᠰᠢᠨ᠎ᠡ ᠲᠤᠯᠭᠤᠷ ᠲᠤᠰᠠᠭᠠᠷ ᠲᠣᠭᠲᠠᠨᠢᠭᠰᠠᠨ ᠮᠣᠩ᠋ᠭᠣᠯ ᠤᠯᠤᠰ ᠤᠨ ᠣᠷᠣᠰᠢᠨ ᠲᠣᠭᠲᠠᠨᠢᠬᠤᠢ ᠢᠢᠨ ᠲᠥᠯᠦᠭᠡᠬᠢ ᠲᠡᠮᠡᠴᠡᠯ ᠦᠨ ᠪᠠᠭᠠᠲᠤᠷᠯᠢᠭ ᠬᠠᠭᠤᠳᠠᠰᠤ ᠨᠤᠭᠤᠳ ᠶᠤᠮ᠃
ᠴᠤᠬᠤᠮ ᠳᠠᠭᠠᠨ ᠮᠣᠩ᠋ᠭᠣᠯ ᠴᠡᠷᠢᠭ ᠡᠬᠡ ᠣᠷᠣᠨ ᠢᠶᠠᠨ ᠰᠡᠳᠬᠢᠯ ᠵᠢᠷᠦᠬᠡᠨ ᠳᠥ ᠪᠡᠨ ᠲᠡᠭᠡᠭᠡᠵᠦ᠂ ᠠᠮᠢ ᠪᠡᠶ᠎ᠡ ᠪᠡᠨ ᠦᠯᠦ ᠬᠠᠢᠢᠷᠠᠯᠠᠨ ᠬᠠᠮᠠᠭᠠᠯᠠᠨ ᠲᠡᠮᠡᠴᠡᠵᠦ ᠢᠷᠡᠭᠰᠡᠨ ᠦ ᠦᠷ᠎ᠡ ᠪᠡᠷ ᠲᠤᠰᠠᠭᠠᠷ ᠲᠣᠭᠲᠠᠨᠢᠯ ᠨᠠᠢᠢᠳᠠᠪᠤᠷᠢᠲᠠᠢ ᠬᠠᠮᠠᠭᠠᠯᠠᠭᠳᠠᠵᠤ ᠢᠷᠡᠭᠰᠡᠨ ᠪᠢᠯᠡ᠃
ᠵᠡᠪᠰᠡᠭᠲᠦ ᠬᠦᠴᠦᠨ ᠮᠠᠨᠢ ᠲᠡᠦᠬᠡ ᠢᠢᠨ ᠪᠦᠬᠦᠢ ᠯᠠ ᠦᠶ᠎ᠡ ᠳᠥ ᠡᠬᠡ ᠣᠷᠣᠨᠴᠢ ᠦᠵᠡᠯ᠂ ᠬᠦᠮᠦᠵᠢᠯ ᠦᠨ ᠲᠥᠪ ᠨᠢ ᠪᠠᠢᠢᠵᠤ᠂ ᠮᠢᠩᠭ᠎᠋ᠠ ᠮᠢᠩᠭ᠋ᠠᠨ ᠡᠬᠡ ᠣᠷᠣᠨᠴᠢ ᠢᠢ ᠡᠩᠨᠡᠭᠡᠨ ᠡᠴᠡ ᠪᠡᠨ ᠲᠥᠷᠥᠭᠦᠯᠦᠨ᠂ ᠢᠷᠭᠡᠳ᠂ ᠬᠡᠦᠬᠡᠳ᠂ ᠵᠠᠯᠠᠭᠤᠴᠤᠳ ᠤᠨ ᠡᠬᠡ ᠣᠷᠣᠨᠴᠢ ᠦᠵᠡᠯ ᠢ ᠲᠥᠯᠦᠪᠰᠢᠭᠦᠯᠬᠦ ᠭᠣᠣᠯ ᠬᠦᠳᠡᠯᠭᠡᠬᠦ ᠬᠦᠴᠦ᠂ ᠮᠠᠩᠯᠠᠢᠢᠯᠠᠭᠴᠢ ᠨᠢ ᠪᠣᠯᠵᠤ ᠪᠠᠢᠢᠳᠠᠭ ᠲᠤ ᠮᠣᠩ᠋ᠭᠣᠯ ᠤᠨ ᠲᠥᠷᠥ ᠵᠦᠢ ᠶᠣᠰᠣᠭᠠᠷ ᠲᠠᠯᠠᠷᠬᠠᠵᠤ ᠪᠠᠢᠢᠳᠠᠭ ᠪᠢᠯᠡ᠃
ᠥᠩᠭᠡᠷᠡᠭᠰᠡᠨ 20 ᠵᠢᠯ ᠦᠨ ᠬᠤᠭᠤᠴᠠᠭᠠᠨ ᠳᠤ ᠮᠣᠩ᠋ᠭᠣᠯ ᠤᠯᠤᠰ ᠤᠨ ᠵᠡᠪᠰᠡᠭᠲᠦ ᠬᠦᠴᠦᠨ ᠦ ᠴᠡᠷᠢᠭ ᠦᠨ 20356 ᠠᠯᠪᠠ ᠬᠠᠭᠠᠭᠴᠢ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠡᠩᠬᠡ ᠢᠢ ᠰᠠᠬᠢᠭᠤᠯᠬᠤ ᠪᠣᠯᠤᠨ ᠣᠯᠠᠨ ᠤᠯᠤᠰ ᠤᠨ ᠴᠡᠷᠢᠭ ᠦᠨ ᠠᠵᠢᠯᠯᠠᠭᠠᠨ ᠳᠤ ᠣᠷᠣᠯᠴᠠᠵᠤ᠂ ᠳᠠᠶᠠᠩ ᠳᠡᠯᠡᠬᠡᠢ ᠢᠢᠨ ᠡᠩᠬᠡ ᠲᠠᠢᠢᠪᠤᠩ᠂ ᠠᠮᠤᠷ ᠠᠮᠤᠭᠤᠯᠠᠩ ᠤᠨ ᠲᠥᠯᠦᠭᠡᠬᠢ ᠦᠢᠯᠡᠰ ᠲᠥ ᠬᠦᠴᠤᠨ ᠵᠢᠳᠬᠦᠯ᠎ᠠ᠃
ᠡᠭᠦᠨ ᠦ ᠦᠷ᠎ᠡ ᠳ᠋ᠦᠡᠭ ᠳᠥ ᠮᠠᠨ ᠤ ᠤᠯᠤᠰ ᠳᠡᠯᠡᠬᠡᠢ ᠢᠢᠨ ᠴᠡᠷᠢᠭ ᠬᠠᠨᠳᠢᠪᠯᠠᠭᠴᠢ ᠲᠡᠷᠢᠭᠦᠯᠡᠭᠴᠢ ᠣᠷᠣᠨ ᠨᠤᠭᠤᠳ ᠤᠨ ᠲᠣᠭᠠᠨ ᠳᠤ ᠵᠦᠢ ᠶᠣᠰᠣᠭᠠᠷ ᠪᠠᠭᠠᠳᠬᠤ ᠪᠣᠯᠤᠭᠰᠠᠨ ᠨᠢ ᠪᠠᠰᠠ ᠨᠢᠭᠡᠨ ᠪᠠᠬᠠᠷᠬᠠᠮ᠎ᠠ ᠦᠵᠡᠭᠦᠯᠦᠯᠲᠡ ᠶᠤᠮ᠃
ᠥᠨᠥᠳᠥᠷ ᠵᠡᠪᠰᠡᠭᠲᠦ ᠬᠦᠴᠦᠨ ᠤᠯᠤᠰ ᠤᠨ ᠢᠶᠠᠨ ᠰᠲ᠋ᠷᠠᠲ᠋ᠧᠭᠢ ᠢᠢᠨ ᠲᠣᠮᠣᠬᠠᠨ ᠪᠦᠲᠦᠭᠡᠨ ᠪᠠᠢᠢᠭᠤᠯᠤᠯᠲᠠ ᠨᠤᠭᠤᠳ ᠪᠣᠯᠤᠨ ᠡᠺᠣᠯᠣᠭᠢ  ᠤᠨ ᠳᠣᠷᠣᠢᠢᠲᠠᠯ᠂ ᠴᠥᠯᠵᠢᠯᠲᠡ ᠲᠡᠢ ᠲᠡᠮᠡᠴᠡᠬᠦ ᠦᠨᠳᠦᠰᠦᠨ ᠦ ᠬᠥᠳᠡᠯᠭᠡᠭᠡᠨ ᠳᠥ ᠢᠳᠡᠪᠬᠢᠲᠡᠢ ᠣᠷᠣᠯᠴᠠᠨ ᠣᠯᠠᠨ ᠲᠠᠯᠠᠲᠤ ᠡᠭᠦᠷᠭᠡ ᠪᠡᠨ ᠨᠡᠷ᠎ᠡ ᠲᠥᠷᠥ ᠲᠡᠢ ᠪᠡᠶᠡᠯᠡᠭᠦᠯᠵᠦ ᠪᠠᠢᠢᠭᠠ ᠳ᠋ᠤ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠢᠢᠨ ᠬᠤᠪᠢ ᠳᠤ ᠪᠠᠶᠠᠷᠲᠠᠢ ᠪᠠᠢᠢᠨ᠎ᠠ᠃
ᠲᠥᠷᠥ ᠢᠢᠨ ᠴᠡᠷᠢᠭ ᠦᠨ ᠪᠠᠢᠢᠭᠤᠯᠤᠯᠭ᠎ᠠ ᠨᠤᠭᠤᠳ ᠤᠨ ᠠᠯᠪᠠᠨ ᠬᠠᠭᠠᠭᠴᠢᠳ ᠲᠠ ᠪᠦᠬᠦᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠳᠡᠪᠰᠢᠭᠦᠯᠦᠭᠰᠡᠨ ᠥᠨᠳᠥᠷ ᠪᠡᠯᠡᠳᠬᠡᠯᠵᠢᠯᠲᠡ ᠲᠡᠢ ᠮᠡᠷᠭᠡᠵᠢᠯ ᠦᠨ ᠪᠡᠶ᠎ᠡ ᠪᠦᠷᠢᠯᠳᠦᠬᠦᠨ ᠲᠡᠢ᠂ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠳᠡᠪᠰᠢᠯ ᠳᠥ ᠰᠠᠭᠤᠷᠢᠯᠠᠭᠰᠠᠨ ᠣᠷᠴᠢᠨ ᠦᠶ᠎ᠡ ᠢᠢᠨ ᠵᠡᠪᠰᠡᠭᠯᠡᠯ᠂ ᠲᠧᠭᠨᠢᠭ ᠪᠦᠬᠦᠢ ᠴᠢᠳᠠᠪᠤᠷᠢᠯᠢᠭ᠋᠋ ᠵᠡᠪᠰᠡᠭᠲᠦ ᠬᠦᠴᠦᠨ ᠢ ᠪᠡᠬᠢᠵᠢᠭᠦᠯᠦᠨ ᠬᠥᠭ᠍ᠵᠢᠭᠦᠯᠬᠦ ᠵᠣᠷᠢᠯᠭ᠎ᠠ᠂ ᠵᠣᠷᠢᠯᠲᠠ ᠨᠤᠭᠤᠳ ᠢ ᠬᠠᠮᠲᠤ ᠢᠢᠨ ᠬᠦᠴᠦᠨ ᠴᠢᠷᠮᠠᠢᠢᠯᠲᠠ᠂ ᠢᠳᠡᠪᠬᠢ ᠰᠠᠨᠠᠭᠠᠴᠢᠯᠠᠭ᠎ᠠ᠂ ᠰᠢᠨᠡᠯᠡᠭ ᠰᠡᠳᠬᠢᠯᠭᠡ᠂ ᠰᠢᠨ᠎ᠡ ᠠᠷᠭ᠎ᠠ ᠪᠠᠷᠢᠯ ᠢᠶᠠᠷ ᠠᠮᠵᠢᠯᠲᠠ ᠲᠠᠢ ᠬᠡᠷᠡᠭᠵᠢᠭᠦᠯᠦᠨ᠎ᠡ ᠭᠡᠳᠡᠭ ᠲᠥ ᠢᠲᠡᠭᠡᠯ ᠲᠡᠭᠦᠰ ᠪᠠᠢᠢᠨ᠎ᠠ᠃
ᠡᠬᠡ ᠣᠷᠣᠨ ᠢᠶᠠᠨ ᠪᠠᠲᠤᠯᠠᠨ ᠬᠠᠮᠠᠭᠠᠯᠠᠬᠤ ᠡᠭᠦᠷᠭᠡ ᠪᠡᠨ ᠨᠡᠷ᠎ᠡ ᠲᠥᠷᠥ ᠲᠡᠢ ᠭᠦᠢᠴᠡᠳᠭᠡᠵᠦ᠂ ᠴᠡᠷᠢᠭ ᠦᠨ ᠰᠢᠨᠡᠴᠢᠯᠡᠯ ᠦᠨ ᠪᠣᠳᠣᠯᠭ᠎ᠠ ᠢᠢ ᠲᠤᠭᠤᠱᠢᠲᠠᠢ ᠬᠡᠷᠡᠭᠵᠢᠭᠦᠯᠵᠦ ᠪᠠᠢᠢᠭ᠎ᠠ ᠲᠠ ᠪᠦᠬᠦᠨ ᠦ ᠴᠢᠨᠠᠭᠰᠢᠳᠠ ᠢᠢᠨ ᠠᠯᠪᠠᠨ ᠳᠤ ᠠᠮᠵᠢᠯᠲᠠ᠂ ᠠᠮᠢᠳᠤᠷᠠᠯ ᠳᠤ ᠲᠠᠨᠢ ᠠᠵᠠ ᠵᠢᠷᠭᠠᠯ᠂ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃
ᠮᠣᠩ᠋ᠭᠣᠯ ᠤᠯᠤᠰ ᠤᠨ ᠢᠶᠠᠨ ᠲᠤᠰᠠᠭᠠᠷ ᠲᠣᠭᠲᠠᠨᠢᠯ᠂ ᠠᠶᠤᠯ ᠦᠭᠡᠢ ᠪᠠᠢᠢᠳᠠᠯ ᠤᠨ ᠲᠥᠯᠥᠭᠡ ᠬᠢᠵᠦ ᠪᠦᠲᠦᠭᠡᠭ᠍ᠰᠡᠨ ᠠᠵᠢᠯ ᠦᠢᠯᠡᠰ᠂ ᠪᠠᠢᠢᠭᠤᠯᠤᠭᠰᠠᠨ ᠠᠯᠳᠠᠷ ᠭᠠᠪᠢᠶᠠᠨ ᠤ ᠪᠠᠨ ᠲᠤᠬᠠᠢ ᠳᠤᠷᠠᠰᠤᠨ ᠶᠠᠷᠢᠯᠴᠠᠵᠤ᠂ ᠪᠠᠶᠠᠷ ᠢᠶᠠᠨ ᠲᠡᠮᠳᠡᠭᠯᠡᠬᠦ ᠪᠡᠷ ᠡᠩᠭᠡᠷ ᠳᠦᠭᠦᠷᠡᠩ ᠣᠳᠣᠨ᠂ ᠮᠧᠳᠠᠯ ᠲᠠᠢ᠂ ᠨᠢᠭᠤᠷ ᠳᠦᠭᠦᠷᠡᠩ ᠪᠠᠶᠠᠷ ᠤᠨ ᠮᠢᠰᠢᠶᠡᠯ ᠲᠠᠢ ᠬᠤᠷᠠᠨ ᠴᠤᠭᠯᠠᠷᠠᠭᠰᠠᠨ ᠠᠬᠠᠮᠠᠳ ᠪᠤᠭᠤᠷᠤᠯ ᠤᠳ᠂ ᠪᠡᠯᠡᠳᠬᠡᠯ ᠪᠣᠯᠤᠨ ᠴᠢᠯᠦᠭᠡᠨ ᠳᠥ ᠪᠠᠢᠢᠭ᠎ᠠ ᠭᠧᠨᠧᠷᠠᠯ᠂ ᠣᠹᠢᠼᠧᠷ᠂ ᠠᠬᠠᠯᠠᠭᠴᠢ ᠨᠠᠷ᠂ ᠲᠡᠳᠡᠨ ᠦ ᠵᠠᠯᠭᠠᠮᠵᠢ ᠬᠠᠯᠠᠭ᠎ᠠ ᠪᠣᠯᠤᠭᠰᠠᠨ ᠨᠡᠢᠢᠲᠡ ᠪᠡᠶ᠎ᠡ ᠪᠦᠷᠢᠯᠳᠦᠬᠦᠨ ᠳᠥ ᠪᠣᠯᠤᠨ ᠴᠡᠷᠢᠭ ᠳᠠᠢᠢᠴᠢᠳ ᠤᠨ ᠪᠠᠲᠤ ᠪᠡᠬᠢ ᠠᠷᠤ ᠲᠠᠯ᠎ᠠ ᠨᠢ ᠪᠣᠯᠤᠭᠰᠠᠨ ᠠᠪᠤ᠂ ᠡᠵᠢ᠂ ᠠᠬᠠᠨ ᠳᠡᠭᠦᠰ᠂ ᠭᠡᠷ ᠪᠦᠯᠢ᠂ ᠦᠷ᠎ᠡ ᠬᠡᠦᠬᠡᠳ ᠦᠳ ᠲᠥ ᠨᠢ ᠳᠠᠬᠢᠨ ᠪᠠᠶᠠᠷ ᠤᠨ ᠮᠡᠨᠳᠦ ᠬᠦᠷᠭᠡᠵᠦ᠂ ᠴᠢᠡᠭ ᠰᠡᠳᠬᠢᠯ ᠦᠨ ᠲᠠᠯᠠᠷᠬᠠᠯ ᠢᠯᠡᠷᠬᠡᠢᠢᠯᠡᠶ᠎ᠡ᠃
ᠮᠣᠩ᠋ᠭᠣᠯ ᠲᠥᠷᠥ ᠢᠢᠨ ᠪᠠᠭᠠᠨ᠎ᠠ ᠪᠠᠲᠤ ᠪᠡᠬᠢ ᠣᠷᠣᠰᠢᠵᠤ᠂
ᠮᠣᠩ᠋ᠭᠣᠯ ᠴᠡᠷᠢᠭ ᠦᠨ ᠰᠦᠯᠳᠡ ᠬᠡᠢᠢᠮᠣᠷᠢ ᠦᠶ᠎ᠡ ᠢᠢᠨ ᠦᠶ᠎ᠡ ᠳᠥ ᠮᠠᠨᠳᠤᠨ ᠪᠠᠳᠠᠷᠠᠲᠤᠭᠠᠢ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳᠠᠯᠠᠭᠴᠢ ᠤ᠊᠂ ᠬᠦᠷᠡᠯᠰᠦᠬᠡ