Та "Internet explorer"-ийн сүүлийн хувилбар болох "Microsoft edge"-г ашиглана уу

Хэрэв "Microsoft edge"-г татах бол энд дарж татаж авна уу

《ᠲᠡᠷᠪᠤᠮ ᠮᠣᠳᠤ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊ ∙ ᠰᠣᠳᠦᠪᠠᠭᠠᠲᠤᠷ ᠱᠸᠧᠳ᠋ ᠢᠢᠨ ᠬᠠᠭᠠᠨᠲᠤ ᠤᠯᠤᠰ ᠲᠤ ᠠᠵᠢᠯᠯᠠᠯ᠎ᠠ

ᠮᠣᠩᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊ ∙ ᠰᠣᠳᠦᠪᠠᠭᠠᠲᠤᠷ ᠱᠸᠧᠳ᠋ ᠢᠢᠨ ᠬᠠᠭᠠᠨᠲᠤ ᠤᠯᠤᠰ ᠤᠨ ᠣᠢ ᠰᠤᠳᠤᠯᠤᠯ ᠤᠨ ᠬᠦᠷᠢᠶᠡᠯᠡᠩ ᠦᠨ ᠡᠺᠧᠪᠠ ᠳᠠᠬᠢ ᠲᠤᠷᠰᠢᠯᠲᠠ᠂ ᠰᠤᠳᠤᠯᠭᠠᠨ ᠤ ᠲᠥᠪ᠂ ᠱᠸᠧᠳ᠋ ᠲᠥ ᠲᠥᠪ ᠲᠡᠢ ᠨᠣᠷᠳᠢᠺ ᠤᠨ ᠭᠧᠨᠧᠲ᠋ᠢᠺ ᠨᠥᠭᠡᠴᠡ ᠢᠢᠨ ᠲᠥᠪ᠂ ᠲᠥᠷᠥ ᠢᠢᠨ ᠥᠮᠴᠢ ᠢᠢᠨ ᠣᠢ ᠢᠢᠨ ᠠᠵᠤ ᠠᠬᠤᠢ ᠢᠢᠨ 《ᠰᠸᠧᠠᠰᠺᠤᠭ》 ᠺᠣᠮᠫᠠᠨᠢ ᠢᠢᠨ ᠬᠠᠯᠯᠰᠪᠧᠺᠭ ᠳᠠᠬᠢ ᠮᠣᠳᠣ ᠦᠷᠡᠵᠢᠭᠦᠯᠭᠡ ᠢᠢᠨ ᠭᠠᠵᠠᠷ ᠲᠤ ᠲᠤᠰ ᠲᠤᠰ ᠠᠵᠢᠯᠯᠠᠯ᠎ᠠ᠃

ᠱᠸᠧᠳ᠋ ᠤᠯᠤᠰ ᠲᠤ ᠮᠣᠳᠣ ᠢᠢ 《ᠨᠣᠭᠣᠭᠠᠨ ᠠᠯᠲᠠ》 ᠬᠡᠮᠡᠨ ᠨᠡᠷᠡᠯᠡᠳᠡᠭ ᠪᠥᠭᠡᠳ ᠣᠢ ᠢᠢ ᠲᠠᠷᠢᠵᠤ ᠤᠷᠭᠤᠭᠤᠯᠬᠤ᠂ ᠨᠥᠬᠦᠨ ᠰᠡᠷᠭᠦᠭᠡᠬᠦ ᠵᠠᠮ ᠢᠶᠠᠷ ᠣᠢ ᠢᠢᠨ ᠨᠥᠭᠡᠴᠡ ᠪᠡᠨ ᠡᠳ᠋ ᠍ ᠦᠨ ᠵᠠᠰᠠᠭ ᠤᠨ ᠡᠷᠭᠢᠯᠲᠡ ᠳᠥ ᠣᠷᠣᠭᠤᠯᠤᠭᠰᠠᠨ ᠠᠷᠪᠢᠨ ᠲᠤᠷᠰᠢᠯᠭ᠎ᠠ ᠲᠠᠢ᠃

ᠲᠤᠰ ᠤᠯᠤᠰ ᠤᠨ ᠣᠢ ᠰᠤᠳᠤᠯᠤᠯ ᠤᠨ ᠬᠦᠷᠢᠶᠡᠯᠡᠩ ᠨᠢ ᠣᠢ ᠢᠢᠨ ᠮᠧᠨᠧᠵᠮᠧᠨ᠋ᠲ᠂ ᠡᠳ᠋ ᠍ ᠦᠨ ᠵᠠᠰᠠᠭ᠂ ᠪᠦᠲᠦᠴᠡ᠂ ᠵᠣᠬᠢᠶᠠᠨ ᠪᠠᠢᠢᠭᠤᠯᠤᠯᠲᠠ᠂ ᠣᠢ ᠢᠢᠨ ᠭᠧᠨᠧᠲ᠋ᠢᠺ᠂ ᠡᠺᠣᠰᠢᠰᠲ᠋ᠧᠮ ᠳ᠋ᠡᠬᠢ ᠦᠢᠯᠡᠴᠢᠯᠡᠯ ᠵᠡᠷᠭᠡ ᠢᠢ ᠬᠠᠮᠤᠷᠤᠭᠰᠠᠨ ᠰᠠᠭᠤᠷᠢ ᠰᠤᠳᠤᠯᠭ᠎ᠠ ᠢᠢ ᠬᠢᠵᠦ᠂ ᠬᠡᠷᠡᠭᠯᠡᠭᠡᠨ ᠳᠥ ᠨᠡᠪᠲᠡᠷᠡᠭᠦᠯᠬᠦ ᠴᠢᠭᠯᠡᠯ ᠳᠥ ᠦᠢᠯᠡ ᠠᠵᠢᠯᠯᠠᠭ᠎ᠠ ᠶᠠᠪᠤᠭᠤᠯᠳᠠᠭ ᠲᠠᠯ᠎ᠠ ᠪᠠᠷ ᠢᠶᠠᠨ ᠲᠠᠨᠢᠯᠴᠠᠭᠤᠯᠤᠯ᠎ᠠ᠃
ᠬᠠᠷᠢᠨ ᠱᠸᠧᠳ᠋ ᠲᠥ ᠲᠥᠪ ᠲᠡᠢ ᠨᠣᠷᠳᠢᠺ ᠤᠨ ᠭᠧᠨᠧᠲ᠋ᠢᠺ ᠨᠥᠭᠡᠴᠡ ᠢᠢᠨ ᠲᠥᠪ ᠨᠢ ᠳᠡᠯᠡᠬᠡᠢ ᠢᠢᠨ ᠥᠨᠴᠦᠭ ᠪᠤᠯᠤᠨᠭ᠌ ᠪᠦᠷᠢ ᠳᠥ ᠤᠷᠭᠤᠳᠠᠭ ᠨᠢᠭᠡ ᠰᠠᠶ᠎ᠠ ᠭᠠᠷᠤᠢ ᠰᠢᠷᠬᠡᠭ᠌ ᠤᠷᠭᠤᠮᠠᠯ ᠤᠨ ᠦᠷ᠎ᠡ ᠢᠢ ᠬᠠᠳᠠᠭᠠᠯᠠᠳᠠᠭ ᠪᠥᠭᠡᠳ ᠰᠤᠷᠭᠠᠯᠲᠠ᠂ ᠰᠤᠳᠤᠯᠭ᠎ᠠ ᠪᠣᠯᠤᠨ ᠲᠠᠷᠢᠴᠠ ᠦᠷᠡᠵᠢᠭᠦᠯᠭᠡ ᠢᠢᠨ ᠵᠣᠷᠢᠭᠤᠯᠤᠯᠲᠠ ᠪᠠᠷ ᠦᠷ ᠡ᠋ ᠪᠡᠡ ᠨᠡᠢᠢᠯᠡᠭᠦᠯᠳᠡᠭ ᠪᠠᠢᠢᠨ᠎ᠠ᠃ ᠨᠣᠷᠳᠢᠺ ᠤᠨ ᠭᠧᠨᠧᠲ᠋ᠢᠺ ᠨᠥᠭᠡᠴᠡ ᠢᠢᠨ ᠲᠥᠪ ᠦᠨ ᠭᠦᠢᠴᠡᠳᠭᠡᠬᠦ ᠵᠠᠬᠢᠷᠤᠯ ᠯᠢᠽ ᠯᠶᠤᠢᠺᠺᠧ ᠰᠲ᠋ᠧᠹᠹᠧᠨ᠋ᠰᠧᠨ ᠬᠡᠯᠡᠬᠦ ᠳᠥ ᠪᠡᠨ᠂ 《ᠣᠢ ᠢᠢᠨ ᠡᠺᠣᠰᠢᠰᠲ᠋ᠧᠮ ᠳᠥ ᠪᠢᠣᠯᠣᠭᠢ ᠢᠢᠨ ᠣᠯᠠᠨ ᠶᠠᠩᠵᠤ ᠪᠠᠢᠢᠳᠠᠯ ᠣᠨᠤᠴᠤᠭᠠᠢ ᠴᠢᠬᠤᠯᠠ ᠪᠥᠭᠡᠳ ᠣᠯᠠᠨ ᠲᠥᠷᠦᠯ ᠦᠨ ᠮᠣᠳᠣ᠂ ᠤᠷᠭᠤᠮᠠᠯ ᠪᠦᠬᠦᠢ ᠣᠢ ᠢᠯᠡᠭᠦᠦ ᠡᠷᠡᠭᠦᠯ᠂ ᠲᠡᠰᠪᠦᠷᠢᠲᠡᠢ ᠪᠠᠢᠢᠳᠠᠭ᠃ ᠡᠢᠢᠮᠦ ᠤᠴᠢᠷ ᠠᠴᠠ ᠤᠯᠤᠰ ᠣᠷᠣᠨ ᠪᠦᠷᠢ ᠭᠧᠨᠧᠲ᠋ᠢᠺ ᠨᠥᠭᠡᠴᠡ ᠪᠡᠨ ᠬᠠᠮᠠᠭᠠᠯᠠᠬᠤ ᠳᠤ ᠠᠩᠬᠠᠷᠤᠯ ᠬᠠᠨᠳᠤᠭᠤᠯᠬᠤ ᠶᠣᠰᠣᠲᠠᠢ》 ᠬᠡᠮᠡᠨ ᠣᠨᠴᠠᠯᠠᠵᠤ ᠪᠠᠢᠢᠪᠠ᠃

ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊ ∙ ᠰᠣᠳᠦᠪᠠᠭᠠᠲᠤᠷ ᠡᠨᠡ ᠦᠶ᠎ᠡ ᠪᠡᠷ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠮᠣᠩᠭᠣᠯ ᠤᠯᠤᠰ ᠲᠤ ᠦᠷ᠎ᠡ ᠢᠢᠨ ᠠᠵᠤ ᠠᠬᠤᠢ ᠪᠠᠢᠢᠭᠤᠯᠬᠤ᠂ ᠤᠷᠭᠤᠮᠠᠯ ᠤᠨ ᠭᠧᠨᠧᠲ᠋ᠢᠺ ᠨᠥᠭᠡᠴᠡ ᠢᠢ ᠬᠠᠮᠠᠭᠠᠯᠠᠬᠤ᠂ ᠨᠡᠮᠡᠭᠳᠡᠭᠦᠯᠬᠦ ᠪᠣᠯᠤᠨ ᠡᠨᠡ ᠴᠢᠭᠯᠡᠯ ᠢᠶᠡᠷ ᠮᠡᠷᠭᠡᠵᠢᠯᠲᠡᠨ ᠨᠦᠭᠦᠳ ᠢᠶᠡᠨ ᠲᠡᠳᠬᠦᠯᠭᠡ ᠲᠥ ᠬᠥᠲᠦᠯᠪᠦᠷᠢ ᠲᠥ ᠬᠠᠮᠤᠷᠤᠭᠤᠯᠬᠤ᠂ ᠮᠡᠷᠭᠡᠵᠢᠯ ᠳᠡᠭᠡᠭ᠍ᠰᠢᠯᠡᠭᠦᠯᠬᠦ ᠪᠣᠯᠤᠮᠵᠢ ᠨᠤᠭᠤᠳ ᠤᠨ ᠲᠠᠯ᠎ᠠ ᠪᠠᠷ ᠰᠠᠨᠠᠯ ᠰᠣᠯᠢᠯᠴᠠᠯ᠎ᠠ᠃
ᠱᠸᠧᠳ᠋ ᠤᠯᠤᠰ ᠨᠢ ᠵᠢᠯ ᠳᠥ 400 ᠰᠠᠶ᠎ᠠ ᠣᠷᠴᠢᠮ ᠮᠣᠳᠣᠨ ᠤ ᠲᠠᠷᠢᠴᠠ᠂ ᠰᠠᠭᠤᠯᠭᠠᠴᠠ ᠪᠡᠯᠡᠳᠬᠡᠳᠡᠭ ᠪᠥᠭᠡᠳ ᠡᠭᠦᠨ ᠦ 140 ᠰᠠᠶ᠎ᠠ ᠢᠢ ᠲᠥᠷᠦ ᠢᠢᠨ ᠥᠮᠴᠢ ᠢᠢᠨ 《ᠰᠸᠧᠠᠰᠺᠤᠭ》ᠺᠣᠮᠫᠠᠨᠢ ᠳᠠᠩ ᠢᠶᠠᠷ ᠢᠶᠠᠨ ᠪᠡᠯᠡᠳᠬᠡᠨ ᠬᠤᠪ ᠤᠨ ᠪᠣᠯᠤᠨ ᠤᠯᠤᠰ ᠤᠨ ᠬᠡᠷᠡᠭᠴᠡᠭᠡᠨ ᠳᠦ ᠨᠡᠢᠢᠯᠡᠭᠦᠯᠵᠦ ᠪᠠᠢᠢᠨ᠎ᠠ᠃ ᠲᠤᠰ ᠺᠣᠮᠫᠠᠨᠢ ᠨᠢ ᠱᠸᠧᠳ᠋ ᠤᠯᠤᠰ ᠤᠨ ᠣᠢ ᠢᠢᠨ ᠰᠠᠩ ᠤᠨ 14 ᠬᠤᠪ ᠢ ᠡᠵᠡᠮᠰᠢᠵᠦ᠂ 2021 ᠣᠨ ᠳᠤ 1.3 ᠲᠡᠷᠪᠤᠮ ᠺᠷᠣᠨ ᠨᠣᠭᠳᠠᠯ ᠠᠰᠢᠭ ᠢ ᠲᠥᠪᠯᠡᠷᠡᠭᠦᠯᠵᠡᠢ᠃

《ᠰᠸᠧᠠᠰᠺᠤᠭ》 ᠺᠣᠮᠫᠠᠨᠢ ᠨᠢ ᠲᠠᠭᠠᠷᠢᠭᠰᠠᠨ ᠨᠢᠭᠡ ᠮᠣᠳᠣ ᠲᠤᠲᠤᠮ ᠳᠤ ᠭᠤᠷᠪᠠᠨ ᠲᠠᠷᠢᠴᠠ ᠰᠠᠭᠤᠯᠭᠠᠬᠤ ᠵᠠᠷᠴᠢᠮ ᠢ ᠪᠠᠷᠢᠮᠲᠠᠯᠠᠳᠠᠭ᠃ ᠬᠠᠯᠯᠰᠪᠧᠺᠭ ᠳᠠᠬᠢ ᠮᠣᠳᠣ ᠦᠷᠡᠵᠢᠭᠦᠯᠭᠡ ᠢᠢᠨ ᠭᠠᠵᠠᠷ ᠨᠢ ᠲᠠᠷᠢᠴᠠ ᠦᠷᠡᠵᠢᠭᠦᠯᠭᠡ ᠢᠢᠨ ᠪᠦᠷᠢᠨ ᠠᠦ᠋ᠲ᠋ᠣᠮᠠᠲ᠋ᠵᠢᠭᠰᠠᠨ ᠲᠧᠭᠨᠣᠯᠣᠭᠢ ᠢᠶᠠᠷ ᠵᠢᠯ ᠳᠥ 20 ᠭᠠᠷᠤᠢ ᠰᠠᠶ᠎ᠠ ᠲᠠᠷᠢᠴᠠ᠂ ᠰᠠᠭᠤᠯᠭᠠᠴᠠ ᠪᠡᠯᠡᠳᠬᠡᠵᠦ ᠪᠠᠢᠢᠨ᠎ᠠ᠃ ᠡᠨᠳᠡ ᠤᠷᠭᠤᠭᠤᠯᠤᠭᠰᠠᠨ ᠲᠠᠷᠢᠴᠠ᠂ ᠰᠠᠭᠤᠯᠭᠠᠴᠠ ᠢᠢ ᠨᠢᠭᠡ ᠵᠢᠯ ᠦᠨ ᠳᠠᠷᠠᠭ᠎ᠠ ᠲᠠᠷᠢᠬᠤ ᠳᠤ ᠪᠡᠯᠡᠨ ᠪᠣᠯᠳᠠᠭ ᠬᠡᠮᠡᠨ ᠲᠠᠨᠢᠯᠴᠠᠭᠤᠯᠤᠯ᠎ᠠ᠃
ᠮᠣᠩᠭᠣᠯ ᠤᠯᠤᠰ ᠲᠤ ᠣᠳᠣ ᠪᠠᠷ 200 ᠭᠠᠷᠤᠢ ᠮᠣᠳᠣ ᠦᠷᠡᠵᠢᠭᠦᠯᠭᠡ ᠢᠢᠨ ᠭᠠᠵᠠᠷ ᠠᠵᠢᠯᠯᠠᠵᠤ ᠪᠠᠢᠢᠭ᠎ᠠ ᠪᠥᠭᠡᠳ ᠵᠢᠯ ᠳᠥ 10 ᠰᠠᠶ᠎ᠠ ᠣᠷᠴᠢᠮ ᠲᠠᠷᠢᠴᠠ᠂ ᠰᠠᠭᠤᠯᠭᠠᠴᠠ ᠨᠡᠢᠢᠯᠡᠭᠦᠯᠬᠦ ᠪᠣᠯᠤᠮᠵᠢ ᠲᠠᠢ᠃ ᠬᠠᠷᠢᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠵᠣᠷᠢᠯᠲᠠ ᠨᠤᠭᠤᠳ ᠢ ᠪᠡᠶᠡᠯᠡᠭᠦᠯᠬᠦ ᠢᠢᠨ ᠲᠤᠯᠠᠳᠠ ᠵᠢᠯ ᠳᠥ ᠬᠠᠮᠤᠭ ᠤᠨ ᠪᠠᠭ᠎ᠠ ᠳᠤ ᠪᠠᠨ 100 ᠰᠠᠶ᠎ᠠ ᠲᠠᠷᠢᠴᠠ᠂ ᠰᠠᠭᠤᠯᠭᠠᠴᠠ ᠪᠡᠯᠡᠳᠬᠡᠬᠦ ᠦᠨᠳᠦᠰᠦᠨ ᠦ ᠴᠢᠳᠠᠪᠬᠢ ᠢ ᠪᠦᠷᠢᠳᠦᠭᠦᠯᠬᠦ ᠱᠠᠭᠠᠷᠳᠠᠯᠭ᠎ᠠ ᠲᠠᠢ ᠶᠤᠮ᠃

ᠡᠢᠢᠮᠦ ᠳᠥ ᠳᠣᠲᠣᠭᠠᠳᠤ ᠢᠢᠨ ᠮᠣᠳᠣ ᠦᠷᠡᠵᠢᠭᠦᠯᠭᠡ ᠢᠢᠨ ᠭᠠᠵᠠᠷ ᠤᠳ ᠤᠨ ᠴᠢᠳᠠᠪᠬᠢ ᠢ ᠰᠠᠢᠢᠵᠢᠷᠠᠭᠤᠯᠬᠤ᠂ ᠣᠷᠴᠢᠨ ᠦᠶ᠎ᠡ ᠢᠢᠨ ᠠᠦ᠋ᠲ᠋ᠣᠮᠠᠲ᠋ᠵᠢᠭᠰᠠᠨ ᠲᠧᠭᠨᠣᠯᠣᠭᠢ ᠢᠢᠨ ᠰᠢᠢᠳᠦᠯ᠂ ᠢᠨ᠋ᠨᠣᠸᠠᠼ ᠢ ᠨᠡᠪᠲᠡᠷᠡᠭᠦᠯᠬᠦ᠂ ᠴᠢᠨᠠᠭᠰᠢᠯᠠᠭᠠᠳ ᠣᠢ ᠢᠢᠨ ᠠᠵᠤ ᠠᠬᠤᠢ ᠢᠢᠨ ᠰᠠᠯᠪᠤᠷᠢ ᠳᠤ ᠲᠥᠷᠦ᠂ ᠬᠤᠪᠢ ᠢᠢᠨ ᠬᠡᠪᠰᠢᠯ ᠦᠨ ᠬᠠᠮᠲᠤᠷᠠᠭᠰᠠᠨ ᠵᠥᠪ ᠮᠧᠨᠧᠵᠮᠧᠨ᠋ᠲ ᠢ ᠰᠣᠩᠭ᠋ᠣᠨ ᠠᠪᠴᠤ ᠲᠥᠯᠦᠪᠰᠢᠭᠦᠯᠬᠦ ᠨᠢ ᠴᠢᠬᠤᠯᠠ ᠪᠠᠢᠢᠭ᠎ᠠ ᠢᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊ ∙ ᠰᠣᠳᠦᠪᠠᠭᠠᠲᠤᠷ ᠣᠨᠴᠠᠯᠠᠯ᠎ᠠ᠃

ᠱᠸᠧᠳ᠋ ᠤᠯᠤᠰ ᠲᠤ ᠮᠣᠳᠣ ᠢᠢ 《ᠨᠣᠭᠣᠭᠠᠨ ᠠᠯᠲᠠ》 ᠬᠡᠮᠡᠨ ᠨᠡᠷᠡᠯᠡᠳᠡᠭ ᠪᠥᠭᠡᠳ ᠣᠢ ᠢᠢ ᠲᠠᠷᠢᠵᠤ ᠤᠷᠭᠤᠭᠤᠯᠬᠤ᠂ ᠨᠥᠬᠦᠨ ᠰᠡᠷᠭᠦᠭᠡᠬᠦ ᠵᠠᠮ ᠢᠶᠠᠷ ᠣᠢ ᠢᠢᠨ ᠨᠥᠭᠡᠴᠡ ᠪᠡᠨ ᠡᠳ᠋ ᠍ ᠦᠨ ᠵᠠᠰᠠᠭ ᠤᠨ ᠡᠷᠭᠢᠯᠲᠡ ᠳᠥ ᠣᠷᠣᠭᠤᠯᠤᠭᠰᠠᠨ ᠠᠷᠪᠢᠨ ᠲᠤᠷᠰᠢᠯᠭ᠎ᠠ ᠲᠠᠢ᠃

ᠲᠤᠰ ᠤᠯᠤᠰ ᠤᠨ ᠣᠢ ᠰᠤᠳᠤᠯᠤᠯ ᠤᠨ ᠬᠦᠷᠢᠶᠡᠯᠡᠩ ᠨᠢ ᠣᠢ ᠢᠢᠨ ᠮᠧᠨᠧᠵᠮᠧᠨ᠋ᠲ᠂ ᠡᠳ᠋ ᠍ ᠦᠨ ᠵᠠᠰᠠᠭ᠂ ᠪᠦᠲᠦᠴᠡ᠂ ᠵᠣᠬᠢᠶᠠᠨ ᠪᠠᠢᠢᠭᠤᠯᠤᠯᠲᠠ᠂ ᠣᠢ ᠢᠢᠨ ᠭᠧᠨᠧᠲ᠋ᠢᠺ᠂ ᠡᠺᠣᠰᠢᠰᠲ᠋ᠧᠮ ᠳ᠋ᠡᠬᠢ ᠦᠢᠯᠡᠴᠢᠯᠡᠯ ᠵᠡᠷᠭᠡ ᠢᠢ ᠬᠠᠮᠤᠷᠤᠭᠰᠠᠨ ᠰᠠᠭᠤᠷᠢ ᠰᠤᠳᠤᠯᠭ᠎ᠠ ᠢᠢ ᠬᠢᠵᠦ᠂ ᠬᠡᠷᠡᠭᠯᠡᠭᠡᠨ ᠳᠥ ᠨᠡᠪᠲᠡᠷᠡᠭᠦᠯᠬᠦ ᠴᠢᠭᠯᠡᠯ ᠳᠥ ᠦᠢᠯᠡ ᠠᠵᠢᠯᠯᠠᠭ᠎ᠠ ᠶᠠᠪᠤᠭᠤᠯᠳᠠᠭ ᠲᠠᠯ᠎ᠠ ᠪᠠᠷ ᠢᠶᠠᠨ ᠲᠠᠨᠢᠯᠴᠠᠭᠤᠯᠤᠯ᠎ᠠ᠃
ᠬᠠᠷᠢᠨ ᠱᠸᠧᠳ᠋ ᠲᠥ ᠲᠥᠪ ᠲᠡᠢ ᠨᠣᠷᠳᠢᠺ ᠤᠨ ᠭᠧᠨᠧᠲ᠋ᠢᠺ ᠨᠥᠭᠡᠴᠡ ᠢᠢᠨ ᠲᠥᠪ ᠨᠢ ᠳᠡᠯᠡᠬᠡᠢ ᠢᠢᠨ ᠥᠨᠴᠦᠭ ᠪᠤᠯᠤᠨᠭ᠌ ᠪᠦᠷᠢ ᠳᠥ ᠤᠷᠭᠤᠳᠠᠭ ᠨᠢᠭᠡ ᠰᠠᠶ᠎ᠠ ᠭᠠᠷᠤᠢ ᠰᠢᠷᠬᠡᠭ᠌ ᠤᠷᠭᠤᠮᠠᠯ ᠤᠨ ᠦᠷ᠎ᠡ ᠢᠢ ᠬᠠᠳᠠᠭᠠᠯᠠᠳᠠᠭ ᠪᠥᠭᠡᠳ ᠰᠤᠷᠭᠠᠯᠲᠠ᠂ ᠰᠤᠳᠤᠯᠭ᠎ᠠ ᠪᠣᠯᠤᠨ ᠲᠠᠷᠢᠴᠠ ᠦᠷᠡᠵᠢᠭᠦᠯᠭᠡ ᠢᠢᠨ ᠵᠣᠷᠢᠭᠤᠯᠤᠯᠲᠠ ᠪᠠᠷ ᠦᠷ ᠡ᠋ ᠪᠡᠡ ᠨᠡᠢᠢᠯᠡᠭᠦᠯᠳᠡᠭ ᠪᠠᠢᠢᠨ᠎ᠠ᠃ ᠨᠣᠷᠳᠢᠺ ᠤᠨ ᠭᠧᠨᠧᠲ᠋ᠢᠺ ᠨᠥᠭᠡᠴᠡ ᠢᠢᠨ ᠲᠥᠪ ᠦᠨ ᠭᠦᠢᠴᠡᠳᠭᠡᠬᠦ ᠵᠠᠬᠢᠷᠤᠯ ᠯᠢᠽ ᠯᠶᠤᠢᠺᠺᠧ ᠰᠲ᠋ᠧᠹᠹᠧᠨ᠋ᠰᠧᠨ ᠬᠡᠯᠡᠬᠦ ᠳᠥ ᠪᠡᠨ᠂ 《ᠣᠢ ᠢᠢᠨ ᠡᠺᠣᠰᠢᠰᠲ᠋ᠧᠮ ᠳᠥ ᠪᠢᠣᠯᠣᠭᠢ ᠢᠢᠨ ᠣᠯᠠᠨ ᠶᠠᠩᠵᠤ ᠪᠠᠢᠢᠳᠠᠯ ᠣᠨᠤᠴᠤᠭᠠᠢ ᠴᠢᠬᠤᠯᠠ ᠪᠥᠭᠡᠳ ᠣᠯᠠᠨ ᠲᠥᠷᠦᠯ ᠦᠨ ᠮᠣᠳᠣ᠂ ᠤᠷᠭᠤᠮᠠᠯ ᠪᠦᠬᠦᠢ ᠣᠢ ᠢᠯᠡᠭᠦᠦ ᠡᠷᠡᠭᠦᠯ᠂ ᠲᠡᠰᠪᠦᠷᠢᠲᠡᠢ ᠪᠠᠢᠢᠳᠠᠭ᠃ ᠡᠢᠢᠮᠦ ᠤᠴᠢᠷ ᠠᠴᠠ ᠤᠯᠤᠰ ᠣᠷᠣᠨ ᠪᠦᠷᠢ ᠭᠧᠨᠧᠲ᠋ᠢᠺ ᠨᠥᠭᠡᠴᠡ ᠪᠡᠨ ᠬᠠᠮᠠᠭᠠᠯᠠᠬᠤ ᠳᠤ ᠠᠩᠬᠠᠷᠤᠯ ᠬᠠᠨᠳᠤᠭᠤᠯᠬᠤ ᠶᠣᠰᠣᠲᠠᠢ》 ᠬᠡᠮᠡᠨ ᠣᠨᠴᠠᠯᠠᠵᠤ ᠪᠠᠢᠢᠪᠠ᠃

ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊ ∙ ᠰᠣᠳᠦᠪᠠᠭᠠᠲᠤᠷ ᠡᠨᠡ ᠦᠶ᠎ᠡ ᠪᠡᠷ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠮᠣᠩᠭᠣᠯ ᠤᠯᠤᠰ ᠲᠤ ᠦᠷ᠎ᠡ ᠢᠢᠨ ᠠᠵᠤ ᠠᠬᠤᠢ ᠪᠠᠢᠢᠭᠤᠯᠬᠤ᠂ ᠤᠷᠭᠤᠮᠠᠯ ᠤᠨ ᠭᠧᠨᠧᠲ᠋ᠢᠺ ᠨᠥᠭᠡᠴᠡ ᠢᠢ ᠬᠠᠮᠠᠭᠠᠯᠠᠬᠤ᠂ ᠨᠡᠮᠡᠭᠳᠡᠭᠦᠯᠬᠦ ᠪᠣᠯᠤᠨ ᠡᠨᠡ ᠴᠢᠭᠯᠡᠯ ᠢᠶᠡᠷ ᠮᠡᠷᠭᠡᠵᠢᠯᠲᠡᠨ ᠨᠦᠭᠦᠳ ᠢᠶᠡᠨ ᠲᠡᠳᠬᠦᠯᠭᠡ ᠲᠥ ᠬᠥᠲᠦᠯᠪᠦᠷᠢ ᠲᠥ ᠬᠠᠮᠤᠷᠤᠭᠤᠯᠬᠤ᠂ ᠮᠡᠷᠭᠡᠵᠢᠯ ᠳᠡᠭᠡᠭ᠍ᠰᠢᠯᠡᠭᠦᠯᠬᠦ ᠪᠣᠯᠤᠮᠵᠢ ᠨᠤᠭᠤᠳ ᠤᠨ ᠲᠠᠯ᠎ᠠ ᠪᠠᠷ ᠰᠠᠨᠠᠯ ᠰᠣᠯᠢᠯᠴᠠᠯ᠎ᠠ᠃
ᠱᠸᠧᠳ᠋ ᠤᠯᠤᠰ ᠨᠢ ᠵᠢᠯ ᠳᠥ 400 ᠰᠠᠶ᠎ᠠ ᠣᠷᠴᠢᠮ ᠮᠣᠳᠣᠨ ᠤ ᠲᠠᠷᠢᠴᠠ᠂ ᠰᠠᠭᠤᠯᠭᠠᠴᠠ ᠪᠡᠯᠡᠳᠬᠡᠳᠡᠭ ᠪᠥᠭᠡᠳ ᠡᠭᠦᠨ ᠦ 140 ᠰᠠᠶ᠎ᠠ ᠢᠢ ᠲᠥᠷᠦ ᠢᠢᠨ ᠥᠮᠴᠢ ᠢᠢᠨ 《Sveaskog》 ᠺᠣᠮᠫᠠᠨᠢ ᠳᠠᠩ ᠢᠶᠠᠷ ᠢᠶᠠᠨ ᠪᠡᠯᠡᠳᠬᠡᠨ ᠬᠤᠪ ᠤᠨ ᠪᠣᠯᠤᠨ ᠤᠯᠤᠰ ᠤᠨ ᠬᠡᠷᠡᠭᠴᠡᠭᠡᠨ ᠳᠦ ᠨᠡᠢᠢᠯᠡᠭᠦᠯᠵᠦ ᠪᠠᠢᠢᠨ᠎ᠠ᠃ ᠲᠤᠰ ᠺᠣᠮᠫᠠᠨᠢ ᠨᠢ ᠱᠸᠧᠳ᠋ ᠤᠯᠤᠰ ᠤᠨ ᠣᠢ ᠢᠢᠨ ᠰᠠᠩ ᠤᠨ 14 ᠬᠤᠪ ᠢ ᠡᠵᠡᠮᠰᠢᠵᠦ᠂ 2021 ᠣᠨ ᠳᠤ 1.3 ᠲᠡᠷᠪᠤᠮ ᠺᠷᠣᠨ ᠨᠣᠭᠳᠠᠯ ᠠᠰᠢᠭ ᠢ ᠲᠥᠪᠯᠡᠷᠡᠭᠦᠯᠵᠡᠢ᠃