Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠦᠨᠳᠦᠰᠦᠨ ᠦ ᠴᠡᠴᠡᠷᠯᠢᠭᠲᠥ ᠬᠦᠷᠢᠶᠡᠯᠡᠩ ᠳᠥ ᠮᠣᠳᠤ ᠲᠠᠷᠢᠯ᠎ᠠ

ᠵᠢᠯ ᠪᠦᠷᠢ ᠢᠢᠨ ᠲᠠᠪᠤ᠂ ᠠᠷᠪᠠ ᠳ᠋ᠤᠭᠠᠷ ᠰᠠᠷ᠎ᠠ ᠳᠤ 《ᠪᠦᠬᠦ ᠨᠡᠢᠢᠲᠡ ᠪᠡᠷ ᠮᠣᠳᠣ ᠲᠠᠷᠢᠬᠤ ᠡᠳᠦᠷ》 ᠍ ᠪᠡᠷ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠢᠷᠭᠡᠳ ᠮᠣᠳᠣ ᠲᠠᠷᠢᠳᠠᠭ ᠤᠯᠠᠮᠵᠢᠯᠠᠯ ᠲᠠᠢ᠃ ᠡᠨᠡ ᠵᠢᠯ ᠦᠨ ᠬᠤᠪᠢ ᠳᠤ ᠡᠨᠡ ᠡᠳᠦᠷ ᠢ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ 《ᠪᠠᠢᠢᠭᠠᠯᠢ ᠪᠠᠨ ᠪᠦᠲᠦᠭᠡᠶ᠎ᠡ》 ᠤᠷᠢᠶᠠᠨ ᠳᠣᠣᠷ᠎ᠠ ᠵᠣᠬᠢᠶᠠᠨ ᠪᠠᠢᠢᠭᠤᠯᠵᠤ ᠪᠠᠢᠢᠨ᠎ᠠ᠃

ᠡᠨᠡ ᠡᠳᠦᠷ 《ᠦᠨᠳᠦᠰᠦᠨ ᠦ ᠴᠡᠴᠡᠷᠯᠢᠭᠲᠦ ᠬᠦᠷᠢᠶᠡᠯᠡᠩ》 ᠍ᠳ᠋ᠤ 100 ᠭᠠᠷᠤᠢ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠢᠷᠭᠡᠳ ᠭᠣᠣᠯᠲᠤ ᠪᠣᠷᠣ᠂ ᠲᠡᠬᠡ ᠢᠢᠨ ᠰᠢᠭᠡᠭ᠌᠂ ᠭᠦᠢᠯᠡᠰᠦ᠂ ᠪᠤᠢᠢᠯᠠᠰᠤ᠂ ᠰᠢᠷ᠎ᠠ ᠬᠤᠸᠠᠢᠢᠰ᠂ ᠤᠯᠢᠶᠠᠰᠤ᠂ ᠬᠠᠢᠢᠯᠠᠰᠤ ᠵᠡᠷᠭᠡ 10 ᠲᠥᠷᠦᠯ ᠦᠨ 10 ᠮᠢᠩᠭ᠋ᠠᠨ ᠮᠣᠳᠣ ᠢᠢ ᠰᠠᠭᠤᠯᠭᠠᠴᠠ ᠬᠡᠯᠪᠡᠷᠢ ᠪᠡᠷ ᠲᠠᠷᠢᠬᠤ ᠶᠤᠮ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠬᠠᠪᠤᠷ ᠤᠨ ᠮᠣᠳᠣ ᠲᠠᠷᠢᠯᠲᠠ ᠢᠢᠨ ᠨᠡᠭᠡᠭᠡᠯᠲᠡ ᠳᠥ ᠣᠷᠣᠯᠴᠠᠵᠤ᠂ ᠵᠠᠯᠠᠭᠤᠰ ᠲᠠᠢ ᠬᠠᠮᠲᠤ 《ᠬᠣᠣᠰ ᠤᠳ ᠤᠨ ᠲᠥᠭᠡᠯ》 ᠍᠋ᠳ᠋ᠤ ᠮᠣᠳᠣ ᠲᠠᠷᠢᠯ᠎ᠠ᠃

《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠢ ᠰᠠᠨᠠᠭᠠᠴᠢᠯᠠᠨ ᠡᠬᠢᠯᠡᠭᠦᠯᠦᠭᠰᠡᠨ ᠡᠴᠡ ᠬᠣᠢᠢᠰᠢ ᠲᠥᠷᠥ᠂ ᠬᠤᠪᠢ ᠤᠨ ᠬᠡᠪᠰᠢᠯ᠂ ᠪᠠᠶᠠᠯᠢᠭ ᠪᠦᠲᠦᠭᠡᠭ᠍ᠴᠢ᠂ ᠬᠥᠷᠥᠩᠭᠡ ᠣᠷᠣᠭᠤᠯᠤᠭᠴᠢ᠂ ᠠᠷᠠᠳ ᠢᠷᠭᠡᠳ ᠢᠳᠡᠪᠬᠢᠲᠡᠢ ᠬᠠᠮᠲᠤᠷᠠᠨ ᠠᠵᠢᠯᠯᠠᠵᠤ ᠪᠠᠢᠢᠭ᠎ᠠ ᠳᠤ ᠶᠡᠷᠦᠩᠬᠡᠢᠢᠯᠡᠭᠴᠢ ᠲᠠᠯᠠᠷᠬᠠᠯ ᠢᠯᠡᠷᠬᠡᠢᠢᠯᠡᠪᠡ᠃

ᠴᠢᠨᠠᠭᠰᠢᠳᠠ ᠵᠥᠪᠬᠡᠨ ᠮᠣᠳᠣ ᠭᠡᠯᠲᠡ ᠦᠭᠡᠢ᠂ ᠵᠢᠮᠢᠰ᠂ ᠵᠢᠮᠢᠰᠬᠡᠨ᠎ᠡ᠂ ᠡᠮ ᠦᠨ ᠤᠷᠭᠤᠮᠠᠯ᠂ ᠮᠠᠯ ᠤᠨ ᠲᠡᠵᠢᠭᠡᠯ ᠲᠠᠷᠢᠶᠠᠯᠠᠵᠤ᠂ ᠳᠣᠲᠣᠭᠠᠳᠤ ᠢᠢᠨ ᠬᠡᠷᠡᠭᠴᠡᠭᠡ ᠪᠡᠨ ᠬᠠᠩᠭ᠋ᠠᠨ᠂ ᠡᠺᠰᠫᠣᠷᠲ᠋ ᠲᠤ ᠭᠠᠷᠭᠠᠬᠤ ᠪᠣᠯᠤᠮᠵᠢ ᠪᠥᠷᠢᠳᠬᠦ ᠢᠢ ᠬᠡᠯᠡᠯ᠎ᠡ᠃ ᠮᠥᠨ ᠣᠢ ᠢᠢᠨ ᠰᠠᠯᠪᠤᠷᠢ ᠪᠡᠬᠢᠵᠢᠨ᠂ ᠣᠯᠠᠨ ᠮᠢᠩᠭ᠋ᠠᠨ ᠠᠵᠢᠯ ᠤᠨ ᠪᠠᠢᠢᠷᠢ ᠪᠤᠢ ᠪᠣᠯᠵᠤ᠂ ᠬᠦᠨᠡᠰᠦᠨ ᠦ ᠬᠠᠩᠭ᠋ᠠᠮᠵᠢ ᠰᠠᠢᠢᠵᠢᠷᠠᠬᠤ ᠢᠢᠨ ᠬᠢᠷᠢ ᠪᠡᠷ ᠢᠷᠭᠡᠳ ᠦᠨ ᠠᠮᠢᠵᠢᠷᠠᠭ᠎ᠠ ᠴᠤ ᠳᠡᠭᠡᠭ᠍ᠰᠢᠯᠡᠨ᠎ᠡ ᠭᠡᠳᠡᠭ ᠢ ᠬᠡᠯᠡᠭᠰᠡᠨ ᠦᠭᠡᠨ ᠳᠥ ᠪᠡᠨ ᠲᠡᠮᠳᠡᠭᠯᠡᠪᠡ᠃

《ᠦᠨᠳᠦᠰᠦᠨ ᠦ ᠴᠡᠴᠡᠷᠯᠢᠭ ᠲᠥ ᠬᠦᠷᠢᠶᠡᠯᠡᠩ》ᠣ᠂ᠨ᠂ᠥ᠂ᠲ᠂ᠥ᠂ᠬᠠ‍ ᠡᠨᠡ ᠣᠨ ᠳᠤ ᠭᠤᠷᠪᠠ ᠪᠠ ᠲᠡᠭᠦᠨ ᠡᠴᠡ ᠳᠡᠭᠡᠭ᠍ᠰᠢ ᠵᠢᠯ ᠪᠣᠢᠢᠵᠢᠭᠤᠯᠵᠤ ᠤᠷᠭᠤᠭᠤᠯᠤᠭᠰᠠᠨ ᠰᠠᠭᠤᠯᠭᠠᠴᠠ ᠪᠠᠷ ᠴᠡᠴᠡᠷᠯᠢᠭᠵᠢᠭᠦᠯᠦᠯᠲᠡ ᠬᠡᠯᠪᠡᠷᠢ ᠪᠡᠷ 20 ᠮᠢᠩᠭ᠋᠎ᠠ᠂ ᠮᠥᠴᠢᠷ ᠢᠶᠡᠷ ᠪᠡᠯᠡᠳᠦᠭᠰᠡᠨ ᠲᠠᠷᠢᠴᠠ ᠪᠠᠷ ᠲᠤᠤᠯ ᠭᠣᠣᠯ ᠤᠨ ᠡᠷᠭᠢ ᠢᠢᠨ ᠬᠠᠮᠠᠭᠠᠯᠠᠯᠲᠠ ᠳᠤ ᠵᠤᠷᠪᠤᠰ ᠡᠭᠦᠰᠬᠡᠨ 100 ᠮᠢᠩᠭ᠋᠎ᠠ᠂ ᠨᠡᠢᠢᠲᠡ 120 ᠮᠢᠩᠭ᠋ᠠᠨ ᠮᠣᠳᠣ ᠲᠠᠷᠢᠬᠤ ᠶᠤᠮ᠃ ᠮᠥᠨ ᠳᠥᠷᠪᠡ ᠪᠣᠯᠤᠨ 10 ᠭᠠ‍ ᠲᠠᠯᠠᠪᠠᠢ ᠳᠤ ᠮᠣᠳᠣ ᠦᠷᠡᠵᠢᠭᠦᠯᠭᠡ ᠢᠢᠨ ᠭᠠᠵᠠᠷ ᠰᠢᠨ᠎ᠡ ᠪᠡᠷ ᠪᠠᠢᠢᠭᠤᠯᠵᠤ ᠪᠠᠢᠢᠨ᠎ᠠ᠃

《ᠪᠢᠳᠡ ᠲᠠᠷᠢᠭᠰᠠᠨ ᠮᠣᠳᠣᠨ ᠤ ᠪᠠᠨ ᠤᠷᠭᠤᠯᠲᠠ ᠳᠤ 100 ᠬᠤᠪᠢ ᠤᠨ ᠪᠠᠲᠤᠯᠠᠭ᠎ᠠ ᠥᠭ᠍ᠭᠦᠨ᠎ᠡ᠃ ᠥᠨᠥᠳᠥᠷ ᠦᠨ ᠪᠠᠢᠢᠳᠠᠯ ᠢᠶᠠᠷ 32 ᠲᠥᠷᠦᠯ ᠦᠨ 150 ᠮᠢᠩᠭ᠋᠎ᠠ ᠭᠠᠷᠤᠢ ᠮᠣᠳᠣ ᠲᠠᠷᠢᠭᠰᠠᠨ ᠨᠢ 98 ᠬᠤᠪᠢ ᠤᠨ ᠤᠷᠭᠤᠯᠲᠠ ᠲᠠᠢ ᠪᠠᠢᠢᠨ᠎ᠠ᠃ ᠡᠨᠡ ᠨᠢ ᠵᠢᠯ ᠦᠨ ᠳᠥᠷᠪᠡᠨ ᠤᠯᠠᠷᠢᠯ ᠤᠨ ᠲᠤᠷᠰᠢ ᠤᠰᠤᠯᠠᠵᠤ᠂ ᠡᠪᠡᠳᠴᠢᠨ᠂ ᠬᠣᠣᠷᠲᠠᠨ ᠲᠠᠢ ᠲᠡᠮᠡᠴᠡᠨ᠂ ᠠᠷᠠᠴᠢᠯᠠᠵᠤ ᠲᠣᠷᠳᠠᠳᠠᠭ ᠲᠠᠢ ᠬᠣᠯᠪᠣᠭ᠎ᠠ ᠲᠠᠢ》 ᠭᠡᠵᠦ 《ᠦᠨᠳᠦᠰᠦᠨ ᠦ ᠴᠡᠴᠡᠷᠯᠢᠭᠲᠦ ᠬᠦᠷᠢᠶᠡᠯᠡᠩ》ᠣ᠂ᠨ᠂ᠥ᠂ᠲ᠂ᠥ᠂ᠬᠠ‍ ᠍ ᠤᠨ ᠳᠠᠷᠤᠭ᠎ᠠ ᠦ᠊ ∙ ᠣᠶᠤᠨᠵᠤᠯ ᠬᠡᠯᠡᠪᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠠᠢᠢᠯ ᠡᠷᠦᠬᠡ ᠪᠦᠷᠢ ᠬᠠᠰᠢᠶᠠᠨ ᠳᠤ ᠪᠠᠨ᠂ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ ᠨᠦᠭᠦᠳ ᠡᠵᠡᠮᠰᠢᠯ ᠦᠨ ᠭᠠᠵᠠᠷ ᠲᠤ ᠪᠠᠨ ᠮᠣᠳᠣ ᠲᠠᠷᠢᠵᠤ ᠤᠷᠭᠤᠭᠤᠯᠤᠨ᠂ ᠣᠷᠴᠢᠨ ᠢᠶᠠᠨ ᠨᠣᠭᠣᠭᠠᠷᠠᠭᠤᠯᠵᠤ᠂ ᠡᠷᠡᠭᠦᠯ᠂ ᠲᠤᠬᠢᠲᠠᠢ ᠣᠷᠴᠢᠨ ᠳᠤ ᠠᠮᠢᠳᠤᠷᠠᠵᠤ ᠠᠵᠢᠯᠯᠠᠬᠤ ᠢᠢ ᠤᠷᠢᠶᠠᠯᠠᠯ᠎ᠠ᠃