Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦᠬᠡ ᠳᠥ ᠣᠯᠠᠨ ᠤᠯᠤᠰ ᠤᠨ ᠸᠠᠯᠦ᠋ᠲ᠋ ᠢᠢᠨ ᠪᠠᠶᠢᠭᠤᠯᠤᠯᠭ᠎ᠠ ᠶᠢᠨ ᠮᠣᠩ᠋ᠭᠣᠯ ᠢ ᠬᠠᠷᠢᠭᠤᠴᠠᠭᠰᠠᠨ ᠠᠵᠢᠯ ᠤᠨ ᠬᠡᠰᠡᠭ ᠦᠨ ᠲᠥᠯᠥᠭᠡᠯᠡᠯ ᠪᠠᠷᠠᠭᠠᠯᠬᠠᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠦᠰᠦᠬᠡ ᠳᠥ ᠣᠯᠠᠨ ᠤᠯᠤᠰ ᠤᠨ ᠸᠠᠯᠦ᠋ᠲ᠋ ᠢᠢᠨ ᠰᠠᠨᠭ᠌ /ᠣᠯᠠᠨ ᠤᠯᠤᠰ ᠤᠨ ᠸᠠᠯᠦ᠋ᠲ᠋ ᠢᠢᠨ ᠰᠠᠨᠭ᠌/ ᠍ ᠦᠨ ᠮᠣᠩ᠋ᠭᠣᠯ ᠢ ᠬᠠᠷᠢᠭᠤᠴᠠᠭᠰᠠᠨ ᠠᠵᠢᠯ ᠤᠨ ᠬᠡᠰᠡᠭ ᠦᠨ ᠠᠬᠠᠯᠠᠭᠴᠢ ᠠᠩᡁᠠᠨ᠎ᠠ ᠪᠠᠨᠧᠷᠵᠢ ᠪᠣᠯᠤᠨ ᠮᠣᠩ᠋ᠭᠣᠯ ᠤᠯᠤᠰ ᠳᠠᠬᠢ ᠰᠠᠭᠤᠷᠢᠨ ᠲᠥᠯᠥᠭᠡᠯᠡᠭᠴᠢ ᠶᠦᠩ ᠰᠣᠺ ᠬᠢᠶᠣᠨ ᠨᠠᠷ ᠪᠠᠷᠠᠭᠠᠯᠬᠠᠯ ᠠ᠃

ᠠᠭᠤᠯᠵᠠᠯᠲᠠ ᠢᠢᠨ ᠦᠶ᠎ᠡ ᠪᠡᠷ ᠶᠡᠷᠦᠩᠬᠡᠢᠢᠯᠡᠭᠴᠢ ᠤ᠊ ∙ ᠬᠦᠷᠡᠯᠰᠦ᠋ᠬᠡ ᠮᠣᠩ᠋ᠭᠣᠯ ᠤᠯᠤᠰ ᠪᠣᠯᠤᠨ ᠣᠯᠠᠨ ᠤᠯᠤᠰ ᠤᠨ ᠸᠠᠯᠦ᠋ᠲ᠋ ᠢᠢᠨ ᠰᠠᠩ ᠬᠣᠭᠣᠷᠣᠨᠳᠣ ᠢᠢᠨ ᠦᠷ᠎ᠡ ᠳ᠋ᠦᠩ ᠲᠡᠢ ᠬᠠᠮᠲᠤ ᠢᠢᠨ ᠠᠵᠢᠯᠯᠠᠭ᠎ᠠ᠂ ᠢᠯᠠᠩᠭ᠋ᠤᠶ᠎ᠠ ᠥᠩᠭᠡᠷᠡᠭᠰᠡᠨ ᠵᠢᠯ ᠦᠳ ᠲᠥ ᠬᠠᠮᠲᠤᠷᠠᠨ ᠬᠡᠷᠡᠭᠵᠢᠭᠦᠯᠦᠭᠰᠡᠨ ᠪᠣᠳᠣᠯᠭ᠎ᠠ᠂ ᠷᠧᠹᠤᠷᠮ ᠤᠳ ᠨᠢ ᠮᠣᠩ᠋ᠭᠣᠯ ᠤᠯᠤᠰ ᠤᠨ ᠡᠳ᠋ ᠍ ᠦᠨ ᠵᠠᠰᠠᠭ ᠲᠤ ᠴᠢᠬᠤᠯᠠ ᠡᠭᠦᠷᠭᠡ ᠭᠦᠢᠴᠡᠳᠭᠡᠭ᠍ᠰᠡᠨ ᠢ ᠣᠨᠴᠠᠯᠠᠯ᠎ᠠ᠃

ᠴᠠᠷ᠎ᠠ ᠲᠠᠬᠤᠯ ᠤᠨ ᠡᠮᠦᠨᠡᠬᠢ ᠵᠢᠯ ᠦᠳ ᠲᠥ ᠬᠠᠮᠲᠤᠷᠠᠨ ᠬᠡᠷᠡᠭᠵᠢᠭᠦᠯᠦᠭᠰᠡᠨ ᠪᠣᠳᠣᠯᠭ᠎ᠠ ᠢᠢᠨ ᠦᠷ᠎ᠡ ᠳ᠋ᠦᠩ ᠳᠥ ᠡᠳ᠋ ᠍ ᠦᠨ ᠵᠠᠰᠠᠭ ᠲᠣᠭᠲᠠᠪᠤᠷᠢᠵᠢᠵᠤ᠂ ᠸᠠᠯᠦ᠋ᠲ᠋ ᠢᠢᠨ ᠨᠥᠭᠡᠴᠡ ᠨᠡᠮᠡᠭᠳᠡᠨ᠂ ᠲᠥᠰᠦᠪ ᠭᠤᠷᠪᠠᠨ ᠵᠢᠯ ᠳᠠᠷᠠᠭᠠᠯᠠᠨ ᠠᠰᠢᠭᠲᠠᠢ ᠭᠠᠷᠴᠤ᠂ ᠵᠠᠰᠠᠭ ᠤᠨ ᠭᠠᠵᠠᠷ ᠤᠨ ᠥᠢᠷ ᠠ᠋ ᠢᠢᠨ ᠳᠣᠲᠣᠭᠠᠳᠤ ᠢᠢᠨ ᠨᠡᠢᠢᠲᠡ ᠪᠦᠲᠦᠭᠡᠭ᠍ᠳᠡᠬᠦᠨ ᠳᠥ ᠡᠵᠡᠯᠡᠬᠦ ᠬᠤᠪᠢ 20 ᠣᠷᠴᠢᠮ ᠨᠢᠭᠡᠴᠡ ᠪᠡᠷ ᠪᠠᠭᠤᠷᠴᠢ᠂ ᠬᠥᠷᠦᠩᠭᠡ ᠣᠷᠣᠭᠤᠯᠤᠭᠴᠢᠳ ᠤᠨ ᠢᠲᠡᠭᠡᠯ ᠡᠷᠡᠰ ᠰᠠᠢᠢᠵᠢᠷᠠᠵᠤ ᠪᠠᠢᠢᠭᠰᠠᠨ ᠢ ᠣᠨᠴᠠᠯᠠᠪᠠ᠃

ᠮᠣᠩ᠋ᠭᠣᠯ ᠤᠯᠤᠰ ᠴᠠᠷ᠎ᠠ ᠲᠠᠬᠤᠯ ᠤᠨ ᠡᠮᠦᠨᠡᠬᠢ ᠵᠢᠯ ᠦᠳ ᠲᠥ ᠣᠯᠠᠨ ᠤᠯᠤᠰ ᠤᠨ ᠸᠠᠯᠦ᠋ᠲ᠋ ᠢᠢᠨ ᠰᠠᠩ ᠪᠣᠯᠤᠨ ᠪᠤᠰᠤᠳ ᠬᠣᠶᠠᠷ ᠲᠠᠯ᠎ᠠ ᠲᠤ ᠪᠣᠯᠤᠨ ᠣᠯᠠᠨ ᠲᠠᠯ ᠠ᠋ ᠲᠤ ᠲᠦᠩᠱᠢ ᠲᠡᠢ ᠪᠡᠨ ᠬᠠᠮᠲᠤᠷᠠᠨ ᠡᠳ᠋ ᠍ ᠦᠨ ᠵᠠᠰᠠᠭ ᠤᠨ ᠪᠣᠳᠣᠯᠭ᠎ᠠ ᠢᠢᠨ ᠵᠥᠪ ᠮᠧᠨᠧᠵᠮᠧᠨ᠋ᠲ᠂ ᠰᠢᠨᠡᠴᠢᠯᠡᠯ ᠬᠢᠬᠦ ᠵᠠᠮ ᠢᠶᠠᠷ ᠲᠥᠰᠦᠪ᠂ ᠰᠠᠩᠬᠦᠦ ᠢᠢᠨ ᠲᠣᠳᠣᠷᠬᠠᠢ ᠣᠷᠣᠨ ᠵᠠᠢ ᠡᠭᠦᠰᠬᠡᠵᠦ ᠴᠢᠳᠠᠭᠰᠠᠨ ᠨᠢ ᠴᠠᠷ ᠲᠠᠬᠤᠯ ᠤᠨ ᠡᠰᠡᠷᠡᠭ ᠲᠡᠮᠡᠴᠡᠯ ᠳᠥ ᠲᠤᠢᠢᠯ ᠤᠨ ᠴᠢᠬᠤᠯᠠ ᠡᠭᠦᠷᠭᠡ ᠭᠦᠢᠴᠡᠳᠭᠡᠭ᠍ᠰᠡᠨ ᠢ ᠶᠡᠷᠦᠩᠬᠡᠢᠢᠯᠡᠭᠴᠢ ᠤ᠊ ∙ ᠬᠦᠷᠡ᠋ᠯᠰᠦ᠋ᠬᠡ ᠣᠨᠴᠠᠯᠠᠪᠠ᠃

ᠣᠯᠠᠨ ᠤᠯᠤᠰ ᠤᠨ ᠸᠠᠯᠦ᠋ᠲ᠋ ᠢᠢᠨ ᠰᠠᠨᠭ᠌ ᠦᠨ ᠵᠦᠭ ᠡᠴᠡ ᠮᠣᠩ᠋ᠭᠣᠯ ᠤᠯᠤᠰ ᠤᠨ ᠡᠳ᠋ ᠍ ᠦᠨ ᠵᠠᠰᠠᠭ ᠤᠨ ᠥᠨᠥ ᠢᠢᠨ ᠨᠥᠬᠥᠴᠡᠯ ᠪᠠᠢᠢᠳᠠᠯ᠂ ᠴᠢᠨᠠᠭᠰᠢᠳᠠ ᠢᠢᠨ ᠬᠥᠭ᠍ᠵᠢᠯ ᠦᠨ ᠴᠢᠭ᠌ ᠬᠠᠨᠳᠤᠯᠭ᠎ᠠ ᠢᠢᠨ ᠲᠠᠯ᠎ᠠ ᠪᠠᠷ ᠲᠥᠷᠥ ᠢᠢᠨ ᠲᠡᠷᠢᠭᠦᠨ ᠲᠡᠢ ᠰᠠᠨᠠᠯ ᠰᠣᠯᠢᠯᠴᠠᠵᠤ᠂ ᠣᠯᠠᠨ ᠤᠯᠤᠰ ᠤᠨ ᠸᠠᠯᠦ᠋ᠲ᠋ ᠢᠢᠨ ᠰᠠᠨᠭ᠌ ᠦᠨ ᠲᠥᠯᠥᠭᠡᠯᠡᠯ ᠢ ᠬᠦᠯᠢᠶᠡᠨ ᠠᠪᠴᠤ ᠠᠭᠤᠯᠵᠠᠵᠤ ᠪᠤᠢ ᠳᠤ ᠲᠠᠯᠠᠷᠬᠠᠯ ᠢᠯᠡᠷᠬᠡᠢᠢᠯᠡᠪᠡ᠃

ᠮᠣᠩ᠋ᠭᠣᠯ ᠤᠯᠤᠰ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠰᠥᠷᠭᠦ ᠨᠥᠯᠥᠭᠡ ᠢᠢ ᠪᠠᠭᠤᠷᠠᠭᠤᠯᠬᠤ ᠳᠤ ᠣᠨᠤᠴᠤᠭᠠᠢ ᠠᠩᠬᠠᠷᠴᠤ ᠪᠠᠢᠢᠭ᠎ᠠ ᠢᠢ ᠶᠡᠷᠦᠩᠬᠡᠢᠢᠯᠡᠭᠴᠢ ᠬᠡᠯᠡᠭᠰᠡᠨ ᠪᠣᠯ᠂ ᠣᠯᠠᠨ ᠤᠯᠤᠰ ᠤᠨ ᠸᠠᠯᠦ᠋ᠲ᠋ ᠢᠢᠨ ᠰᠠᠨᠭ᠌ ᠴᠤ ᠡᠭᠦᠨ ᠳᠥ ᠥᠨᠳᠥᠷ ᠠᠴᠢ ᠬᠣᠯᠪᠣᠭᠳᠠᠯ ᠥᠭᠴᠦ ᠪᠠᠢᠢᠭ᠎ᠠ ᠪᠠᠨ ᠢᠯᠡᠷᠬᠡᠢᠢᠯᠡᠵᠦ᠂ ᠴᠢᠨᠠᠭᠰᠢᠳᠠ ᠬᠠᠮᠲᠤᠷᠠᠨ ᠠᠵᠢᠯᠯᠠᠬᠤ ᠪᠣᠯᠤᠮᠵᠢ ᠢᠢᠨ ᠲᠠᠯ᠎ᠠ ᠪᠠᠷ ᠰᠠᠨᠠᠯ ᠰᠤᠯᠢᠯᠴᠠᠪᠠ᠃

ᠡᠴᠦᠰ ᠲᠥ ᠨᠢ ᠶᠡᠷᠦᠩᠬᠡᠢᠢᠯᠡᠭᠴᠢ ᠤ᠊ ∙ ᠬᠦᠷᠡᠯᠰᠦ᠋ᠬᠡ ᠢᠷᠡᠬᠦ ᠵᠢᠯ ᠦᠳ ᠲᠥ ᠮᠣᠩ᠋ᠭᠣᠯ ᠤᠯᠤᠰ 《ᠣᠯᠪᠤᠷᠢᠯᠠᠯᠲᠠ ᠠᠴᠠ ᠪᠣᠯᠪᠠᠰᠤᠷᠠᠭᠤᠯᠤᠯᠲᠠ ᠳᠤ᠂ ᠢᠮᠫᠣᠷᠲ ᠠᠴᠠ ᠡᠺᠰᠫᠣᠷᠲ᠋ ᠲᠤ᠂ ᠬᠠᠯᠠᠮᠵᠢ ᠠᠴᠠ ᠬᠥᠳᠡᠯᠮᠦᠷᠢ ᠳᠥ》 ᠰᠢᠯᠵᠢᠬᠦ ᠰᠠᠭᠤᠷᠢ ᠷᠧᠹᠤᠷᠮ ᠤᠳ ᠢ ᠬᠡᠷᠡᠭᠵᠢᠭᠦᠯᠬᠦ ᠳᠥ ᠣᠯᠠᠨ ᠤᠯᠤᠰ ᠤᠨ ᠸᠠᠯᠦ᠋ᠲ᠋ ᠢᠢᠨ ᠰᠠᠩ ᠪᠣᠯᠤᠨ ᠪᠤᠰᠤᠳ ᠣᠯᠠᠨ ᠤᠯᠤᠰ ᠤᠨ ᠲᠦᠩᠰᠢ ᠪᠠᠢᠢᠭᠤᠯᠤᠯᠭ᠎ᠠ ᠲᠠᠢ ᠦᠷ᠎ᠡ ᠳ᠋ᠦᠩ ᠲᠡᠢ ᠬᠠᠮᠲᠤᠷᠠᠨ ᠠᠵᠢᠯᠯᠠᠨ᠎ᠠ ᠭᠡᠳᠡᠭ ᠲᠥ ᠢᠲᠡᠭᠡᠯ ᠲᠡᠢ ᠪᠠᠢᠢᠭ᠎ᠠ ᠪᠠᠨ ᠢᠯᠡᠷᠬᠡᠢᠢᠯᠡᠵᠦ᠂ ᠠᠵᠢᠯ ᠤᠨ ᠬᠡᠰᠡᠭ ᠦᠨ ᠠᠢᠢᠯᠴᠢᠯᠠᠯ ᠳᠤ ᠠᠮᠵᠢᠯᠲᠠ ᠬᠦᠰᠡᠯ᠎ᠡ᠃