Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬᠠ‍᠂ᠪᠠᠲᠤᠲᠤᠯᠭ᠎ᠠ᠄ ᠣᠳᠣ ᠬᠠᠷᠠᠭᠠᠳ ᠰᠠᠭᠤᠬᠤ ᠴᠠᠭ ᠠᠯᠠᠭ᠎ᠠ᠃ ᠶᠡᠷᠦᠩᠬᠡᠶᠢᠯᠡᠭᠴᠢ ᠶᠢᠨ ᠬᠠᠤᠯᠢ ᠰᠠᠨᠠᠭᠠᠴᠢᠯᠠᠬᠤ ᠡᠷᠬᠡ ᠶᠢᠨ ᠬᠦᠷᠢᠶᠡᠨ ᠳᠥ ᠪᠢ ᠵᠣᠬᠢᠬᠤ ᠠᠰᠠᠭᠤᠳᠠᠯ ᠤᠳ ᠢ ᠲᠤᠰᠬᠠᠭᠰᠠᠨ ᠬᠠᠤᠯᠢ ᠶᠢᠨ ᠲᠥᠰᠥᠯ ᠦᠳ ᠢ ᠰᠠᠨᠠᠭᠠᠴᠢᠯᠠᠨ ᠤᠯᠤᠰ ᠤᠨ ᠶᠡᠬᠡ ᠬᠤᠷᠠᠯ ᠪᠠᠷ ᠤᠳᠠᠬᠤ ᠦᠭᠡᠢ ᠬᠡᠯᠡᠯᠴᠡᠭᠦᠯᠦᠨ᠎ᠡ

ᠮᠣᠩᠭ᠋᠋ᠣᠯ ᠤᠯᠤᠰ ᠤᠨ ᠶᠡᠷᠦᠩᠬᠡᠢᠢᠯᠡᠭᠴᠢ ᠬᠠ‍᠂ᠪᠠᠲᠤᠲᠤᠯᠭ᠎ᠠ ᠥᠨᠥᠳᠥᠷ ᠤᠯᠤᠰ ᠤᠨ ᠶᠡᠬᠡ ᠬᠤᠷᠠᠯ ᠤᠨ ᠬᠠᠪᠤᠷ ᠤᠨ ᠴᠢᠭᠤᠯᠭᠠᠨ ᠤ ᠨᠡᠭᠡᠭᠡᠯᠲᠡ ᠳᠥ ᠣᠷᠣᠯᠴᠠᠵᠤ ᠦᠭᠡ ᠬᠡᠯᠡᠯ᠎ᠡ᠃ ᠲᠥᠷᠥ ᠢᠢᠨ ᠲᠡᠷᠢᠭᠦᠨ ᠦ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃

᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎

ᠤᠯᠤᠰ ᠤᠨ ᠶᠡᠬᠡ ᠬᠤᠷᠠᠯ ᠤᠨ ᠳᠠᠷᠤᠭ᠎ᠠ᠂ ᠡᠷᠬᠢᠮ ᠭᠡᠰᠢᠭᠦᠳ ᠡ

ᠶᠡᠷᠦᠩᠬᠡᠢ ᠰᠠᠢᠢᠳ ᠠ᠋

ᠬᠦᠨᠳᠦᠳᠦ ᠵᠣᠴᠢᠳ ᠠ᠋

ᠤᠷᠢᠨ ᠳᠤᠯᠠᠭᠠᠨ ᠲᠠᠢ ᠵᠡᠷᠭᠡᠴᠡᠭᠡᠳ ᠶᠡᠬᠡ ᠠᠵᠢᠯ᠂ ᠪᠦᠲᠦᠭᠡᠨ ᠪᠠᠢᠢᠭᠤᠯᠤᠯᠲᠠ ᠥᠷᠨᠢᠳᠡᠭ ᠣᠨᠴᠠᠯᠢᠭ ᠲᠠᠢ ᠤᠯᠤᠰ ᠤᠨ ᠬᠤᠪᠢ ᠳᠤ ᠬᠠᠤᠯᠢ ᠲᠣᠭᠲᠠᠭᠠᠬᠤ ᠳᠡᠭᠡᠳᠦ ᠪᠠᠢᠢᠭᠤᠯᠤᠯᠭ᠎ᠠ᠂ ᠵᠠᠰᠠᠭ ᠤᠨ ᠭᠠᠵᠠᠷ ᠤᠨ ᠵᠦᠭ ᠡᠴᠡ ᠨᠡᠢᠢᠭᠡᠮ ᠤᠨ ᠳᠠᠭᠤᠤ ᠬᠣᠭᠣᠯᠠᠢ ᠢᠢ ᠠᠩᠬᠠᠷᠤᠯ ᠲᠠᠢ ᠰᠣᠨᠣᠰᠴᠤ᠂ ᠠᠷᠠᠳ ᠢᠷᠭᠡᠳ ᠦᠨ ᠢᠶᠡᠨ ᠰᠠᠨᠠᠯ ᠪᠣᠳᠣᠯ ᠢ ᠰᠢᠢᠳᠪᠦᠷᠢ ᠭᠠᠷᠭᠠᠬᠤ ᠳᠤ ᠪᠠᠨ ᠲᠤᠰᠬᠠᠵᠤ᠂ ᠨᠡᠢᠢᠭᠡᠮ ᠳᠥ ᠪᠡᠨ ᠵᠥᠪ ᠳᠣᠬᠢᠶ᠎ᠠ ᠥᠭᠴᠦ ᠪᠠᠢᠢᠬᠤ ᠨᠢ ᠴᠢᠬᠤᠯᠠ ᠪᠠᠢᠢᠳᠠᠭ᠃

ᠶᠡᠷᠦᠩᠬᠡᠢᠢᠯᠡᠭᠴᠢ ᠢᠢᠨ ᠬᠤᠪᠢ ᠪᠠᠷ ᠨᠡᠢᠢᠲᠡ ᠨᠤᠲᠤᠭ ᠣᠷᠣᠨ ᠢᠶᠠᠨ ᠲᠣᠭᠣᠷᠢᠵᠤ᠂ ᠠᠷᠠᠳ ᠢᠷᠭᠡᠳ ᠢᠶᠡᠨ ᠰᠤᠨᠤᠰᠬᠤ ᠵᠣᠷᠢᠯᠭ᠎ᠠ ᠪᠠᠷ ᠨᠢᠭᠡᠳᠦᠭᠡᠷ ᠰᠠᠷ᠎ᠠ ᠢᠢᠨ 14 ᠍ ᠡᠴᠡ ᠳᠥᠷᠪᠡᠳᠦᠭᠡᠷ ᠰᠠᠷ᠎ᠠ ᠢᠢᠨ 1 ᠍ ᠢ ᠬᠦᠷᠲᠡᠯᠡᠬᠢ ᠬᠤᠭᠤᠴᠠᠭᠠᠨ ᠳᠤ ᠨᠡᠢᠢᠰᠯᠡᠯ ᠦᠨ ᠨᠠᠢᠢᠮᠠᠨ ᠳᠡᠭᠦᠷᠭᠡ᠂ 17 ᠠᠢᠢᠮᠠᠭ ᠢᠶᠠᠷ ᠠᠶᠠᠯᠠᠨ᠂ ᠠᠭᠤᠯᠵᠠᠯᠲᠠ ᠨᠤᠭᠤᠳ ᠵᠣᠬᠢᠶᠠᠨ ᠪᠠᠢᠢᠭᠤᠯᠤᠯ᠎ᠠ᠃

ᠴᠤᠪᠤᠷᠠᠯ ᠠᠭᠤᠯᠵᠠᠯᠲᠠ ᠨᠤᠭᠤᠳ ᠲᠤ ᠨᠡᠢᠢᠲᠡ 18200 ᠢᠷᠭᠡᠨ ᠣᠷᠣᠯᠴᠠᠵᠤ᠂ ᠠᠭᠤᠯᠵᠠᠯᠲᠠ ᠢᠢᠨ ᠦᠶ᠎ᠡ ᠪᠡᠷ 2800 (ᠳᠥᠷᠪᠡᠨ ᠠᠢᠢᠮᠠᠭ ᠤᠨ ᠲᠣᠭ᠎ᠠ ᠳᠤᠲᠠᠭᠤ) ᠢᠷᠭᠡᠨ ᠰᠠᠨᠠᠯ᠂ ᠬᠦᠰᠡᠯᠲᠡ᠂ ᠱᠠᠭᠠᠷᠳᠠᠯᠭ᠎ᠠ ᠪᠠᠨ ᠢᠯᠡᠷᠬᠡᠢᠢᠯᠡᠭᠰᠡᠨ ᠡᠴᠡ 1225 ᠨᠢ ᠪᠡᠶᠡᠴᠢᠯᠡᠨ /ᠠᠭᠤᠯᠵᠠᠯᠲᠠ ᠢᠢᠨ ᠦᠶ᠎ᠡ ᠳᠥ/ ᠬᠡᠯᠡᠭᠰᠡᠨ᠃ 1650 ᠢᠷᠭᠡᠨ 1875 ᠡᠷᠭᠦᠳᠡᠯ ᠪᠣᠯᠤᠨ ᠰᠠᠨᠠᠯ᠂ ᠬᠦᠰᠡᠯᠲᠡ ᠪᠡᠨ ᠪᠢᠴᠢᠭ᠌ ᠢᠶᠡᠷ ᠢᠷᠡᠭᠦᠯᠦᠯ᠎ᠡ᠃

ᠠᠷᠠᠳ ᠢᠷᠭᠡᠳ ᠦᠨ ᠢᠶᠡᠨ ᠢᠯᠡᠷᠬᠡᠢᠢᠯᠡᠵᠦ ᠪᠠᠢᠢᠭ᠎ᠠ ᠰᠠᠨᠠᠯ᠂ ᠱᠠᠭᠠᠷᠳᠠᠯᠭ᠎ᠠ ᠨᠤᠭᠤᠳ ᠢ ᠪᠦᠯᠦᠭᠯᠡᠵᠦ ᠦᠵᠡᠪᠡᠯ᠄

  • ᠲᠡᠳᠬᠦᠪᠦᠷᠢ᠂ ᠲᠡᠳᠬᠦᠮᠵᠢ᠂ ᠬᠠᠯᠠᠮᠵᠢ᠂ ᠠᠵᠢᠯᠭᠦᠢᠢᠳᠡᠯ ᠶᠠᠳᠠᠭᠤᠷᠠᠯ᠂ ᠤᠯᠤᠰ ᠲᠥᠷᠦᠴᠢᠳ ᠦᠨ ᠣᠹᠹᠱᠣᠷ ᠳᠠᠩᠰᠠ ᠵᠡᠷᠭᠡ ᠢᠢ ᠪᠠᠭᠲᠠᠭᠠᠭᠰᠠᠨ ᠪᠠᠶᠠᠯᠢᠭ ᠤᠨ ᠰᠢᠳᠤᠷᠭᠤ ᠪᠤᠰᠤ ᠬᠤᠪᠢᠶᠠᠷᠢᠯᠠᠯᠲᠠ ᠠᠴᠠ ᠡᠭᠦᠳᠦᠭᠰᠡᠨ ᠭᠠᠵᠢᠭᠤᠳᠠᠯ ᠤᠳ ᠤᠨ ᠲᠠᠯ᠎ᠠ ᠪᠠᠷ 689 ᠰᠠᠨᠠᠯ᠂ ᠰᠢᠭᠦᠮᠵᠢᠯᠡᠯ;
  • ᠤᠲᠤᠭ᠎ᠠ᠂ ᠠᠭᠠᠷ ᠤᠨ ᠪᠣᠬᠢᠷᠳᠠᠯ᠂ ᠣᠷᠣᠨ ᠰᠠᠭᠤᠴᠠ᠂ ᠲᠥᠷᠥ ᠢᠢᠨ ᠪᠠᠢᠢᠭᠤᠯᠤᠯᠭ᠎ᠠ ᠨᠤᠭᠤᠳ ᠤᠨ ᠪᠤᠷᠤᠭᠤ ᠲᠠᠢ ᠦᠢᠯᠡ ᠠᠵᠢᠯᠯᠠᠭ᠎ᠠ᠂ ᠭᠠᠵᠠᠷ ᠬᠤᠪᠢᠴᠢᠯᠠᠯ᠂ ᠡᠷᠡᠭᠦᠯ ᠮᠡᠨᠳᠦ᠂ ᠪᠣᠯᠪᠠᠰᠤᠷᠠᠯ ᠤᠨ ᠰᠠᠯᠪᠤᠷᠢ ᠳ᠋ᠠᠬᠢ ᠬᠦᠨᠳᠦᠷᠡᠯ ᠪᠡᠷᠬᠡᠰᠢᠶᠡᠯ ᠵᠡᠷᠭᠡ ᠲᠥᠷᠥ ᠢᠢᠨ ᠦᠢᠯᠡᠴᠢᠯᠡᠭᠡ ᠲᠡᠢ ᠬᠣᠯᠪᠣᠭ᠎ᠠ ᠲᠠᠢ ᠠᠰᠠᠭᠤᠳᠠᠯ ᠤᠳ ᠢᠶᠠᠷ 534 ᠰᠠᠨᠠᠯ ᠰᠢᠭᠦᠮᠵᠢᠯᠡᠯ;
  • ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ᠂ ᠲᠥᠷᠥ ᠢᠢᠨ ᠡᠷᠬᠡ ᠪᠦᠬᠦᠢ ᠪᠠᠢᠢᠭᠤᠯᠤᠯᠭ᠎ᠠ ᠨᠤᠭᠤᠳ ᠤᠨ ᠦᠢᠯᠡ ᠠᠵᠢᠯᠯᠠᠭ᠎ᠠ᠂ ᠠᠯᠪᠠᠨ ᠲᠤᠰᠢᠶᠠᠯᠲᠠᠨ ᠨᠤᠭᠤᠳ ᠤᠨ ᠪᠤᠷᠤᠭᠤᠲᠠᠢ ᠰᠢᠢᠳᠪᠦᠷᠢ᠂ ᠲᠥᠷᠥ ᠢᠢᠨ ᠠᠯᠪᠠᠨ ᠬᠠᠭᠠᠭᠴᠢᠳ ᠤᠨ ᠶᠣᠰᠣ ᠵᠦᠢ᠂ ᠰᠢᠳᠤᠷᠭᠤ ᠶᠣᠰᠣ ᠢᠢ ᠰᠠᠬᠢᠭᠤᠯᠬᠤ᠂ ᠬᠠᠤᠯᠢ ᠢᠢᠨ ᠵᠠᠰᠠᠭᠯᠠᠯ ᠢ ᠬᠡᠷᠡᠭᠵᠢᠭᠦᠯᠬᠦ᠂ ᠦᠨᠳᠦᠰᠦᠨ ᠬᠠᠤᠯᠢ ᠢᠢ ᠰᠠᠢᠢᠵᠢᠷᠠᠭᠤᠯᠬᠤ ᠠᠰᠠᠭᠤᠳᠠᠯ ᠢᠶᠠᠷ 487 ᠰᠠᠨᠠᠯ ᠭᠣᠮᠣᠳᠠᠯ᠂ ᠰᠢᠭᠦᠮᠵᠢᠯᠡᠯ;
  • ᠥᠷᠢ ᠢᠢᠨ ᠳᠠᠷᠤᠮᠲᠠ ᠢᠢ ᠪᠠᠭᠤᠷᠠᠭᠤᠯᠬᠤ᠂ ᠡᠳ᠋ ᠍ ᠦᠨ ᠵᠠᠰᠠᠭ ᠢᠶᠠᠨ ᠲᠡᠯᠡᠬᠦ᠂ ᠲᠥᠷᠥ ᠢᠢᠨ ᠠᠯᠪᠠ ᠢᠢ ᠴᠣᠮᠤᠬᠠᠨ ᠴᠢᠳᠠᠪᠤᠷᠢᠯᠢᠭ᠋ ᠪᠣᠯᠭᠠᠬᠤ᠂ ᠪᠦᠲᠦᠭᠡᠨ ᠪᠠᠢᠢᠭᠤᠯᠤᠯᠲᠠ ᠢᠢ ᠥᠷᠨᠢᠭᠦᠯᠬᠦ ᠭᠡᠬᠦ ᠮᠡᠲᠦ ᠮᠠᠺᠷᠣ‍ ᠡᠳ᠋ ᠍ ᠦᠨ ᠵᠠᠰᠠᠭ ᠤᠨ ᠴᠢᠭᠯᠡᠯ ᠢᠶᠡᠷ 254 ᠰᠠᠨᠠᠯ ᠲᠤᠰ ᠲᠤᠰ ᠢᠷᠡᠯ᠎ᠡ᠃

ᠲᠡᠳᠬᠦᠪᠦᠷᠢ᠂ ᠲᠡᠳᠬᠦᠮᠵᠢ ᠢᠢᠨ ᠲᠠᠯᠠᠭᠠᠷᠬᠢ ᠰᠠᠨᠠᠯ᠂ ᠰᠢᠭᠦᠮᠵᠢ ᠬᠠᠮᠤᠭ ᠤᠨ ᠶᠡᠬᠡ ᠪᠡᠷ ᠳᠠᠪᠲᠠᠭᠳᠠᠵᠤ ᠪᠠᠢᠢᠭ᠎ᠠ ᠨᠢ ᠲᠥᠷᠥ ᠠᠬᠠᠮᠠᠳ ᠤᠳ ᠤᠨ ᠢᠶᠠᠨ ᠨᠡᠢᠢᠭᠡᠮ ᠤᠨ ᠬᠠᠮᠠᠭᠠᠯᠠᠯ ᠢ ᠣᠷᠬᠢᠭᠳᠠᠭᠤᠯᠵᠤ᠂ ᠡᠭᠦᠷᠭᠡ ᠪᠡᠨ ᠪᠡᠶᠡᠯᠡᠭᠦᠯᠬᠦ ᠦᠭᠡᠢ ᠪᠠᠢᠢᠭ᠎ᠠ ᠢᠢᠨ ᠳᠣᠬᠢᠶ᠎ᠠ ᠶᠤᠮ ᠠ᠋᠃ ᠮᠠᠰᠢ ᠣᠯᠠᠨ ᠡᠷᠦᠬᠡ ᠢᠢᠨ ᠲᠣᠭᠲᠠᠪᠤᠷᠢᠲᠠᠢ ᠣᠷᠣᠯᠭ᠎ᠠ᠂ ᠠᠮᠢ ᠵᠢᠭᠤᠯᠭ᠎ᠠ ᠨᠢ ᠨᠡᠢᠢᠭᠡᠮ ᠤᠨ ᠳᠠᠭᠠᠳᠬᠠᠯ ᠤᠨ ᠰᠠᠩ ᠠᠴᠠ ᠣᠯᠭᠤᠵᠤ ᠪᠠᠢᠢᠭ᠎ᠠ ᠲᠡᠳᠬᠦᠪᠦᠷᠢ᠂ ᠲᠡᠳᠬᠦᠮᠵᠢ ᠪᠠᠢᠢᠭᠰᠠᠭᠠᠷ ᠪᠠᠢᠢᠨ᠎ᠠ᠃ ᠲᠡᠳᠬᠦᠪᠦᠷᠢ᠂ ᠲᠡᠳᠬᠦᠮᠵᠢ ᠢᠢᠨ ᠬᠦᠷᠦᠯᠴᠡᠭᠡ ᠦᠭᠡᠢ ᠪᠠᠢᠢᠳᠠᠯ ᠢ ᠳᠠᠪᠠᠨ ᠲᠤᠭᠤᠯᠬᠤ ᠰᠢᠢᠳᠪᠦᠷᠢ ᠲᠡᠢ ᠠᠯᠬᠤᠮ ᠬᠢᠬᠦ ᠱᠠᠭᠠᠷᠳᠠᠯᠭ᠎ᠠ ᠥᠨᠥ ᠢᠢᠨ ᠨᠡᠢᠢᠭᠡᠮ ᠳᠥ ᠡᠭᠦᠰᠦᠭᠡᠳ ᠪᠠᠢᠢᠨ᠎ᠠ᠃ ᠲᠡᠳᠬᠦᠪᠦᠷᠢ ᠳᠥ ᠭᠠᠷᠬᠤ ᠨᠠᠰᠤ ᠢᠢ ᠨᠡᠮᠡᠭᠳᠡᠭᠦᠯᠬᠦ ᠨᠢ ᠮᠠᠨ ᠤ ᠣᠷᠣᠨ ᠤ ᠠᠵᠢᠯᠯᠠᠬᠤ ᠨᠥᠬᠥᠴᠡᠯ᠂ ᠢᠷᠭᠡᠳ ᠦᠨ ᠨᠠᠰᠤᠯᠠᠯᠲᠠ᠂ ᠬᠦᠮᠦᠨ ᠠᠮᠠ ᠵᠦᠢ ᠢᠢᠨ ᠣᠨᠴᠠᠯᠢᠭ ᠵᠡᠷᠭᠡ ᠳᠥ ᠲᠣᠬᠢᠷᠠᠬᠤ ᠦᠭᠡᠢ ᠪᠠᠢᠢᠭ᠎ᠠ ᠢᠢ ᠠᠩᠬᠠᠷᠴᠤ᠂ ᠡᠨᠡ ᠲᠠᠯ᠎ᠠ ᠪᠠᠷ ᠭᠠᠷᠭᠠᠭᠰᠠᠨ ᠰᠢᠢᠳᠪᠦᠷᠢ᠂ ᠥᠭᠡᠷᠡᠴᠢᠯᠡᠵᠦ ᠪᠠᠲᠤᠯᠠᠭᠰᠠᠨ ᠬᠠᠤᠯᠢ ᠪᠠᠨ ᠬᠦᠴᠦᠨ ᠦᠭᠡᠢ ᠪᠣᠯᠭᠠᠵᠤ᠂ ᠬᠠᠭᠤᠴᠢᠨ ᠢ ᠨᠢ ᠰᠡᠷᠭᠦᠭᠡᠨ ᠮᠥᠷᠳᠡᠭᠦᠯᠬᠦ ᠱᠠᠭᠠᠷᠳᠠᠯᠭ᠎ᠠ ᠢᠢ ᠢᠷᠭᠡᠳ ᠶᠡᠬᠡ ᠪᠡᠷ ᠲᠠᠯᠪᠢᠵᠤ ᠪᠠᠢᠢᠨ᠎ᠠ᠃

ᠤᠯᠤᠰ ᠲᠥᠷᠥ ᠢᠢᠨ ᠨᠠᠮ ᠤᠨ ᠰᠣᠩᠭ᠋ᠣᠭᠤᠯᠢ ᠢᠢᠨ ᠠᠮᠠᠯᠠᠯᠲᠠ᠂ ᠦᠨᠳᠦᠰᠦᠨ ᠦ ᠲᠡᠳᠬᠦᠪᠦᠷᠢ ᠢᠢᠨ ᠰᠢᠨᠡᠴᠢᠯᠡᠯ ᠦᠨ ᠠᠰᠠᠭᠤᠳᠠᠯ ᠢᠶᠠᠷ ᠲᠥᠷᠥ ᠡᠴᠡ ᠳᠡᠪᠰᠢᠭᠦᠯᠦᠭᠰᠡᠨ ᠪᠣᠳᠣᠯᠭ᠎ᠠ᠂ ᠵᠣᠷᠢᠯᠲᠠ ᠨᠤᠭᠤᠳ ᠢ ᠬᠡᠷᠡᠭᠵᠢᠭᠦᠯᠬᠦ ᠲᠠᠯ᠎ᠠ ᠪᠠᠷ ᠦᠶ᠎ᠡ ᠦᠶ᠎ᠡ ᠢᠢᠨ ᠵᠠᠰᠠᠭ ᠤᠨ ᠭᠠᠵᠠᠷ ᠤᠳ ᠤᠨ ᠦᠢᠯᠡ ᠠᠵᠢᠯᠯᠠᠭᠠᠨ ᠤ ᠬᠠᠷᠢᠯᠴᠠᠨ ᠤᠶᠠᠯᠳᠤᠭ᠎ᠠ ᠦᠭᠡᠢ ᠪᠠᠢᠢᠳᠠᠯ ᠠᠴᠠ ᠰᠢᠯᠲᠠᠭᠠᠯᠠᠨ ᠲᠡᠳᠬᠦᠪᠦᠷᠢ ᠢᠢᠨ ᠲᠣᠭᠲᠠᠯᠴᠠᠭᠠᠨ ᠳᠤ ᠲᠣᠮᠣᠬᠠᠨ ᠭᠠᠵᠢᠭ᠂ ᠬᠥᠭ᠍ᠵᠢᠯ ᠦᠨ ᠡᠷᠡᠭᠦᠯ ᠪᠤᠰᠤ ᠵᠦᠢ ᠲᠣᠭᠲᠠᠯ ᠪᠤᠢ ᠪᠣᠯᠤᠭᠰᠠᠨ ᠢ ᠢᠷᠭᠡᠳ᠂ ᠣᠯᠠᠨ ᠨᠡᠢᠢᠲᠡ ᠢᠯᠡᠳ ᠢᠶᠡᠷ ᠰᠢᠭᠦᠮᠵᠢᠯᠡᠵᠦ ᠪᠠᠢᠢᠨ᠎ᠠ᠃ ᠣᠯᠠᠨ ᠵᠢᠯ ᠠᠵᠢᠯ ᠬᠥᠳᠡᠯᠮᠦᠷᠢ ᠡᠷᠬᠢᠯᠡᠵᠦ᠂ ᠪᠠᠶᠠᠯᠢᠭ ᠪᠦᠲᠦᠭᠡᠵᠦ᠂ ᠨᠡᠢᠢᠭᠡᠮ ᠤᠨ ᠳᠠᠭᠠᠳᠬᠠᠯ ᠤᠨ ᠰᠢᠮᠡᠳᠭᠡᠯ ᠲᠥᠯᠦᠭᠰᠡᠨ ᠳᠠᠭᠠᠳᠬᠠᠭᠤᠯᠤᠭᠴᠢ ᠨᠢ ᠴᠥᠭᠡᠨ ᠵᠢᠯ ᠠᠵᠢᠯ ᠬᠥᠳᠡᠯᠮᠦᠷᠢ ᠡᠷᠬᠢᠯᠡᠭᠰᠡᠨ᠂ ᠲᠡᠳᠬᠦᠪᠦᠷᠢ ᠢᠢᠨ ᠳᠠᠭᠠᠳᠬᠠᠯ ᠤᠨ ᠰᠢᠮᠡᠳᠭᠡᠯ ᠪᠠᠭ᠎ᠠ ᠲᠥᠯᠦᠭᠰᠡᠨ ᠬᠦᠮᠦᠨ ᠡᠴᠡ ᠢᠯᠡᠭᠦᠦ ᠲᠡᠳᠬᠦᠪᠦᠷᠢ ᠠᠪᠳᠠᠭ ᠲᠡᠳᠬᠦᠪᠦᠷᠢ ᠢᠢᠨ ᠳᠠᠭᠠᠳᠬᠠᠯ ᠤᠨ ᠰᠢᠳᠤᠷᠭᠤ ᠲᠣᠭᠲᠠᠯᠴᠠᠭ᠎ᠠ ᠢᠢ ᠢᠷᠭᠡᠳ ᠬᠦᠰᠡᠵᠦ ᠪᠠᠢᠢᠨ᠎ᠠ᠃

ᠥᠨᠥ ᠢᠢᠨ ᠨᠡᠢᠢᠭᠡᠮ ᠤᠨ ᠳᠠᠭᠠᠳᠬᠠᠯ ᠤᠨ ᠰᠠᠩ ᠠᠴᠠ ᠲᠡᠳᠬᠦᠪᠦᠷᠢ ᠠᠪᠤᠭᠴᠢᠳ ᠤᠨ ᠲᠡᠳᠬᠦᠪᠦᠷᠢ ᠢᠢᠨ ᠬᠦᠷᠦᠯᠴᠡᠭᠡ ᠦᠭᠡᠢ ᠪᠠᠢᠢᠳᠠᠯ᠂ ᠢᠷᠡᠭᠡᠳᠦᠢ ᠳᠥ ᠲᠡᠳᠬᠦᠪᠦᠷᠢ ᠠᠪᠬᠤ ᠲᠡᠳᠬᠦᠪᠦᠷᠢ ᠢᠢᠨ ᠳᠠᠭᠠᠳᠬᠠᠯ ᠳᠤ ᠳᠠᠭᠠᠳᠬᠠᠭᠤᠯᠤᠭᠴᠢᠳ ᠤᠨ ᠢᠲᠡᠭᠡᠯ ᠨᠠᠢᠢᠳᠠᠪᠤᠷᠢ ᠢᠢ ᠰᠡᠷᠭᠦᠭᠡᠵᠦ᠂ ᠤᠷᠲᠤ ᠬᠤᠭᠤᠴᠠᠭᠠᠨ ᠳᠤ ᠮᠣᠩᠭ᠋᠋ᠣᠯ ᠬᠦᠮᠦᠨ ᠦ ᠨᠡᠢᠢᠭᠡᠮ ᠤᠨ ᠬᠠᠮᠠᠭᠠᠯᠠᠯ ᠤᠨ ᠪᠠᠲᠤᠯᠠᠭ᠎ᠠ ᠢᠢ ᠬᠠᠩᠭ᠋ᠠᠬᠤ ᠴᠢᠳᠠᠮᠵᠢ ᠲᠠᠢ ᠦᠨᠳᠦᠰᠦᠨ ᠦ ᠲᠡᠳᠬᠦᠪᠦᠷᠢ ᠢᠢᠨ ᠳᠠᠭᠠᠳᠬᠠᠯ ᠤᠨ ᠲᠣᠭᠲᠠᠯᠴᠠᠭ᠎ᠠ ᠢᠢ ᠰᠢᠨᠡᠴᠢᠯᠡᠨ ᠬᠥᠭ᠍ᠵᠢᠭᠦᠯᠬᠦ ᠲᠠᠯ᠎ᠠ ᠪᠠᠷ ᠮᠣᠩᠭ᠋᠋ᠣᠯ ᠤᠯᠤᠰ ᠤᠨ ᠵᠠᠰᠠᠭ ᠤᠨ ᠭᠠᠵᠠᠷ ᠲᠤ ᠴᠢᠭᠯᠡᠯ ᠥᠭ᠍ᠬᠦ ᠪᠣᠯᠤᠨ᠎ᠠ᠃ ᠬᠥᠭ᠍ᠵᠢᠯ ᠦᠨ ᠤᠷᠲᠤ ᠬᠤᠭᠤᠴᠠᠭᠠᠨ ᠳᠤ ᠰᠢᠨᠡᠴᠢᠯᠡᠯ᠂ ᠰᠠᠢᠢᠵᠢᠷᠠᠭᠤᠯᠤᠯᠲᠠ ᠢᠢᠨ ᠦᠨᠳᠦᠰᠦᠨ ᠵᠠᠷᠴᠢᠮ ᠤᠳ ᠢᠶᠠᠨ ᠬᠠᠷᠢᠯᠴᠠᠨ ᠣᠢᠢᠯᠠᠭᠠᠯᠴᠠᠵᠤ᠂ ᠬᠡᠷᠡᠭᠵᠢᠭᠦᠯᠬᠦ ᠵᠣᠷᠢᠯᠭ᠎ᠠ ᠪᠠᠷ ᠲᠥᠷᠥ᠂ ᠵᠠᠰᠠᠭ ᠢ ᠪᠦᠷᠢᠳᠦᠭᠦᠯᠦᠭᠴᠢ ᠤᠯᠤᠰ ᠲᠥᠷᠥ ᠢᠢᠨ ᠨᠠᠮ ᠤᠳ᠂ ᠨᠡᠢᠢᠭᠡᠮ ᠤᠨ ᠳᠠᠭᠠᠳᠬᠠᠯ ᠤᠨ ᠬᠠᠷᠢᠯᠴᠠᠭᠠᠨ ᠳᠤ ᠣᠷᠣᠯᠴᠠᠭᠴᠢ ᠲᠠᠯ᠎ᠠ ᠨᠤᠭᠤᠳ ᠤᠨ ᠬᠣᠭᠣᠷᠣᠨᠳᠣ ᠦᠨᠳᠦᠰᠦᠨ ᠦ ᠲᠡᠳᠬᠦᠪᠦᠷᠢ ᠢᠢᠨ ᠲᠣᠭᠲᠠᠯᠴᠠᠭᠠᠨ ᠤ ᠰᠢᠨᠡᠴᠢᠯᠡᠯ ᠦᠨ ᠠᠰᠠᠭᠤᠳᠠᠯ ᠢᠶᠠᠷ ᠦᠨᠳᠦᠰᠦᠨ ᠦ ᠵᠥᠪᠰᠢᠯᠴᠡᠯ ᠳᠥ ᠬᠦᠷᠬᠦ ᠱᠠᠭᠠᠷᠳᠠᠯᠭ᠎ᠠ ᠴᠤ ᠪᠠᠢᠢᠨ᠎ᠠ᠃ ᠲᠡᠳᠬᠦᠪᠦᠷᠢ ᠢᠢᠨ ᠲᠣᠭᠲᠠᠯᠴᠠᠭᠠᠨ ᠤ ᠰᠢᠨᠡᠴᠢᠯᠡᠯ ᠦᠨ ᠠᠰᠠᠭᠤᠳᠠᠯ ᠢᠶᠠᠷ ᠦᠨᠳᠦᠰᠦᠨ ᠦ ᠵᠥᠪᠰᠢᠯᠴᠡᠯ ᠳᠥ ᠬᠦᠷᠦᠭᠰᠡᠨ ᠲᠣᠬᠢᠶᠠᠯᠳᠤᠯ ᠳᠤ ᠰᠠᠭᠤᠷᠢ ᠵᠠᠷᠴᠢᠮ ᠤᠳ ᠢ ᠤᠯᠤᠰ ᠲᠥᠷᠥ ᠢᠢᠨ ᠵᠣᠷᠢᠯᠭ᠎ᠠ ᠪᠠᠷ ᠥᠭᠡᠷᠡᠴᠢᠯᠡᠬᠦ ᠦᠭᠡᠢ  ᠦᠭᠡᠢ ᠪᠠᠢᠢᠬᠤ᠂ ᠰᠢᠨᠡᠴᠢᠯᠡᠯ ᠦᠨ ᠠᠰᠠᠭᠤᠳᠠᠯ ᠤᠳ ᠲᠤ ᠰᠥᠷᠭᠦ ᠨᠥᠯᠥᠭᠡ ᠦᠵᠡᠭᠦᠯᠬᠦᠢᠢᠴᠡ ᠣᠯᠠᠨ ᠤᠯᠤᠰ ᠤᠨ ᠭᠡᠷ᠎ᠡ ᠬᠡᠯᠡᠴᠡᠯ ᠪᠠᠢᠢᠭᠤᠯᠬᠤ ᠦᠭᠡᠢ ᠪᠠᠢᠢᠬᠤ ᠨᠢ ᠵᠦᠢᠲᠡᠢ ᠶᠤᠮ᠃

ᠤᠯᠤᠰ ᠣᠷᠣᠨ ᠤ ᠮᠠᠺᠷᠣ‍ ᠡᠳ᠋ ᠍ ᠦᠨ ᠵᠠᠰᠠᠭ ᠤᠨ ᠦᠵᠡᠭᠦᠯᠦᠯᠲᠡ ᠨᠦᠭᠦᠳ ᠡᠴᠡ ᠬᠠᠮᠢᠶᠠᠷᠤᠭᠤᠯᠵᠤ ᠲᠡᠳᠬᠦᠪᠦᠷᠢ ᠪᠣᠳᠣᠬᠤ ᠴᠠᠯᠢᠩ ᠤᠨ ᠢᠲᠡᠭᠡᠯᠴᠡᠭᠦᠷᠢ ᠢᠢ ᠰᠢᠨᠡᠴᠢᠯᠡᠨ ᠲᠣᠭᠲᠠᠭᠠᠬᠤ᠂ ᠥᠨᠳᠥᠷ ᠨᠠᠰᠤᠲᠠᠨ ᠤ ᠥᠷᠭᠡᠨ ᠬᠡᠷᠡᠭᠯᠡᠭᠡᠨ ᠦ ᠪᠠᠷᠠᠭ᠎ᠠ᠂ ᠨᠡᠢᠢᠲᠡᠯᠢᠭ ᠦᠢᠯᠡᠴᠢᠯᠡᠭᠡᠨ ᠦ ᠦᠨ᠎ᠡ ᠲᠠᠷᠢᠹ ᠤᠨ ᠥᠭᠡᠷᠡᠴᠢᠯᠡᠯᠲᠡ ᠢᠢ ᠵᠢᠯ ᠪᠦᠷᠢ ᠲᠣᠭᠲᠠᠭᠠᠵᠤ᠂ ᠡᠳᠡᠭᠡᠷ ᠲᠡᠢ ᠤᠶᠠᠯᠳᠤᠭᠤᠯᠤᠨ ᠲᠡᠳᠬᠦᠪᠦᠷᠢ ᠢᠢ ᠰᠢᠨᠡᠴᠢᠯᠡᠨ ᠲᠣᠭᠠᠴᠠᠵᠤ ᠪᠠᠢᠢᠬᠤ ᠠᠷᠭᠠᠴᠢᠯᠠᠯ ᠢ ᠲᠣᠭᠲᠠᠭᠠᠨ ᠮᠥᠷᠳᠡᠬᠦ ᠱᠠᠭᠠᠷᠳᠠᠯᠭ᠎ᠠ ᠴᠤ ᠪᠠᠢᠢᠨ᠎ᠠ᠃ ᠲᠡᠳᠬᠦᠪᠦᠷᠢ ᠢᠢᠨ ᠲᠣᠭᠠᠴᠠᠭᠠᠯᠠᠯ ᠤᠨ ᠫᠠᠷᠠᠮᠧᠲ᠋ᠷ ᠲᠤ ᠰᠢᠭᠤᠳ ᠬᠠᠮᠢᠶᠠᠷᠤᠯ ᠲᠠᠢ ᠪᠤᠰᠤ ᠠᠵᠢᠯ ᠮᠡᠷᠭᠡᠵᠢᠯ ᠢᠶᠡᠷ ᠢᠯᠭᠠᠪᠤᠷᠢᠯᠠᠭᠰᠠᠨ ᠬᠥᠩᠭᠡᠯᠡᠯᠲᠡ᠂ ᠲᠡᠭᠰᠢ ᠪᠤᠰᠤ ᠨᠥᠬᠥᠴᠡᠯ ᠢᠶᠡᠷ ᠲᠡᠳᠬᠦᠪᠦᠷᠢ ᠲᠣᠭᠲᠠᠭᠠᠵᠤ ᠪᠤᠢ ᠫᠷᠠᠺᠲ᠋ᠢᠭ ᠠᠴᠠ ᠲᠠᠲᠠᠭᠠᠯᠵᠠᠬᠤ ᠴᠠᠭ ᠪᠣᠯᠤᠭᠰᠠᠨ ᠭᠡᠳᠡᠭ ᠨᠢ ᠣᠯᠠᠨ ᠤᠯᠤᠰ ᠤᠨ ᠪᠠᠢᠢᠭᠤᠯᠤᠯᠭ᠎ᠠ ᠨᠤᠭᠤᠳ ᠠᠴᠠ ᠮᠣᠩᠭ᠋᠋ᠣᠯ ᠤᠯᠤᠰ ᠤᠨ ᠵᠠᠰᠠᠭ ᠤᠨ ᠭᠠᠵᠠᠷ ᠲᠤ ᠥᠭ᠍ᠭᠦᠭ᠍ᠰᠡᠨ ᠤᠳᠠᠭ᠎ᠠ ᠳᠠᠷᠠᠭ᠎ᠠ ᠢᠢᠨ ᠵᠥᠪᠯᠡᠮᠵᠢ ᠨᠦᠭᠦᠳ ᠡᠴᠡ ᠬᠠᠷᠠᠭᠳᠠᠵᠤ ᠪᠠᠢᠢᠨ᠎ᠠ᠃

ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠠᠴᠠ ᠦᠨᠳᠦᠰᠦᠨ ᠦ ᠲᠡᠳᠬᠦᠪᠦᠷᠢ ᠢᠢᠨ ᠲᠣᠭᠲᠠᠯᠴᠠᠭᠠᠨ ᠤ ᠰᠢᠨᠡᠴᠢᠯᠡᠯ ᠦᠨ ᠦᠷ᠎ᠡ ᠳ᠋ᠦᠩ ᠳᠥ ᠲᠡᠳᠬᠦᠪᠦᠷᠢ ᠢᠢᠨ ᠬᠦᠷᠦᠯᠴᠡᠭᠡᠲᠡᠢ ᠪᠠᠢᠢᠳᠠᠯ ᠢ ᠬᠠᠩᠭ᠋ᠠᠵᠤ᠂ 2020 ᠣᠨ ᠬᠦᠷᠲᠡᠯ᠎ᠡ ᠨᠡᠢᠢᠭᠡᠮ ᠤᠨ ᠳᠠᠭᠠᠳᠬᠠᠯ ᠤᠨ ᠰᠠᠩ ᠠᠴᠠ ᠣᠯᠭᠣᠬᠤ ᠲᠡᠳᠬᠦᠪᠦᠷᠢ ᠢᠢᠨ ᠳᠣᠣᠷᠠᠳᠤ ᠬᠡᠮᠵᠢᠶ᠎ᠡ ᠢᠢ ᠦᠶ᠎ᠡ ᠱᠠᠲᠤᠯᠠᠯ ᠲᠠᠢ ᠪᠠᠷ 500 ᠮᠢᠩᠭ᠋ᠠᠨ ᠲᠥᠭᠥᠷᠢᠭ᠌ ᠲᠥ ᠬᠦᠷᠭᠡᠬᠦ ᠱᠠᠭᠠᠷᠳᠠᠯᠭ᠎ᠠ ᠲᠠᠢ᠃ ᠡᠭᠦᠨ ᠢ ᠡᠨᠡ ᠰᠠᠷ᠎ᠠ ᠢᠢᠨ ᠡᠬᠢ ᠪᠡᠷ ᠶᠠᠪᠤᠭᠤᠯᠤᠭᠰᠠᠨ ᠰᠤᠳᠤᠯᠭᠠᠨ ᠤ ᠳ᠋ᠦᠩ ᠴᠤ ᠨᠣᠲᠠᠯᠠᠵᠤ ᠪᠠᠢᠢᠭ᠎ᠠ᠃ ᠰᠤᠳᠤᠯᠭᠠᠨ ᠳᠤ ᠬᠠᠮᠤᠷᠤᠭᠳᠠᠭᠴᠢᠳ ᠤᠨ 82.9 ᠬᠤᠪᠢ ᠨᠢ ᠲᠡᠳᠬᠦᠪᠦᠷᠢ ᠢᠢ ᠨᠡᠮᠡᠭᠳᠡᠭᠦᠯᠬᠦ ᠨᠢ ᠵᠥᠪ ᠭᠡᠵᠦ ᠦᠵᠡᠭᠰᠡᠨ᠃ ᠤᠷᠲᠤ ᠬᠤᠭᠤᠴᠠᠭᠠᠨ ᠳᠤ ᠪᠠᠨ ᠦᠨᠳᠦᠰᠦᠨ ᠦ ᠲᠡᠳᠬᠦᠪᠦᠷᠢ ᠢᠢᠨ ᠳᠠᠭᠠᠳᠬᠠᠯ ᠤᠨ ᠲᠣᠭᠲᠠᠯᠴᠠᠭ᠎ᠠ ᠢᠢ ᠰᠢᠨᠡᠴᠢᠯᠡᠵᠦ᠂ ᠡᠷᠡᠭᠦᠯᠵᠢᠭᠦᠯᠬᠦ ᠵᠠᠮ ᠢᠶᠠᠷ ᠮᠣᠩᠭ᠋᠋ᠣᠯ ᠬᠦᠮᠦᠨ ᠦ ᠠᠮᠢᠳᠤᠷᠠᠯ ᠤᠨ ᠪᠠᠲᠤᠯᠠᠭ᠎ᠠ ᠢᠢ ᠬᠠᠩᠭ᠋ᠠᠬᠤ᠂ ᠦᠨᠳᠦᠰᠦᠨ ᠦ ᠲᠡᠳᠬᠦᠪᠦᠷᠢ ᠢᠢᠨ ᠲᠣᠭᠲᠠᠯᠴᠠᠭ᠎ᠠ ᠢᠢ ᠪᠦᠷᠢᠳᠦᠭᠦᠯᠬᠦ ᠨᠢ ᠪᠠᠶᠠᠯᠢᠭ ᠪᠦᠲᠦᠭᠡᠭ᠍ᠴᠢᠳ ᠦᠨ ᠢᠷᠡᠭᠡᠳᠦᠢ ᠢᠢᠨ ᠰᠠᠢᠢᠨ ᠰᠠᠢᠢᠬᠠᠨ ᠤ ᠪᠠᠲᠤᠯᠠᠭ᠎ᠠ ᠪᠣᠯᠤᠨ᠎ᠠ᠃

ᠠᠭᠤᠯᠵᠠᠯᠲᠠ ᠪᠦᠷᠢ ᠳᠦ ᠬᠥᠨᠳᠡᠭᠳᠡᠭᠰᠡᠨ ᠪᠠᠰᠠ ᠨᠢᠭᠡ ᠠᠰᠠᠭᠤᠳᠠᠯ ᠪᠣᠯ ᠬᠥᠭ᠍ᠵᠢᠯ ᠦᠨ ᠪᠡᠷᠬᠡᠰᠢᠶᠡᠯ ᠲᠡᠢ ᠬᠡᠦᠬᠡᠳ ᠦᠳ ᠦᠨ ᠰᠤᠷᠭᠠᠭᠤᠯᠢ᠂ ᠴᠡᠴᠡᠷᠯᠢᠭ ᠦᠨ ᠠᠰᠠᠭᠤᠳᠠᠯ ᠪᠠᠢᠢᠯ᠎ᠠ᠃ ᠬᠥᠭ᠍ᠵᠢᠯ ᠦᠨ ᠪᠡᠷᠬᠡᠰᠢᠶᠡᠯ ᠲᠡᠢ ᠬᠡᠦᠬᠡᠳ ᠦᠳ ᠦᠨ ᠰᠤᠷᠭᠠᠭᠤᠯᠢ᠂ ᠴᠡᠴᠡᠷᠯᠢᠭ ᠦᠨ ᠠᠰᠠᠭᠤᠳᠠᠯ ᠢ ᠵᠠᠰᠠᠭ ᠤᠨ ᠭᠠᠵᠠᠷ ᠲᠣᠭᠲᠠᠭᠠᠯ ᠭᠠᠷᠭᠠᠭᠠᠳ ᠰᠢᠢᠳᠴᠢᠬᠡ ᠪᠣᠯᠤᠮᠵᠢ ᠪᠦᠷᠢᠨ ᠪᠤᠢ᠃ ᠪᠦᠬᠦ ᠠᠢᠢᠮᠠᠭ᠂ ᠳᠡᠭᠦᠷᠭᠡ ᠰᠤᠮᠤᠳ ᠤᠨ ᠴᠡᠴᠡᠷᠯᠢᠭ᠂ ᠰᠤᠷᠭᠠᠭᠤᠯᠢ ᠳᠤ ᠲᠤᠰᠬᠠᠢ ᠠᠩᠭᠢ ᠨᠤᠭᠤᠳ ᠭᠠᠷᠭᠠᠭᠠᠳ ᠥᠭᠴᠢᠬᠦ ᠳᠥ ᠰᠢᠢᠳᠦᠭᠳᠡᠴᠢᠬᠡ ᠪᠡᠷ ᠠᠰᠠᠭᠤᠳᠠᠯ ᠶᠤᠮ᠃

ᠬᠥᠭ᠍ᠵᠢᠯ ᠦᠨ ᠪᠡᠷᠬᠡᠰᠢᠶᠡᠯ ᠲᠡᠢ ᠢᠷᠭᠡᠳ ᠢ ᠠᠵᠢᠯ ᠤᠨ ᠪᠠᠢᠢᠷᠢ ᠪᠠᠷ ᠬᠠᠩᠭ᠋ᠠᠬᠤ ᠠᠰᠠᠭᠤᠳᠠᠯ ᠢ ᠴᠤ ᠭᠡᠰᠡᠨ ᠰᠢᠢᠳᠬᠦ ᠴᠠᠭ ᠨᠢ ᠪᠣᠯᠵᠠᠢ᠃ ᠬᠥᠭ᠍ᠵᠢᠯ ᠦᠨ ᠪᠡᠷᠬᠡᠰᠢᠶᠡᠯ ᠲᠡᠢ ᠬᠦᠮᠦᠨ ᠦ ᠡᠷᠬᠡ ᠢᠢᠨ ᠲᠤᠬᠠᠢ ᠬᠠᠤᠯᠢ᠂ ᠬᠥᠳᠡᠯᠮᠦᠷᠢ ᠢᠢᠨ ᠲᠤᠬᠠᠢ ᠬᠠᠤᠯᠢ ᠢᠢᠨ 111 ᠳᠦᠭᠡᠷ ᠵᠦᠢᠯ᠂ ᠵᠠᠰᠠᠭ ᠤᠨ ᠭᠠᠵᠠᠷ ᠤᠨ 《ᠠᠵᠤ ᠠᠬᠤᠢ ᠢᠢᠨ ᠨᠢᠭᠡᠴᠡ ᠪᠠᠢᠢᠭᠤᠯᠤᠯᠭ᠎ᠠ ᠠᠴᠠ ᠬᠥᠭ᠍ᠵᠢᠯ ᠦᠨ ᠪᠡᠷᠬᠡᠰᠢᠶᠡᠯ ᠲᠡᠢ ᠪᠤᠶᠤ ᠣᠳᠣᠢ ᠬᠦᠮᠦᠨ ᠢ ᠠᠵᠢᠯᠯᠠᠭᠤᠯᠤᠭ᠎ᠠ ᠦᠭᠡᠢ ᠣᠷᠣᠨ ᠲᠣᠭ᠎ᠠ ᠲᠤᠲᠤᠮ ᠳᠤ ᠰᠠᠷ᠎ᠠ ᠪᠦᠷᠢ ᠲᠥᠯᠥᠪᠦᠷᠢ ᠤᠯᠭᠤᠬᠤ》 ᠲᠤᠬᠠᠢ 2009 ᠣᠨ ᠤ 26 ᠳ᠋ᠤᠭᠠᠷ ᠲᠣᠭᠲᠠᠭᠠᠯ ᠵᠡᠷᠭᠡ ᠢᠢ ᠮᠥᠷᠳᠡᠭᠦᠯᠬᠦ ᠵᠢᠷᠤᠮ ᠳᠤ ᠥᠭᠡᠷᠡᠴᠢᠯᠡᠯᠲᠡ ᠤᠷᠤᠭᠤᠯᠬᠤ ᠵᠠᠮ ᠢᠶᠠᠷ ᠰᠢᠢᠳᠴᠢᠬᠡᠵᠦ ᠪᠣᠯᠬᠣ ᠪᠠᠷ ᠪᠠᠢᠢᠨ᠎ᠠ᠃ ᠭᠠᠳᠠᠭᠠᠳᠤ ᠠᠴᠠ ᠠᠵᠢᠯᠯᠠᠬᠤ ᠬᠦᠴᠦ ᠠᠪᠪᠠᠯ ᠬᠥᠳᠡᠯᠮᠦᠷᠢ ᠡᠷᠬᠢᠯᠡᠯᠲᠡ ᠢᠢ ᠳᠡᠮᠵᠢᠬᠦ ᠰᠠᠩ ᠳᠤ ᠠᠵᠢᠯ ᠤᠨ ᠪᠠᠢᠢᠷᠢᠨ ᠤ ᠲᠥᠯᠥᠪᠦᠷᠢ ᠲᠥᠯᠦᠳᠡᠭ ᠵᠢᠱᠢᠭ ᠢᠶᠡᠷ ᠬᠠᠤᠯᠢ ᠳᠤ ᠵᠢᠭᠠᠭᠰᠠᠨ ᠬᠡᠮᠵᠢᠶ᠎ᠡ ᠪᠡᠷ ᠬᠥᠭ᠍ᠵᠢᠯ ᠦᠨ ᠪᠡᠷᠬᠡᠰᠢᠶᠡᠯ ᠲᠡᠢ ᠬᠦᠮᠦᠨ ᠠᠵᠢᠯᠯᠠᠭᠤᠯᠤᠭ᠎ᠠ ᠦᠭᠡᠢ ᠪᠠᠢᠢᠭᠤᠯᠤᠯᠭ᠎ᠠ ᠠᠵᠢᠯᠯᠠᠭᠤᠯᠤᠭ᠎ᠠ ᠦᠭᠡᠢ ᠠᠵᠢᠯ ᠤᠨ ᠪᠠᠢᠢᠷᠢᠨ ᠤ ᠪᠠᠨ ᠲᠣᠭ᠎ᠠ ᠪᠠᠷ ᠠᠵᠢᠯ ᠤᠨ ᠪᠠᠢᠢᠷᠢᠨ ᠤ ᠲᠥᠯᠥᠪᠦᠷᠢ ᠲᠥᠯᠦᠳᠡᠭ ᠵᠢᠭᠠᠯᠲᠠ ᠣᠷᠣᠭᠤᠯᠤᠶ᠎ᠠ᠃ ᠬᠥᠭ᠍ᠵᠢᠯ ᠦᠨ ᠪᠡᠷᠬᠡᠰᠢᠶᠡᠯ ᠲᠡᠢ ᠢᠷᠭᠡᠳ ᠦᠨ ᠲᠥᠷᠥ ᠢᠢᠨ ᠪᠤᠰᠤ ᠪᠠᠢᠢᠭᠤᠯᠤᠯᠭ᠎ᠠ ᠨᠤᠭᠤᠳ ᠨᠢᠭᠡᠳᠴᠦ᠂ ᠦᠨᠳᠦᠰᠦᠨ ᠦ ᠨᠢᠭᠡᠳᠦᠭᠰᠡᠨ ᠬᠣᠯᠪᠣᠭ᠎ᠠ ᠪᠠᠢᠢᠭᠤᠯᠪᠠᠯ ᠲᠡᠷᠡ ᠬᠣᠯᠪᠣᠭᠠᠨ ᠳᠤ ᠡᠨᠡ ᠬᠤᠷᠠᠮᠲᠤᠯᠠᠭᠳᠠᠭᠰᠠᠨ ᠬᠥᠷᠥᠩᠭᠡ ᠢᠢ ᠠᠵᠢᠯ ᠤᠨ ᠪᠠᠢᠢᠷᠢ ᠡᠭᠦᠰᠭᠡᠬᠦ ᠵᠣᠷᠢᠭᠤᠯᠤᠯᠲᠠ ᠪᠠᠷ ᠣᠯᠭᠤᠳᠠᠭ ᠵᠢᠷᠤᠮ ᠲᠠᠢ ᠪᠣᠯᠭᠠᠶ᠎ᠠ᠃ ᠦᠨᠳᠦᠰᠦᠨ ᠦ ᠬᠣᠯᠪᠣᠭ᠎ᠠ ᠨᠢ ᠬᠥᠭ᠍ᠵᠢᠯ ᠦᠨ ᠪᠡᠷᠬᠡᠰᠢᠶᠡᠯ ᠲᠡᠢ ᠢᠷᠭᠡᠳ ᠦᠨ ᠳᠣᠣᠷ᠎ᠠ ᠬᠠᠶᠠᠵᠤ 85 ᠬᠤᠪᠢ ᠢᠢ ᠡᠩᠨᠡᠭᠡᠨᠳᠠ ᠪᠡᠨ ᠨᠢᠭᠡᠳᠬᠡᠭ᠍ᠰᠡᠨ ᠨᠥᠬᠥᠴᠡᠯ ᠳᠥ ᠮᠥᠩᠭᠥ ᠢᠢ ᠵᠠᠬᠢᠷᠤᠨ ᠵᠠᠷᠤᠴᠠᠭᠤᠯᠬᠤ ᠡᠷᠬᠡ ᠨᠡᠭᠡᠭᠡᠭ᠍ᠳᠡᠳᠡᠭ ᠪᠠᠢᠢᠵᠤ ᠪᠣᠯᠤᠨ᠎ᠠ᠃

ᠲᠡᠳᠬᠦᠪᠦᠷᠢ ᠢᠢᠨ ᠬᠡᠮᠵᠢᠶ᠎ᠡ ᠠᠮᠢᠳᠤᠷᠠᠯ ᠳᠤ ᠬᠦᠷᠦᠯᠴᠡᠬᠦ ᠦᠭᠡᠢ ᠪᠠᠢᠢᠭ᠎ᠠ᠂ ᠶᠠᠳᠠᠭᠤᠷᠠᠯ ᠶᠡᠬᠡᠰᠴᠦ᠂ ᠠᠵᠢᠯ ᠤᠨ ᠪᠠᠢᠢᠷᠢ ᠣᠯᠳᠤᠬᠤ ᠦᠭᠡᠢ ᠪᠠᠢᠢᠭ᠎ᠠ ᠵᠡᠷᠭᠡ ᠠᠰᠠᠭᠤᠳᠠᠯ ᠤᠳ ᠤᠨ ᠤᠭ ᠦᠨᠳᠦᠰᠦ ᠨᠢ ᠪᠠᠶᠠᠯᠢᠭ ᠤᠨ ᠲᠡᠭᠰᠢ ᠪᠤᠰᠤ ᠬᠤᠪᠢᠶᠠᠷᠢᠯᠠᠯᠲᠠ ᠳᠤ ᠪᠤᠢ᠃ 2011 ᠣᠨ ᠠᠴᠠ ᠬᠣᠢᠢᠰᠢ ᠮᠣᠩᠭ᠋᠋ᠣᠯ ᠤᠯᠤᠰ ᠤᠨ ᠳᠣᠲᠣᠭᠠᠳᠤ ᠢᠢᠨ ᠨᠡᠢᠢᠲᠡ ᠪᠦᠲᠦᠭᠡᠭ᠍ᠳᠡᠬᠦᠨ ᠦ ᠬᠡᠮᠵᠢᠶ᠎ᠡ 10 ᠲᠡᠷᠪᠤᠮ ᠠᠮ‍᠂ᠳ᠋ᠣᠯᠯᠠᠷ ᠠᠴᠠ ᠳᠡᠭᠡᠭ᠍ᠰᠢ ᠪᠠᠢᠢᠵᠠᠢ᠃ ᠬᠢᠮᠤᠷᠠᠯ ᠲᠠᠢ ᠭᠡᠭ᠍ᠳᠡᠭᠰᠡᠨ ᠰᠡᠭᠦᠯ ᠦᠨ ᠳᠥᠷᠪᠡᠨ ᠵᠢᠯ ᠳᠥ ᠴᠤ 11 ᠲᠡᠷᠪᠤᠮ ᠳ᠋ᠣᠯᠯᠠᠷ ᠠᠴᠠ ᠪᠠᠭᠤᠭᠰᠠᠨ ᠦᠭᠡᠢ᠃ ᠭᠡᠲᠡᠯ᠎ᠡ ᠶᠠᠳᠠᠭᠤᠷᠠᠯ 37 ᠬᠤᠪᠢ ᠳᠤ ᠬᠦᠷᠴᠦ᠂ ᠶᠠᠳᠠᠭᠤ ᠡᠷᠦᠬᠡ ᠢᠢᠨ ᠲᠣᠭ᠎ᠠ 250 ᠮᠢᠩᠭ᠎᠎ᠠ ᠭᠡᠵᠦ ᠪᠦᠷᠢᠳᠬᠡᠭ᠍ᠳᠡᠵᠡᠢ᠃ ᠮᠠᠯ ᠤᠨ ᠲᠣᠭ᠎ᠠ ᠥᠰᠦᠭᠰᠡᠨ᠂ ᠤᠯᠤᠰ ᠤᠨ ᠨᠡᠢᠢᠲᠡ ᠣᠷᠣᠯᠭ᠎ᠠ ᠴᠤ ᠪᠠᠭᠤᠷᠠᠭ᠎ᠠ ᠦᠭᠡᠢ᠂ ᠭᠡᠲᠡᠯ᠎ᠡ ᠬᠦᠮᠦᠨ ᠠᠮᠠ ᠢᠢᠨ ᠭᠤᠷᠪᠠᠨ ᠤ ᠨᠢᠭᠡ ᠨᠢ ᠶᠠᠳᠠᠭᠤ ᠲᠠᠷᠴᠢᠭ ᠠᠮᠢᠳᠤᠷᠠᠵᠤ ᠪᠠᠢᠢᠳᠠᠭ᠃ ᠡᠨᠡ ᠶᠠᠭᠤ ᠢᠢ ᠢᠯᠡᠷᠬᠡᠢᠢᠯᠡᠵᠦ ᠪᠠᠢᠢᠨ᠎ᠠ ᠭᠡᠬᠦ ᠪᠡᠷ ᠪᠠᠶᠠᠯᠢᠭ ᠠᠴᠠ ᠣᠯᠵᠤ ᠪᠠᠢᠢᠭ᠎ᠠ ᠣᠷᠣᠯᠭ᠎ᠠ ᠨᠡᠢᠢᠲᠡ ᠳᠥ ᠬᠦᠷᠲᠡᠭᠡᠮᠵᠢ ᠦᠭᠡᠢ ᠪᠠᠢᠢᠨ᠎ᠠ᠃ ᠮᠥᠩᠭᠥ ᠬᠠᠮᠢᠭᠠᠰᠢ ᠪᠠᠨ ᠤᠷᠤᠪᠠ? ᠨᠡᠢᠢᠲᠡ ᠳᠥ ᠬᠦᠷᠲᠡᠭᠡᠯᠲᠡᠢ ᠪᠠᠢᠢᠵᠤ ᠴᠢᠳᠠᠭᠰᠠᠨ ᠤᠤ? ᠵᠡᠷᠭᠡ ᠠᠰᠠᠭᠤᠯᠲᠠ ᠨᠤᠭᠤᠳ ᠲᠤ ᠶᠠᠮᠠᠷ ᠴᠤ ᠬᠠᠷᠢᠭᠤᠯᠲᠠ ᠠᠯᠠᠭ᠎ᠠ᠃

ᠬᠠᠳᠠᠭᠠᠯᠠᠮᠵᠢ ᠡᠵᠡᠮᠰᠢᠵᠦ ᠪᠠᠢᠢᠭ᠎ᠠ ᠢᠷᠭᠡᠳ ᠦᠨ ᠬᠣᠶᠠᠷ ᠬᠤᠪᠢ ᠨᠢ ᠨᠡᠢᠢᠲᠡ ᠬᠠᠳᠠᠭᠠᠯᠠᠮᠵᠢ ᠢᠢᠨ 96 ᠬᠤᠪᠢ ᠢᠢ ᠡᠵᠡᠮᠰᠢᠵᠦ ᠪᠠᠢᠢᠨ᠎ᠠ ᠭᠡᠳᠡᠭ ᠬᠡᠲᠦ ᠴᠥᠭᠡᠩᠬᠢ ᠳᠥ ᠪᠠᠶᠠᠯᠢᠭ ᠬᠤᠷᠠᠮᠲᠤᠯᠠᠭᠳᠠᠭᠠᠳ ᠪᠠᠢᠢᠭ᠎ᠠ ᠢᠢ ᠯᠠ ᠢᠯᠡᠳᠬᠡᠵᠦ ᠪᠠᠢᠢᠭ᠎ᠠ ᠲᠣᠭᠠᠨ ᠦᠵᠡᠭᠦᠯᠦᠯᠲᠡ ᠶᠤᠮ᠃ ᠨᠡᠢᠢᠭᠡᠮ ᠢ ᠴᠢᠷᠴᠦ ᠶᠠᠪᠤᠳᠠᠭ᠂ ᠪᠠᠶᠠᠯᠢᠭ ᠢ ᠪᠦᠲᠦᠭᠡᠳᠡᠭ᠂ ᠲᠣᠭᠲᠠᠪᠤᠷᠢᠲᠠᠢ ᠪᠠᠢᠢᠳᠠᠯ ᠢ ᠬᠠᠩᠭ᠋ᠠᠳᠠᠭ ᠳᠤᠮᠳᠠᠴᠢ ᠳᠠᠪᠬᠤᠷᠭ᠎ᠠ ᠢᠢᠨ ᠬᠡᠮᠵᠢᠶ᠎ᠡ᠂ ᠨᠥᠯᠥᠭᠡᠯᠡᠯ ᠣᠭᠲᠣ ᠪᠠᠢᠢᠬᠤ ᠦᠭᠡᠢ ᠲᠡᠢ ᠠᠳᠠᠯᠢ ᠪᠣᠯᠤᠭᠰᠠᠨ ᠪᠠᠢᠢᠨ᠎ᠠ ᠭᠡᠰᠡᠨ ᠦᠭᠡ᠃ ᠭᠡᠲᠡᠯ᠎ᠡ ᠦᠨᠳᠦᠰᠦᠨ ᠬᠠᠤᠯᠢ ᠢᠢᠨ 6 ᠳ᠋ᠤᠭᠠᠷ ᠵᠦᠢᠯ ᠦᠨ ᠨᠢᠭᠡ ᠳᠥ ᠭᠠᠵᠠᠷ ᠤᠨ ᠪᠠᠶᠠᠯᠢᠭ ᠨᠢ ᠨᠡᠢᠢᠲᠡ ᠠᠷᠠᠳ ᠲᠦᠮᠡᠨ ᠦ ᠥᠮᠴᠢ ᠭᠡᠳ ᠵᠠᠭᠠᠴᠢᠬᠠᠭᠰᠠᠨ ᠪᠠᠢᠢᠳᠠᠭ᠃ ᠡᠨᠡ ᠵᠢᠭᠠᠯᠲᠠ ᠢᠢ ᠮᠣᠩᠭ᠋᠋ᠣᠯ ᠤᠨ ᠲᠥᠷᠥ ᠬᠡᠷᠡᠭᠵᠢᠭᠦᠯᠬᠦ ᠶᠤᠮ ᠤᠤ ᠦᠭᠡᠢ ᠤᠤ? ᠦᠨᠳᠦᠰᠦᠨ ᠬᠠᠤᠯᠢ ᠢᠢᠨ 6 ᠍ ᠳᠤᠭᠠᠷ ᠵᠦᠢᠯ ᠦᠨ 1 ᠳ᠋ᠡᠬᠢ ᠵᠢᠭᠠᠯᠲᠠ ᠢᠢ ᠬᠡᠷᠡᠭᠵᠢᠭᠦᠯᠬᠦ ᠠᠪᠠᠰᠤ ᠠᠬᠠᠮᠠᠳ ᠤᠳ ᠤᠨ ᠲᠡᠳᠬᠦᠪᠦᠷᠢ ᠢᠢ 500 ᠮᠢᠩᠭ᠋ᠠᠨ ᠲᠥᠭᠥᠷᠢᠭ᠌ ᠲᠥ ᠬᠦᠷᠭᠡᠬᠦ ᠨᠢ ᠪᠡᠶᠡᠯᠡᠰᠢ ᠦᠭᠡᠢ ᠬᠦᠨᠳᠦ ᠵᠣᠷᠢᠯᠲᠠ ᠪᠢᠰᠢ ᠪᠠᠢᠢᠬᠤ ᠶᠤᠮ᠃ ᠠᠷᠠᠳ ᠲᠦᠮᠡᠨ ᠡᠴᠡ ᠰᠣᠩᠭ᠋ᠣᠭᠳᠠᠵᠤ᠂ ᠦᠨᠡᠮᠯᠡᠬᠦᠢ ᠡᠷᠬᠡ ᠮᠡᠳᠡᠯ ᠢ ᠣᠯᠵᠤ ᠠᠪᠤᠭᠰᠠᠨ ᠣᠯᠠᠩᠬᠢ ᠢᠢᠨ ᠪᠦᠯᠦᠭ ᠦᠨ 65 ᠭᠡᠰᠢᠭᠦᠨ ᠲᠠ ᠪᠦᠬᠦᠨ ᠢ ᠡᠨᠡ ᠴᠢᠭᠯᠡᠯ ᠢᠶᠡᠷ ᠳᠣᠷᠪᠢᠲᠠᠢ ᠰᠢᠢᠳᠪᠦᠷᠢ ᠭᠠᠷᠭᠠᠬᠤ ᠪᠣᠯᠪᠠ ᠤᠤ ᠭᠡᠳ ᠰᠣᠩᠭ᠋ᠣᠭᠴᠢᠳ ᠴᠢᠨᠢ ᠨᠠᠢᠢᠳᠠᠵᠤ᠂ ᠬᠦᠯᠢᠶᠡᠭᠰᠡᠭᠡᠷ ᠰᠠᠭᠤᠨ᠎ᠠ᠃ ᠲᠠ ᠪᠦᠬᠦᠨ ᠦ ᠰᠣᠩᠭ᠋ᠣᠭᠳᠠᠭᠰᠠᠨ ᠳᠥᠷᠪᠡᠨ ᠵᠢᠯ ᠦᠨ ᠪᠠᠷᠤᠭ ᠲᠠᠯ᠎ᠠ ᠨᠢ ᠥᠩᠭᠡᠷᠡᠯ᠎ᠡ᠃

ᠣᠹᠹᠱᠣᠷ ᠳᠠᠩᠰᠠᠨ ᠳᠤ ᠬᠥᠷᠥᠩᠭᠡ ᠪᠡᠨ ᠨᠢᠭᠤᠭᠰᠠᠨ ᠤᠯᠤᠰ ᠲᠥᠷᠦᠴᠢᠳ ᠦᠨ ᠠᠰᠠᠭᠤᠳᠠᠯ ᠢ ᠰᠢᠢᠳᠪᠦᠷᠢᠯᠡᠬᠦ ᠲᠠᠯ᠎ᠠ ᠳᠡᠭᠡᠷ᠎ᠡ ᠠᠪᠢᠯᠭ᠎ᠠ ᠳᠠᠢ ᠲᠡᠮᠡᠴᠡᠬᠦ ᠭᠠᠵᠠᠷ ᠵᠡᠷᠭᠡ ᠬᠠᠤᠯᠢ ᠬᠢᠨᠠᠯᠲᠠ ᠢᠢᠨ ᠪᠠᠢᠢᠭᠤᠯᠤᠯᠭ᠎ᠠ ᠲᠤᠢᠢᠯ ᠤᠨ ᠢᠳᠡᠪᠬᠢ ᠰᠠᠨᠠᠭᠠᠴᠢᠯᠭ᠎ᠠ ᠦᠭᠡᠢ᠂ ᠬᠠᠱᠠᠩ ᠬᠠᠨᠳᠤᠵᠤ ᠪᠠᠢᠢᠭ᠎ᠠ ᠢᠢ ᠣᠯᠠᠨ ᠨᠡᠢᠢᠲᠡ ᠪᠥᠭᠥᠳᠡᠭᠡᠷ ᠬᠠᠷᠠᠵᠤ ᠪᠤᠢ᠃ ᠠᠪᠢᠯᠭ᠎ᠠ ᠳᠠᠢ ᠲᠡᠮᠡᠴᠡᠬᠦ ᠭᠠᠵᠠᠷ  ᠤᠨ ᠤᠳᠤᠷᠢᠳᠤᠯᠭ᠎ᠠ ᠰᠣᠯᠢᠭᠳᠠᠭᠰᠠᠨ ᠰᠡᠭᠦᠯ ᠦᠨ ᠬᠣᠶᠠᠷ ᠵᠢᠯ ᠳᠥ ᠮᠣᠩᠭ᠋᠋ᠣᠯ ᠤᠯᠤᠰ ᠠᠪᠢᠯᠭ᠎ᠠ ᠢᠢᠨ ᠢᠨ᠋ᠳᠧᠺᠰ ᠢᠶᠡᠷ ᠢᠶᠡᠨ ᠳᠠᠷᠤᠢ 31 ᠪᠠᠢᠢᠷᠢ ᠪᠠᠷ ᠤᠬᠤᠷᠢᠵᠠᠢ᠃ ᠨᠢᠭᠡ ᠴᠤ ᠳᠣᠷᠪᠢᠲᠠᠢ ᠬᠡᠷᠡᠭ ᠰᠢᠢᠳᠪᠦᠷᠢᠯᠡᠭᠳᠡᠭᠰᠡᠨ ᠦᠭᠡᠢ᠃ ᠠᠵᠢᠯ ᠬᠠᠷᠢᠭᠤᠴᠠᠭᠰᠠᠨ ᠬᠦᠮᠦᠨ ᠡᠭᠦᠷᠭᠡ ᠬᠠᠷᠢᠭᠤᠴᠠᠯᠭ᠎ᠠ ᠪᠠᠨ ᠪᠡᠶᠡᠯᠡᠭᠦᠯᠬᠦ ᠦᠭᠡᠢ ᠪᠠᠢᠢᠭ᠎ᠠ ᠨᠥᠬᠥᠴᠡᠯ ᠳᠥ ᠥᠭᠡᠷᠡᠴᠢᠯᠡᠬᠦ᠂ ᠰᠣᠯᠢᠬᠤ ᠶᠣᠰᠣᠲᠠᠢ ᠪᠠᠢᠢᠬᠤ᠃ ᠪᠢ ᠣᠢᠢᠷ᠎ᠠ ᠢᠢᠨ ᠦᠶ᠎ᠡ ᠳᠢ ᠠᠪᠢᠯᠭ᠎ᠠ ᠳᠠᠢ ᠲᠡᠮᠡᠴᠡᠬᠦ ᠭᠠᠵᠠᠷ ᠤᠨ ᠤᠳᠤᠷᠢᠳᠤᠯᠭ᠎ᠠ ᠢᠢ ᠶᠠᠭᠠᠷᠠᠯᠲᠠᠢ ᠰᠣᠯᠢᠬᠤ ᠠᠰᠠᠭᠤᠳᠠᠯ ᠢᠶᠠᠷ ᠤᠯᠤᠰ ᠤᠨ ᠶᠡᠬᠡ ᠬᠤᠷᠠᠯ ᠤᠨ ᠳᠠᠷᠤᠭ᠎ᠠ ᠳᠤ ᠬᠠᠨᠳᠤᠨ᠎ᠠ᠃ ᠲᠠ ᠪᠦᠬᠦᠨ ᠬᠡᠯᠡᠯᠴᠡᠨ ᠰᠢᠢᠳᠪᠦᠷᠢᠯᠡᠬᠦ ᠡᠴᠡ ᠥᠭᠡᠷ᠎ᠡ ᠠᠷᠭ᠎ᠠ ᠪᠠᠢᠢᠬᠤ ᠦᠭᠡᠢ ᠭᠡᠳᠡᠭ ᠢ ᠳᠠᠪᠬᠤᠷ ᠰᠠᠨᠠᠭᠤᠯᠤᠶ᠎ᠠ᠃ ᠠᠵᠢᠯ ᠢᠶᠠᠨ ᠬᠢᠵᠦ ᠴᠢᠳᠠᠬᠤ ᠦᠭᠡᠢ ᠪᠠᠢᠢᠭ᠎ᠠ᠂ ᠠᠪᠢᠯᠭ᠎ᠠ ᠳᠠᠢ ᠲᠡᠮᠡᠴᠡᠬᠦ ᠡᠭᠦᠷᠭᠡ ᠪᠡᠨ ᠪᠡᠶᠡᠯᠡᠭᠦᠯᠬᠦ ᠦᠭᠡᠢ ᠪᠠᠢᠢᠭ᠎ᠠ ᠠᠯᠪᠠᠨ ᠲᠤᠰᠢᠶᠠᠯᠲᠠ ᠨᠤᠭᠤᠳ ᠢᠶᠠᠨ ᠶᠠᠭᠠᠷᠠᠯᠲᠠᠢ ᠰᠤᠯᠢᠵᠤ᠂ ᠲᠥᠷᠥ ᠢᠢᠨ ᠬᠡᠪ ᠦᠨ ᠦᠢᠯᠡ ᠠᠵᠢᠯᠯᠠᠭ᠎ᠠ ᠢᠢ ᠬᠠᠩᠭ᠋ᠠᠭᠠᠴᠢ ᠭᠡᠵᠦ ᠣᠯᠠᠨ ᠲᠦᠮᠡᠨ ᠲᠠ ᠪᠦᠬᠦᠨ ᠡᠴᠡ ᠱᠠᠭᠠᠷᠳᠠᠵᠤ ᠪᠠᠢᠢᠨ᠎ᠠ᠃ ᠠᠪᠢᠯᠭ᠎ᠠ ᠳᠠᠢ ᠲᠡᠮᠡᠴᠡᠬᠦ ᠭᠠᠵᠠᠷ  ᠤᠨ ᠤᠳᠤᠷᠢᠳᠤᠯᠭ᠎ᠠ ᠢᠢ ᠨᠡᠷ᠎ᠡ ᠳᠡᠪᠰᠢᠭᠦᠯᠬᠦ ᠡᠷᠬᠡ ᠨᠢ ᠨᠠᠳᠠ ᠳᠤ ᠪᠠᠢᠢᠭ᠎ᠠ ᠴᠤ ᠲᠤᠮᠢᠯᠠᠬᠤ ᠡᠷᠬᠡ ᠨᠢ ᠤᠯᠤᠰ ᠤᠨ ᠶᠡᠬᠡ ᠬᠤᠷᠠᠯ ᠢᠢᠨ ᠭᠡᠰᠢᠭᠦᠨ ᠲᠠ ᠪᠦᠬᠦᠨ ᠳᠥ ᠪᠠᠢᠢᠭ᠎ᠠ᠃ ᠮᠢᠨᠦ ᠪᠡᠶ᠎ᠡ ᠬᠠᠤᠯᠢ ᠢᠢᠨ ᠳᠠᠭᠠᠭᠤ ᠲᠣᠮᠢᠯᠠᠳᠠᠭ ᠠᠯᠪᠠᠨ ᠲᠤᠰᠢᠶᠠᠯᠲᠠ ᠨᠤᠭᠤᠳ ᠢᠶᠠᠨ ᠠᠪᠯᠢᠭ᠎ᠠ᠂ ᠠᠯᠪᠠᠨ ᠲᠤᠰᠢᠶᠠᠯ ᠤᠨ ᠬᠡᠷᠡᠭ ᠲᠥ ᠬᠣᠯᠪᠣᠭᠳᠠᠭᠰᠠᠨ ᠨᠢ ᠨᠣᠲᠠᠯᠠᠭᠳᠠᠪᠠᠯ ᠦᠭᠡ ᠳᠠᠭᠤ ᠦᠭᠡᠢ ᠠᠵᠢᠯ ᠠᠴᠠ ᠴᠢᠯᠦᠭᠡᠯᠡᠵᠦ ᠬᠠᠷᠢᠭᠤᠴᠠᠯᠭ᠎ᠠ ᠲᠣᠭᠠᠴᠠᠨ᠎ᠠ᠃ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠴᠤ ᠭᠡᠰᠡᠨ ᠲᠣᠮᠢᠯᠠᠵᠤ ᠴᠢᠳᠠᠭᠰᠠᠨ ᠪᠣᠯ᠂ ᠬᠠᠷᠢᠭᠤᠴᠠᠯᠭ᠎ᠠ ᠲᠣᠭᠠᠴᠠᠵᠤ ᠴᠢᠳᠠᠳᠠᠭ ᠪᠠᠢᠢᠬᠤ ᠦᠭᠡᠢ ᠪᠣᠯ ᠲᠥᠷᠥ ᠳᠥ ᠢᠲᠡᠭᠡᠬᠦ᠂ ᠰᠢᠳᠤᠷᠭᠤ ᠶᠣᠰᠣᠨ ᠳᠤ ᠨᠠᠢᠢᠳᠠᠬᠤ ᠢᠷᠭᠡᠳ ᠦᠨ ᠢᠲᠡᠭᠡᠯ ᠤᠯᠠᠮ ᠪᠦᠷᠢ ᠠᠯᠳᠠᠷᠠᠭᠰᠠᠭᠠᠷ ᠪᠠᠢᠢᠨ᠎ᠠ᠃

ᠣᠳᠣ ᠬᠠᠷᠠᠭᠠᠳ ᠰᠠᠭᠤᠬᠤ ᠴᠠᠭ ᠠᠯᠠᠭ᠎ᠠ᠃ ᠶᠡᠷᠦᠩᠬᠡᠢᠢᠯᠡᠭᠴᠢ ᠢᠢᠨ ᠬᠠᠤᠯᠢ ᠰᠠᠨᠠᠭᠠᠴᠢᠯᠠᠬᠤ ᠡᠷᠬᠡ ᠢᠢᠨ ᠬᠦᠷᠢᠶᠡᠨ ᠳᠥ ᠪᠢ ᠵᠣᠬᠢᠬᠤ ᠠᠰᠠᠭᠤᠳᠠᠯ ᠤᠳ ᠢ ᠲᠤᠰᠬᠠᠭᠰᠠᠨ ᠬᠠᠤᠯᠢ ᠢᠢᠨ ᠲᠥᠰᠥᠯ ᠦᠳ ᠢ ᠰᠠᠨᠠᠭᠠᠴᠢᠯᠠᠨ ᠤᠯᠤᠰ ᠤᠨ ᠶᠡᠬᠡ ᠬᠤᠷᠠᠯ ᠪᠠᠷ ᠤᠳᠤᠬᠤ ᠦᠭᠡᠢ ᠬᠡᠯᠡᠯᠴᠡᠭᠦᠯᠬᠦ ᠪᠣᠯᠤᠨ᠎ᠠ᠃ ᠬᠠᠷᠢᠨ ᠡᠷᠬᠢᠮ ᠭᠡᠰᠢᠭᠦᠳ ᠲᠠ ᠪᠦᠬᠦᠨ ᠨᠠᠮᠴᠢᠷᠬᠠᠯ ᠦᠭᠡᠢ᠂ ᠤᠯᠤᠰ ᠲᠥᠷᠦᠵᠢᠯ ᠦᠭᠡᠢ᠂ ᠢᠷᠭᠡᠳ ᠰᠣᠩᠭ᠋ᠣᠭᠴᠢᠳ ᠤᠨ ᠢᠶᠠᠨ ᠡᠷᠬᠡ ᠠᠰᠢᠭ ᠢ ᠳᠡᠭᠡᠳᠦᠯᠡᠬᠦ ᠵᠠᠷᠴᠢᠮ ᠢᠶᠠᠷ ᠬᠡᠯᠡᠯᠴᠡᠭᠦᠯᠭᠡ ᠳᠥ ᠣᠷᠣᠯᠴᠠᠭᠠᠷᠠᠢ᠂ ᠢᠳᠡᠪᠬᠢᠲᠡᠢ ᠳᠡᠮᠵᠢᠭᠡᠷᠡᠢ ᠭᠡᠵᠦ ᠬᠦᠰᠡᠬᠦ ᠪᠠᠢᠢᠨ᠎ᠠ᠃

ᠬᠠᠤᠯᠢ ᠲᠣᠭᠲᠠᠭᠠᠮᠵᠢ ᠢᠢᠨ ᠲᠤᠬᠠᠢ ᠬᠠᠤᠯᠢ ᠢᠢ ᠪᠠᠷᠢᠮᠲᠠᠯᠠᠨ ᠪᠣᠯᠪᠠᠰᠤᠷᠠᠭᠤᠯᠵᠤ ᠤᠯᠤᠰ ᠤᠨ ᠶᠡᠬᠡ ᠬᠤᠷᠠᠯ ᠤᠨ ᠬᠠᠪᠤᠷ ᠤᠨ ᠴᠢᠭᠤᠯᠭᠠᠨ ᠢᠶᠠᠷ ᠬᠡᠯᠡᠯᠴᠡᠭᠦᠯᠬᠦ ᠪᠡᠷ ᠭᠤᠷᠪᠠᠨ ᠴᠤ ᠲᠣᠭᠲᠠᠭᠠᠯ᠂ ᠬᠠᠤᠯᠢ ᠢᠢᠨ ᠲᠥᠰᠥᠯ ᠦᠳ ᠳᠡᠭᠡᠷ᠎ᠡ ᠢᠷᠭᠡᠳ ᠡᠴᠡ ᠰᠠᠨᠠᠯ ᠠᠪᠴᠤ ᠪᠠᠢᠢᠭ᠎ᠠ᠃

  1. 2009 ᠣᠨ ᠠᠴᠠ ᠬᠣᠢᠢᠰᠢ ᠬᠡᠦᠬᠡᠳ ᠪᠦᠷᠢ ᠳᠥ ᠣᠯᠭᠣᠭᠳᠠᠵᠤ ᠢᠷᠡᠭᠰᠡᠨ 《ᠬᠡᠦᠬᠡᠳ ᠦᠨ ᠮᠥᠩᠭᠥ》 ᠍ ᠢ ᠶᠠᠮᠠᠷ ᠨᠢᠭᠡᠨ ᠢᠯᠭᠠᠪᠤᠷᠢᠯᠠᠯ᠂ ᠠᠯᠠᠭᠴᠢᠯᠠᠯ ᠦᠭᠡᠢ ᠪᠡᠷ ᠳᠠᠬᠢᠨ ᠬᠡᠦᠬᠡᠳ ᠪᠦᠷᠢ ᠳᠥ ᠣᠯᠭᠣᠭᠤᠯᠬᠤ ᠡᠷᠬᠡ ᠵᠦᠢ ᠢᠢᠨ ᠣᠷᠴᠢᠨ ᠢ ᠪᠦᠷᠢᠳᠦᠭᠦᠯᠬᠦ ᠢᠢᠨ ᠲᠤᠯᠠᠳᠠ ᠤᠯᠤᠰ ᠤᠨ ᠶᠡᠬᠡ ᠬᠤᠷᠠᠯ ᠤᠨ ᠲᠣᠭᠲᠠᠭᠠᠯ ᠤᠨ ᠲᠥᠰᠥᠯ ᠰᠠᠨᠠᠭᠠᠴᠢᠯᠠᠭᠰᠠᠨ᠃ ᠬᠡᠦᠬᠡᠳ ᠦᠨ ᠮᠥᠩᠭᠥ ᠢᠢ ᠬᠠᠯᠠᠮᠵᠢ ᠢᠢᠨ ᠨᠢᠭᠡ ᠲᠥᠷᠥᠯ ᠪᠣᠯᠭᠠᠨ᠂ ᠬᠡᠦᠬᠡᠳ ᠢ ᠥᠮᠴᠢ ᠬᠥᠷᠥᠩᠭᠡ᠂ ᠡᠳ᠋ ᠬᠥᠷᠥᠩᠭᠡ ᠢᠢᠨ ᠪᠠᠢᠢᠳᠠᠯ᠂ ᠨᠡᠢᠢᠭᠡᠮ ᠤᠨ ᠭᠠᠷᠤᠯ ᠢᠶᠠᠷ ᠨᠢ ᠢᠯᠭᠠᠪᠤᠷᠢᠯᠠᠨ ᠮᠥᠩᠭᠥᠨ ᠲᠡᠳᠬᠦᠮᠵᠢ ᠣᠯᠭᠤᠵᠤ ᠪᠠᠢᠢᠭ᠎ᠠ ᠨᠢ ᠮᠣᠩᠭᠣᠯ ᠤᠯᠤᠰ ᠤᠨ ᠦᠨᠳᠦᠰᠦᠨ ᠬᠠᠤᠯᠢ ᠢᠢᠨ 14  ᠳᠦᠭᠡᠷ ᠵᠦᠢᠯ ᠦᠨ 2 ᠳᠠᠬᠢ ᠬᠡᠰᠡᠭ ᠲᠥ ᠪᠣᠯᠤᠨ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠬᠡᠦᠬᠡᠳ ᠦᠨ ᠡᠷᠬᠡ ᠢᠢᠨ ᠲᠤᠬᠠᠢ ᠺᠣᠨ᠋ᠸᠧᠨ᠋ᠼ ᠤᠨ ᠬᠡᠦᠬᠡᠳ ᠢ ᠠᠯᠢᠪᠠ ᠬᠡᠯᠪᠡᠷᠢ ᠪᠡᠷ ᠠᠯᠠᠭᠴᠢᠯᠠᠬᠤ ᠦᠭᠡᠢ ᠪᠠᠢᠢᠬᠤ ᠵᠢᠭᠠᠯᠲᠠ ᠨᠤᠭᠤᠳ ᠲᠠᠢ ᠵᠥᠷᠢᠴᠡᠯᠳᠦᠵᠦ ᠪᠠᠢᠢᠭ᠎ᠠ ᠶᠤᠮ᠃ ᠢᠷᠭᠡᠳ ᠦᠨ ᠵᠦᠭ ᠡᠴᠡ 《ᠬᠡᠦᠬᠡᠳ ᠦᠨ ᠮᠥᠩᠭᠥ》 ᠍ ᠢ ᠬᠡᠦᠬᠡᠳ ᠪᠦᠷᠢ ᠳᠥ ᠣᠯᠭᠤᠬᠤ ᠢᠢ ᠬᠦᠰᠡᠭᠰᠡᠨ ᠡᠷᠭᠦᠳᠡᠯ᠂ ᠬᠦᠰᠡᠯᠲᠡ ᠶᠡᠬᠡ ᠪᠡᠷ ᠢᠷᠡᠭᠦᠯᠬᠦ ᠪᠣᠯᠤᠭᠰᠠᠨ ᠵᠡᠷᠭᠡ ᠨᠢ ᠡᠨᠡᠬᠦ ᠤᠯᠤᠰ ᠤᠨ ᠶᠡᠬᠡ ᠬᠤᠷᠠᠯ ᠤᠨ ᠲᠣᠭᠲᠠᠭᠠᠯ ᠢ ᠰᠠᠨᠠᠭᠠᠴᠢᠯᠠᠨ ᠪᠣᠯᠪᠠᠰᠤᠷᠠᠭᠤᠯᠬᠤ ᠦᠨᠳᠦᠰᠦᠯᠡᠯ ᠪᠣᠯᠤᠭᠰᠠᠨ ᠢ ᠵᠣᠷᠢᠭᠤᠳᠠ ᠳᠤᠷᠠᠳᠤᠶ᠎ᠠ᠃ ᠥᠴᠥᠭᠡᠳᠦᠷ ᠵᠠᠰᠠᠭ ᠤᠨ ᠭᠠᠵᠠᠷ ᠤᠨ ᠬᠤᠷᠠᠯᠳᠤᠭᠠᠨ ᠢᠶᠠᠷ ᠬᠡᠦᠬᠡᠳ ᠦᠨ ᠮᠥᠩᠭᠥ ᠢᠢ ᠨᠡᠢᠢᠲᠡ ᠬᠡᠦᠬᠡᠳ ᠦᠳ ᠦᠨ 80 ᠬᠤᠪᠢ ᠳᠤ ᠣᠯᠭᠤᠬᠤ ᠪᠠᠷ ᠰᠢᠢᠳᠪᠦᠷᠢᠯᠡᠭᠰᠡᠨ ᠨᠢ ᠰᠠᠩᠬᠦᠦ ᠢᠢᠨ ᠪᠣᠯᠤᠮᠵᠢ ᠪᠠᠢᠢᠭ᠎ᠠ ᠢᠢ ᠢᠯᠡᠳᠬᠡᠵᠦ ᠪᠠᠢᠢᠨ᠎ᠠ᠃ ᠬᠡᠦᠬᠡᠳ ᠦᠳ ᠢᠶᠡᠨ ᠢᠯᠭᠠᠪᠤᠷᠢᠯᠠᠯ ᠦᠭᠡᠢ ᠪᠡᠷ ᠪᠦᠬᠦ ᠬᠡᠦᠬᠡᠳ ᠲᠥ ᠪᠤᠶᠤ 100 ᠬᠤᠪᠢ ᠳᠤ ᠬᠡᠦᠬᠡᠳ ᠦᠨ ᠮᠥᠩᠭᠥ ᠣᠯᠭᠣᠬᠤ ᠲᠣᠭᠲᠠᠭᠠᠯ ᠤᠨ ᠲᠥᠰᠥᠯ ᠢ ᠤᠳᠤᠬᠤ ᠦᠭᠡᠢ ᠥᠷᠭᠡᠨ ᠪᠠᠷᠢᠬᠤ ᠪᠣᠯᠤᠨ᠎ᠠ᠃
  2. ᠮᠣᠩᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠲᠤ ᠢᠷᠡᠳᠡᠭ ᠣᠯᠠᠨ ᠲᠣᠭᠠᠨ ᠤ ᠰᠠᠨᠠᠯ ᠬᠦᠰᠡᠯᠲᠡ᠂ ᠰᠢᠭᠦᠮᠵᠢᠯᠡᠯ ᠦᠨ ᠲᠣᠳᠣᠷᠬᠠᠢ ᠬᠤᠪᠢ ᠢᠢ ᠴᠠᠭᠠᠵᠠ ᠢᠢᠨ ᠶᠠᠯ᠎ᠠ ᠢᠢ ᠰᠡᠷᠭᠦᠭᠡᠬᠦ ᠲᠡᠢ ᠬᠣᠯᠪᠣᠭ᠎ᠠ ᠲᠠᠢ ᠢᠷᠭᠡᠳ ᠦᠨ ᠰᠠᠨᠠᠯ ᠬᠦᠰᠡᠯᠲᠡ᠂ ᠰᠢᠭᠦᠮᠵᠢᠯᠡᠯ ᠡᠵᠡᠯᠡᠳᠡᠭ ᠤᠴᠢᠷ ᠠᠴᠠ ᠡᠢᠢᠨ ᠬᠦ ᠬᠠᠤᠯᠢ ᠢᠢᠨ ᠲᠥᠰᠥᠯ ᠰᠠᠨᠠᠭᠠᠴᠢᠯᠠᠬᠤ ᠪᠠᠷ ᠪᠣᠯᠤᠭᠰᠠᠨ ᠶᠤᠮ᠃ ᠶᠡᠷᠦᠩᠬᠡᠢᠢᠯᠡᠭᠴᠢ ᠢᠢᠨ ᠬᠤᠪᠢ ᠪᠠᠷ ᠣᠷᠣᠨ ᠨᠤᠲᠤᠭ ᠤᠨ ᠢᠷᠭᠡᠳ ᠲᠡᠢ ᠬᠢᠭ᠍ᠰᠡᠨ ᠠᠭᠤᠯᠵᠠᠯᠲᠠ ᠨᠤᠭᠤᠳ ᠤᠨ ᠦᠶ᠎ᠡ ᠪᠡᠷ ᠴᠤ ᠪᠠᠭ᠎ᠠ ᠨᠠᠰᠤᠨ ᠤ ᠬᠡᠦᠬᠡᠳ ᠢ ᠬᠦᠴᠦᠷᠬᠡᠢᠢᠯᠡᠭᠰᠡᠨ ᠲᠣᠬᠢᠶᠠᠯᠳᠤᠯ ᠳᠤ ᠴᠠᠭᠠᠵᠠ ᠪᠠᠷ ᠠᠪᠬᠤ ᠶᠠᠯ᠎ᠠ ᠣᠨᠣᠭᠠᠳᠠᠭ ᠪᠠᠢᠢᠬᠤ ᠢᠢ ᠪᠡᠶᠡᠴᠢᠯᠡᠨ ᠪᠣᠯᠤᠨ ᠪᠢᠴᠢᠭ᠌ ᠢᠶᠡᠷ ᠱᠠᠭᠠᠷᠳᠠᠭᠰᠠᠨ ᠢᠷᠭᠡᠳ ᠮᠠᠰᠢ ᠣᠯᠠᠨ ᠪᠠᠢᠢᠨ᠎ᠠ᠃ ᠬᠦᠮᠦᠨ ᠦ ᠡᠷᠬᠡ ᠢᠢᠨ ᠦᠨᠳᠦᠰᠦᠨ ᠦ ᠺᠣᠮᠢᠰ ᠠᠴᠠ ᠭᠠᠷᠭᠠᠭᠰᠠᠨ ᠲᠠᠢᠢᠯᠤᠨ ᠮᠡᠳᠡᠭᠡᠨ ᠳᠥ ᠬᠡᠦᠬᠡᠳ ᠦᠨ ᠬᠦᠴᠦᠷᠬᠡᠢᠢᠯᠡᠯ ᠦᠨ ᠲᠠᠯ᠎ᠠ ᠪᠠᠷ ᠲᠣᠳᠣᠷᠬᠠᠢ ᠳᠤᠷᠠᠳᠤᠭᠰᠠᠨ ᠪᠠᠢᠢᠭ᠎ᠠ᠃ ᠮᠢᠨᠦ ᠵᠦᠭ ᠡᠴᠡ ᠳᠥᠷᠪᠡᠨ ᠰᠠᠷ᠎ᠠ ᠢᠢᠨ ᠡᠮᠦᠨ᠎ᠡ ᠬᠠᠤᠯᠢ ᠵᠦᠢ ᠳᠣᠲᠣᠭᠠᠳᠤ ᠬᠡᠷᠡᠭ ᠦᠨ ᠶᠠᠮᠤᠨ ᠳᠤ 《ᠬᠡᠦᠬᠡᠳ ᠢ ᠬᠦᠴᠦᠷᠬᠡᠢᠢᠯᠡᠭᠰᠡᠨ ᠲᠣᠬᠢᠶᠠᠯᠳᠤᠯ ᠳᠤ ᠬᠡᠷᠡᠭᠲᠡᠨ ᠳᠥ ᠴᠠᠭᠠᠵᠠ ᠢᠢᠨ ᠶᠠᠯ᠎ᠠ ᠣᠨᠣᠭᠠᠳᠠᠭ ᠪᠠᠢᠢᠳᠠᠯ ᠢᠶᠠᠷ ᠴᠠᠭᠠᠵᠠ ᠢᠢᠨ ᠶᠠᠯ᠎ᠠ ᠢᠢ ᠰᠡᠷᠭᠦᠭᠡᠬᠦ》 ᠰᠠᠨᠠᠯ ᠬᠦᠷᠭᠡᠭᠦᠯᠦᠭᠰᠡᠨ᠃ ᠭᠡᠪᠡᠴᠦ ᠲᠤᠰ ᠶᠠᠮᠤᠨ ᠤ ᠵᠦᠭ ᠡᠴᠡ ᠠᠯᠪᠠᠨ ᠶᠣᠰᠣᠭᠠᠷ ᠬᠠᠷᠢᠭᠤ ᠢᠷᠡᠭᠦᠯᠦᠭᠡ ᠦᠭᠡᠢ᠂ ᠶᠠᠮᠠᠷ ᠨᠢᠭᠡ ᠰᠠᠨᠠᠭᠠᠴᠢᠯᠠᠭ᠎ᠠ ᠭᠠᠷᠭᠠᠭ᠎ᠠ ᠦᠭᠡᠢ ᠪᠠᠢᠢᠨ᠎ᠠ᠃ ᠲᠡᠢᠢᠮᠦ ᠤᠴᠢᠷ ᠠᠴᠠ ᠮᠣᠩᠭᠣᠯ ᠤᠯᠤᠰ ᠤᠨ ᠶᠡᠷᠦᠩᠬᠡᠢᠢᠯᠡᠭᠴᠢ ᠬᠠᠤᠯᠢ ᠰᠠᠨᠠᠭᠠᠴᠢᠯᠠᠬᠤ ᠡᠷᠬᠡ ᠢᠢᠨ ᠢᠶᠡᠨ ᠳᠠᠭᠠᠭᠤ ᠬᠠᠤᠯᠢ ᠢᠢᠨ ᠲᠥᠰᠥᠯ ᠰᠠᠨᠠᠭᠠᠴᠢᠯᠠᠵᠤ᠂ ᠬᠠᠤᠯᠢ ᠲᠣᠭᠲᠠᠭᠠᠮᠵᠢ ᠢᠢᠨ ᠲᠤᠬᠠᠢ ᠬᠠᠤᠯᠢ ᠢᠢᠨ ᠳᠠᠭᠠᠭᠤ ᠮᠣᠩᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ www.president.mn ᠴᠠᠬᠢᠮ ᠬᠠᠭᠤᠳᠠᠰᠤ ᠪᠠᠷ ᠢᠷᠭᠡᠳ ᠦᠨ ᠰᠠᠨᠠᠯ ᠢ ᠰᠠᠷ᠎ᠠ ᠢᠢᠨ ᠲᠤᠷᠰᠢ ᠠᠯᠪᠠᠨ ᠶᠣᠰᠣᠭᠠᠷ ᠠᠪᠴᠤ᠂ ᠮᠥᠨ ᠤᠭ ᠠᠰᠠᠭᠤᠳᠠᠯ ᠢᠶᠠᠷ ᠬᠡᠯᠡᠯᠴᠡᠭᠦᠯᠭᠡ ᠵᠣᠬᠢᠶᠠᠨ ᠪᠠᠢᠢᠭᠤᠯᠤᠭᠰᠠᠨ ᠤ ᠳᠠᠷᠠᠭ᠎ᠠ 《ᠪᠠᠭ᠎ᠠ ᠨᠠᠰᠤᠨ ᠤ ᠬᠡᠦᠬᠡᠳ ᠢ ᠬᠦᠴᠦᠩᠳᠡᠭᠰᠡᠨ ᠭᠡᠮᠲᠦ ᠬᠡᠷᠡᠭ ᠲᠥ ᠴᠠᠭᠠᠵᠠ ᠢᠢᠨ ᠶᠠᠯ᠎ᠠ ᠣᠨᠣᠭᠠᠬᠤ》 ᠡᠷᠡᠭᠦᠦ ᠢᠢᠨ ᠬᠠᠤᠯᠢ ᠢᠢᠨ ᠥᠭᠡᠷᠡᠴᠢᠯᠡᠯᠲᠡ ᠢᠢ ᠤᠯᠤᠰ ᠤᠨ ᠶᠡᠬᠡ ᠬᠤᠷᠠᠯ ᠤᠨ ᠡᠨᠡ ᠬᠠᠪᠤᠷ ᠤᠨ ᠴᠢᠭᠤᠯᠭᠠᠨ ᠳᠤ ᠡᠷᠭᠦᠨ ᠪᠠᠷᠢᠵᠤ ᠬᠡᠯᠡᠯᠴᠡᠭᠦᠯᠦᠨ᠎ᠡ᠃ ᠰᠤᠳᠤᠯᠭ᠎ᠠ ᠪᠠᠷ ᠢᠷᠭᠡᠳ ᠦᠨ 89 ᠬᠤᠪᠢ ᠨᠢ ᠪᠠᠭ᠎ᠠ ᠨᠠᠰᠤᠨ ᠤ ᠬᠡᠦᠬᠡᠳ ᠬᠦᠴᠦᠷᠬᠡᠢᠢᠯᠡᠭᠴᠢᠳ ᠲᠥ ᠴᠠᠭᠠᠵᠠ ᠢᠢᠨ ᠶᠠᠯ᠎ᠠ ᠣᠨᠣᠭᠠᠬᠤ ᠢᠢ ᠳᠡᠮᠵᠢᠵᠦ ᠪᠠᠢᠢᠨ᠎ᠠ᠃

ᠬᠡᠳᠦᠢ ᠪᠡᠷ ᠴᠠᠭᠠᠵᠠ ᠪᠠᠷ ᠠᠪᠬᠤ ᠶᠠᠯ᠎ᠠ ᠨᠢ ᠬᠦᠮᠦᠨᠯᠢᠭ ᠪᠤᠰᠤ ᠬᠠᠨᠳᠤᠵᠦ ᠪᠠᠢᠢᠭ᠎ᠠ ᠴᠤ ᠬᠥᠬᠦᠨ ᠡᠴᠡ ᠪᠡᠨ ᠴᠤ ᠭᠠᠷᠤᠭ᠎ᠠ ᠦᠭᠡᠢ ᠨᠢᠯᠬ᠎ᠠ ᠬᠡᠦᠬᠡᠳ ᠢ ᠬᠦᠴᠦᠷᠬᠡᠢᠢᠯᠡᠵᠦ ᠪᠠᠢᠢᠭ᠎ᠠ ᠨᠢ ᠮᠣᠩᠭᠣᠯ ᠵᠠᠩ ᠵᠠᠩᠰᠢᠯ ᠬᠢᠭᠡᠳ ᠰᠣᠶᠣᠯᠲᠤ ᠬᠦᠮᠦᠨ ᠲᠥᠷᠥᠯᠬᠢᠲᠡᠨ ᠦ ᠶᠣᠰᠣᠨ ᠠᠴᠠ ᠭᠠᠳᠠᠭᠤᠷ ᠵᠢᠭᠰᠢᠭᠦᠷᠢᠲᠦ ᠦᠢᠯᠡᠳᠦᠯ ᠶᠤᠮ᠃ ᠦᠨᠳᠦᠰᠦᠨ ᠬᠠᠤᠯᠢ ᠢᠢᠨ 16 ᠳ᠋ᠤᠭᠠᠷ ᠵᠦᠢᠯ ᠦᠨ 1 ᠳ᠋ᠡᠬᠢ ᠬᠡᠰᠡᠭ ᠲᠥ 《…ᠮᠣᠩᠭᠣᠯ ᠤᠯᠤᠰ ᠤᠨ ᠡᠷᠡᠭᠦᠦ ᠢᠢᠨ ᠬᠠᠤᠯᠢ ᠳᠤ ᠵᠢᠭᠠᠭᠰᠠᠨ ᠣᠨᠴᠠ ᠬᠦᠨᠳᠦ ᠭᠡᠮᠲᠦ ᠬᠡᠷᠡᠭ ᠦᠢᠯᠡᠳᠦᠭᠰᠡᠨ ᠦ ᠤᠴᠢᠷ ᠰᠢᠭᠦᠬᠦ ᠢᠢᠨ ᠬᠦᠴᠦᠨ ᠲᠡᠭᠦᠯᠳᠡᠷ ᠲᠣᠭᠲᠠᠭᠠᠯ ᠢᠶᠠᠷ ᠶᠠᠯ᠎ᠠ ᠢᠢᠨ ᠳᠡᠭᠡᠳᠦ ᠬᠡᠮᠵᠢᠶ᠎ᠡ ᠣᠨᠣᠭᠳᠠᠭᠤᠯᠤᠭᠰᠠᠨ ᠠᠴᠠ ᠪᠤᠰᠤᠳ ᠲᠣᠬᠢᠶᠠᠯᠳᠤᠯ ᠳᠤ ᠬᠦᠮᠦᠨ ᠦ ᠠᠮᠢ ᠨᠠᠰᠤ ᠪᠤᠰᠠᠨᠢᠭᠤᠯᠬᠤ ᠢᠢ ᠬᠠᠲᠠᠭᠤ ᠬᠣᠷᠢᠭᠯᠠᠨ᠎ᠠ》 ᠭᠡᠵᠦ ᠵᠢᠭᠠᠭᠰᠠᠨ᠃ ᠡᠢᠢᠨ ᠬᠦ ᠦᠨᠳᠦᠰᠦᠨ ᠬᠠᠤᠯᠢ ᠪᠠᠷ ᠴᠠᠭᠠᠵᠠ ᠢᠢᠨ ᠶᠠᠯ᠎ᠠ ᠢᠢ ᠬᠡᠷᠡᠭᠯᠡᠬᠦ ᠪᠦᠷᠢᠨ ᠪᠣᠯᠤᠮᠵᠢ ᠲᠠᠢ ᠢᠢ ᠵᠢᠭᠠᠭᠰᠠᠨ ᠴᠤ ᠰᠠᠯᠪᠤᠷᠢ ᠬᠠᠤᠯᠢ ᠪᠠᠷ᠂ ᠭᠠᠳᠠᠨ᠎ᠠ ᠢᠢᠨ ᠬᠢᠨ ᠤ ᠰᠢᠬᠠᠯᠲᠠ ᠲᠤᠯᠭᠠᠯᠲᠠ ᠪᠠᠷ ᠬᠢᠵᠠᠭᠠᠷᠯᠠᠵᠤ᠂ ᠬᠠᠭᠠᠵᠤ ᠪᠠᠢᠢᠭ᠎ᠠ ᠨᠢ ᠤᠴᠢᠷ ᠳᠤᠲᠠᠭᠳᠠᠯ ᠲᠠᠢ᠃ ᠲᠠ ᠪᠦᠬᠦᠨ ᠮᠣᠩᠭᠣᠯ ᠤᠨ ᠠᠷᠠᠳ ᠲᠦᠮᠡᠨ ᠡᠴᠡ ᠰᠣᠩᠭ᠋ᠣᠭᠳᠠᠭᠰᠠᠨ ᠶᠤᠮ ᠪᠣᠯ ᠢᠷᠭᠡᠳ ᠦᠨ ᠢᠶᠡᠨ ᠰᠠᠨᠠᠯ᠂ ᠱᠠᠭᠠᠷᠳᠠᠯᠭ᠎ᠠ ᠢᠢ ᠡᠩ ᠲᠡᠷᠢᠭᠦᠨ ᠳᠥ ᠮᠥᠷᠳᠡᠯᠭᠡ ᠪᠣᠯᠭᠠᠬᠤ ᠤᠴᠢᠷᠲᠠᠢ᠃ ᠵᠠᠰᠠᠭ ᠤᠨ ᠭᠠᠵᠠᠷ ᠢ ᠧᠦ᠋ᠷᠣᠫᠠ ᠢᠢᠨ ᠬᠣᠯᠪᠣᠭ᠎ᠠ ᠲᠣᠮᠢᠯᠠᠭ᠎ᠠ ᠦᠭᠡᠢ ᠤᠴᠢᠷ ᠠᠴᠠ ᠮᠣᠩᠭᠣᠯ ᠤᠨ ᠢᠶᠠᠨ ᠡᠷᠬᠡ ᠠᠰᠢᠭ ᠢ ᠡᠩ ᠲᠡᠷᠢᠭᠦᠨ ᠳᠦ ᠲᠠᠯᠪᠢᠬᠤ ᠨᠢ ᠵᠦᠢᠲᠡᠢ ᠪᠠᠢᠢᠬᠤ᠃ ᠠᠯᠢᠪᠠ ᠰᠢᠢᠳᠪᠦᠷᠢ ᠢᠢ ᠭᠠᠷᠭᠠᠬᠤ ᠳᠤ ᠪᠠᠨ ᠦᠨᠳᠦᠰᠦᠨ ᠦ ᠣᠨᠴᠠᠯᠢᠭ᠂ ᠦᠨᠳᠦᠰᠦᠨ ᠦ ᠡᠷᠬᠡ ᠠᠰᠢᠭ ᠭᠡᠰᠡᠨ ᠬᠣᠶᠠᠷ ᠵᠦᠢᠯ ᠢ ᠯᠠ ᠭᠣᠣᠯ ᠪᠣᠯᠭᠠᠬᠤ ᠨᠢ ᠴᠢᠬᠤᠯᠠ᠃ ᠲᠤᠰᠠᠭᠠᠷ ᠲᠣᠭᠲᠠᠨᠢᠭᠰᠠᠨ ᠪᠦᠷᠢᠨ ᠡᠷᠬᠡᠲᠦ ᠤᠯᠤᠰ ᠤᠨ ᠬᠤᠪᠢ ᠳᠤ ᠮᠣᠩᠭ᠋ᠣᠯᠴᠤᠳ ᠬᠠᠤᠯᠢ ᠲᠣᠭᠲᠠᠭᠠᠮᠵᠢ᠂ ᠶᠠᠯ᠎ᠠ ᠢᠢᠨ ᠪᠣᠳᠣᠯᠭ᠎ᠠ ᠪᠠᠨ ᠬᠡᠨ ᠡᠴᠡ ᠴᠤ ᠠᠰᠠᠭᠤᠯ ᠦᠭᠡᠢ᠂ ᠵᠢᠭᠠᠪᠤᠷᠢᠯᠠᠭᠤᠯᠤᠯ ᠦᠭᠡᠢ ᠪᠡᠷ ᠪᠡᠶ᠎ᠡ ᠳᠠᠭᠠᠭᠰᠠᠨ ᠪᠠᠢᠢᠳᠠᠯ ᠢᠶᠠᠷ ᠰᠢᠢᠳᠪᠦᠷᠢᠯᠡᠬᠦ ᠪᠦᠷᠢᠨ ᠡᠷᠬᠡ ᠲᠡᠢ᠃

  1. ᠲᠥᠷᠥ ᠢᠢᠨ ᠪᠣᠯᠤᠨ ᠣᠷᠣᠨ ᠨᠤᠲᠤᠭ ᠤᠨ ᠥᠮᠴᠢ ᠬᠥᠷᠥᠩᠭᠡ ᠪᠡᠷ ᠪᠠᠷᠠᠭ᠎ᠠ᠂ ᠠᠵᠢᠯ᠂ ᠦᠢᠯᠡᠴᠢᠯᠡᠭᠡ ᠬᠤᠳᠠᠯᠳᠤᠨ ᠠᠪᠬᠤ ᠲᠤᠬᠠᠢ ᠬᠠᠤᠯᠢ ᠳᠤ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠢᠢᠨ ᠲᠥᠰᠥᠯ ᠢ ᠪᠣᠯᠪᠠᠰᠤᠷᠠᠭᠤᠯᠵᠤ᠂ ᠬᠠᠤᠯᠢ ᠢᠢᠨ ᠳᠠᠭᠠᠭᠤ ᠨᠢᠭᠡ ᠰᠠᠷ᠎ᠠ ᠢᠢᠨ ᠬᠤᠭᠤᠴᠠᠭᠠᠨ ᠳᠤ ᠢᠷᠭᠡᠳ ᠡᠴᠡ ᠰᠠᠨᠠᠯ ᠠᠪᠬᠤ ᠪᠠᠷ ᠪᠡᠯᠡᠳᠬᠡᠵᠦ ᠪᠠᠢᠢᠨ᠎ᠠ᠃ ᠡᠨᠡ ᠬᠠᠤᠯᠢ ᠢᠢᠨ ᠲᠥᠰᠥᠯ ᠢᠶᠡᠷ 6 ᠵᠦᠢᠯ ᠢ ᠰᠢᠨ᠎ᠡ ᠪᠡᠷ ᠨᠡᠮᠡᠵᠦ᠂ ᠵᠣᠬᠢᠬᠤ ᠵᠢᠭᠠᠯᠲᠠ ᠨᠤᠭᠤᠳ ᠢ ᠥᠭᠡᠷᠡᠴᠢᠯᠡᠬᠦ ᠶᠤᠮ᠃ ᠲᠤᠬᠠᠢᠢᠯᠠᠪᠠᠯ᠂ ᠳᠣᠲᠣᠭᠠᠳᠤ ᠢᠢᠨ ᠦᠢᠯᠡᠳᠪᠦᠷᠢᠯᠡᠭᠴᠢᠳ ᠲᠦ ᠳᠠᠪᠠᠭᠤ ᠡᠷᠬᠡ ᠣᠯᠭᠣᠬᠤ᠂ ᠤᠷᠲᠤ ᠬᠤᠭᠤᠴᠠᠭᠠᠨ ᠳᠤ ᠲᠣᠭᠲᠠᠪᠤᠷᠢᠲᠠᠢ ᠳᠡᠮᠵᠢᠬᠦ᠂ ᠨᠢᠭᠡ ᠲᠡᠷᠪᠤᠮ ᠲᠥᠭᠥᠷᠢᠭ ᠬᠦᠷᠲᠡᠯᠡᠬᠢ ᠥᠷᠲᠡᠭ ᠲᠡᠢ ᠲᠧᠨᠳᠧᠷ ᠢ ᠮᠡᠷᠭᠡᠵᠢᠯ ᠦᠨ ᠬᠣᠯᠪᠣᠭᠠᠳᠠᠳ ᠬᠠᠷᠢᠭᠤᠴᠠᠭᠤᠯᠬᠤ ᠵᠡᠷᠭᠡ ᠵᠦᠢᠯ ᠣᠷᠣᠨ᠎ᠠ᠃ ᠣᠯᠠᠨ ᠵᠢᠵᠢᠭ ᠮᠡᠷᠭᠡᠵᠢᠯ ᠦᠨ ᠬᠣᠯᠪᠣᠭ᠎ᠠ ᠳᠤ ᠨᠢᠭᠡᠳᠴᠦ ᠦᠨᠳᠦᠰᠦᠨ ᠦ ᠨᠢᠭᠡᠳᠦᠭᠰᠡᠨ ᠬᠣᠯᠪᠣᠭ᠎ᠠ ᠪᠠᠢᠢᠭᠤᠯᠬᠤ᠂ ᠭᠡᠰᠢᠭᠦᠳ ᠢᠶᠡᠨ ᠺᠯᠠᠰᠲ᠋ᠸᠷ ᠪᠠᠢᠢᠳᠠᠯ ᠢᠶᠠᠷ ᠵᠣᠬᠢᠶᠠᠨ ᠪᠠᠢᠢᠭᠤᠯᠵᠤ ᠲᠧᠨᠳᠧᠷ ᠲᠦ ᠲᠣᠭᠲᠠᠪᠤᠷᠢᠲᠠᠢ ᠬᠤᠭᠤᠴᠠᠭᠠᠨ ᠳᠤ ᠪᠠᠷ᠎ᠠ ᠨᠡᠢᠢᠯᠡᠭᠦᠯᠬᠦ ᠪᠣᠯᠤᠮᠵᠢ ᠢᠢ ᠪᠤᠢ ᠪᠣᠯᠭᠠᠬᠤ ᠨᠢ ᠴᠢᠬᠤᠯᠠ ᠪᠣᠯᠤᠨ᠎ᠠ᠃ ᠲᠧᠨᠳᠧᠷ ᠢ ᠨᠢᠭᠡ ᠵᠢᠯ ᠢᠶᠡᠷ ᠰᠢᠯᠭᠠᠷᠠᠭᠤᠯᠬᠤ ᠨᠢ ᠠᠵᠢᠯ ᠤᠨ ᠪᠠᠢᠢᠷᠢ ᠢᠢ ᠲᠣᠭᠲᠠᠪᠤᠷᠢᠲᠠᠢ ᠬᠠᠳᠠᠭᠠᠯᠠᠬᠤ ᠨᠥᠬᠥᠴᠡᠯ ᠢ ᠪᠦᠷᠢᠳᠦᠭᠦᠯᠵᠦ ᠴᠢᠳᠠᠳᠠᠭ ᠦᠭᠡᠢ ᠶᠤᠮ᠃ ᠡᠢᠢᠮᠦ ᠳᠦ ᠲᠤᠬᠠᠢ ᠢᠢᠨ ᠪᠠᠷᠠᠭ᠎ᠠ ᠦᠢᠯᠡᠴᠢᠯᠡᠭᠡ ᠵᠢᠯ ᠪᠦᠷᠢ ᠬᠡᠷᠡᠭᠲᠡᠢ ᠨᠢ ᠦᠨᠡᠨ ᠶᠤᠮ ᠪᠣᠯ ᠵᠣᠷᠢᠭ ᠲᠠᠢ ᠲᠠᠪᠤᠨ ᠵᠢᠯ ᠢᠶᠡᠷ ᠦᠢᠯᠡᠳᠪᠦᠷᠢᠯᠡᠭᠴᠢᠳ ᠢ ᠰᠢᠯᠭᠠᠷᠠᠭᠤᠯᠤᠭᠠᠳ ᠠᠵᠢᠯᠯᠠᠭᠤᠯᠪᠠᠯ ᠨᠢᠭᠡ ᠳᠦ᠂ ᠣᠯᠠᠭᠠᠷᠢᠬᠢ ᠨᠤᠭᠤᠳ ᠤᠨ ᠰᠠᠪᠠᠷ ᠠᠴᠠ ᠵᠢᠵᠢᠭ᠂ ᠳᠤᠮᠳᠠ ᠦᠢᠯᠡᠳᠪᠦᠷᠢᠯᠡᠭᠴᠢᠳ ᠢ ᠬᠠᠮᠠᠭᠠᠯᠠᠨ᠎ᠠ᠃ ᠬᠣᠶᠠᠷ ᠲᠤ᠂ ᠮᠠᠰᠢ ᠣᠯᠠᠨ ᠠᠵᠢᠯ ᠤᠨ ᠪᠠᠢᠢᠷᠢ ᠢᠢ ᠤᠷᠲᠤ ᠬᠤᠭᠤᠴᠠᠭᠠᠨ ᠳᠤ ᠲᠣᠭᠲᠠᠪᠤᠷᠢᠲᠠᠢ ᠬᠠᠳᠠᠭᠠᠯᠠᠬᠤ ᠪᠣᠯᠤᠨ᠎ᠠ᠃

ᠬᠠᠪᠤᠷ ᠪᠣᠯᠵᠤ ᠪᠠᠷᠢᠯᠭ᠎ᠠ ᠢᠢᠨ ᠠᠵᠢᠯ ᠡᠬᠢᠯᠡᠯ᠎ᠡ᠃ ᠤᠯᠤᠰ ᠤᠨ ᠶᠡᠬᠡ ᠬᠤᠷᠠᠯ ᠰᠢᠨ᠎ᠡ ᠪᠡᠷ ᠶᠠᠮᠠᠷ ᠪᠦᠲᠦᠭᠡᠨ ᠪᠠᠢᠢᠭᠤᠯᠤᠯᠲᠠ ᠬᠢᠬᠦ ᠪᠤᠢ ᠭᠡᠵᠦ ᠬᠠᠢᠢᠵᠤ ᠶᠠᠪᠤᠬᠤ ᠪᠤᠰᠤ ᠨᠢᠭᠡᠨᠲᠡ ᠪᠠᠲᠤᠯᠠᠭᠳᠠᠭᠰᠠᠨ ᠪᠦᠲᠦᠭᠡᠨ ᠪᠠᠢᠢᠭᠤᠯᠤᠯᠲᠠ ᠢᠢᠨ ᠬᠥᠲᠥᠯᠪᠦᠷᠢ ᠨᠦᠭᠦᠳ ᠢᠶᠡᠨ ᠰᠡᠷᠭᠦᠭᠡᠭᠡᠳ᠂ ᠦᠷᠭᠦᠯᠵᠢᠯᠡᠭᠦᠯᠦᠭᠡᠳ ᠬᠡᠷᠡᠭᠵᠢᠭᠦᠯᠬᠦ ᠪᠣᠯᠤᠮᠵᠢ ᠪᠦᠷᠢᠨ ᠪᠤᠢ᠃ ᠰᠠᠶ᠋ᠢ ᠤᠯᠤᠰ ᠤᠨ ᠶᠡᠬᠡ ᠬᠤᠷᠠᠯ ᠤᠨ ᠳᠠᠷᠤᠭ᠎ᠠ ᠢᠢᠨ ᠢᠯᠡᠳᠬᠡᠯ ᠳᠦ ᠴᠤ ᠳᠤᠷᠠᠳᠤᠭᠳᠠᠯ᠎ᠠ᠃ ᠲᠠ ᠪᠦᠬᠦᠨ ᠪᠦᠲᠦᠭᠡᠨ ᠪᠠᠢᠢᠭᠤᠯᠤᠯᠲᠠ ᠢᠢᠨ ᠪᠡᠯᠡᠨ ᠲᠥᠰᠥᠯ ᠦᠳ ᠢ ᠡᠬᠢᠯᠡᠭᠦᠯᠬᠦ ᠠᠪᠠᠰᠤ ᠢᠷᠭᠡᠳ ᠦᠨ 90.8 ᠬᠤᠪᠢ ᠨᠢ ᠭᠠᠷ ᠡᠷᠭᠦᠨ ᠳᠡᠮᠵᠢᠬᠦ ᠳᠦ ᠪᠡᠯᠡᠨ ᠪᠠᠢᠢᠭ᠎ᠠ ᠢᠢ ᠰᠤᠳᠤᠯᠭ᠎ᠠ ᠬᠠᠷᠠᠭᠤᠯᠵᠤ ᠪᠠᠢᠢᠨ᠎ᠠ᠃ 2010 ᠣᠨ ᠳᠤ ᠤᠯᠤᠰ ᠤᠨ ᠶᠡᠬᠡ ᠬᠤᠷᠠᠯ ᠪᠠᠷ ᠪᠠᠲᠤᠯᠠᠭᠳᠠᠭᠰᠠᠨ 《ᠰᠢᠨ᠎ᠡ ᠪᠦᠲᠦᠭᠡᠨ ᠪᠠᠢᠢᠭᠤᠯᠤᠯᠲᠠ ᠳᠤᠮᠳᠠ ᠬᠤᠭᠤᠴᠠᠭᠠᠨ ᠤ ᠬᠥᠲᠥᠯᠪᠦᠷᠢ》 ᠳᠠᠭᠤᠰᠤᠭ᠎ᠠ ᠦᠭᠡᠢ᠂ ᠳ᠋ᠦᠩᠨᠡᠭᠳᠡᠭᠡ ᠦᠭᠡᠢ ᠣᠷᠬᠢᠭᠳᠠᠭᠰᠠᠨ᠃ ᠰᠠᠨᠠᠭᠠᠴᠢᠯᠠᠭᠴᠢ᠂ ᠠᠵᠢᠯ ᠤᠨ ᠬᠡᠰᠡᠭ ᠦᠨ ᠠᠬᠠᠯᠠᠭᠴᠢ ᠰ ∙ ᠪᠢᠮᠪᠠᠴᠣᠭᠲᠤ ᠭᠡᠰᠢᠭᠦᠨ ᠣᠳᠣ ᠦᠯᠡᠳᠡᠭᠰᠡᠨ ᠪᠦᠲᠦᠭᠡᠨ ᠪᠠᠢᠢᠭᠤᠯᠤᠯᠲᠠ ᠨᠤᠭᠤᠳ ᠢ ᠰᠡᠷᠭᠦᠭᠡᠨ ᠬᠡᠷᠡᠭᠵᠢᠭᠦᠯᠬᠦ ᠲᠠᠯ᠎ᠠ ᠳᠡᠭᠡᠷ᠎ᠡ ᠢᠳᠡᠪᠬᠢ ᠰᠠᠨᠠᠭᠠᠴᠢᠯᠭ᠎ᠠ ᠲᠠᠢ ᠠᠵᠢᠯᠯᠠᠬᠤ ᠪᠠᠢᠢᠬᠤ ᠭᠡᠵᠦ ᠨᠠᠢᠢᠳᠠᠵᠤ ᠪᠠᠢᠢᠨ᠎ᠠ᠃ ᠪᠠᠲᠤᠯᠠᠭᠳᠠᠭᠰᠠᠨ ᠬᠥᠲᠥᠯᠪᠦᠷᠢ ᠪᠡᠨ ᠬᠡᠷᠡᠭᠵᠢᠭᠦᠯᠬᠦ ᠢᠢᠨ ᠣᠷᠣᠨ ᠳᠤ ᠰᠢᠨ᠎ᠡ ᠬᠥᠲᠥᠯᠪᠦᠷᠢ ᠪᠣᠳᠣᠨ ᠣᠯᠵᠤ᠂ ᠪᠠᠲᠤᠯᠠᠭᠤᠯᠬᠤ ᠭᠡᠵᠦ ᠴᠠᠭ ᠠᠯᠠᠳᠠᠬᠤ ᠢᠢᠨ ᠬᠡᠷᠡᠭ ᠪᠠᠢᠢᠬᠤ ᠦᠭᠡᠢ᠃ ᠲᠡᠮᠦᠷ ᠵᠠᠮ ᠤᠨ ᠲᠠᠯ᠎ᠠ ᠪᠠᠷ ᠲᠥᠷᠥ ᠡᠴᠡ ᠪᠠᠷᠢᠮᠲᠠᠯᠠᠬᠤ ᠪᠣᠳᠣᠯᠭ᠎ᠠ ᠢᠢ ᠪᠣᠯᠪᠠᠰᠤᠷᠠᠭᠤᠯᠵᠤ᠂ ᠪᠠᠲᠤᠯᠠᠭᠤᠯᠤᠭᠰᠠᠨ ᠡᠷᠬᠢᠮ ᠭᠡᠰᠢᠭᠦᠨ᠂ ᠲᠤᠬᠠᠢ ᠢᠢᠨ ᠦᠶ᠎ᠡ ᠢᠢᠨ ᠵᠠᠮ ᠲᠡᠭᠡᠭᠡᠪᠦᠷᠢ᠂ ᠪᠠᠷᠢᠯᠭ᠎ᠠ᠂ ᠬᠣᠲᠠ ᠪᠠᠢᠢᠭᠤᠯᠤᠯᠲᠠ ᠢᠢᠨ ᠶᠠᠮᠤᠨ ᠤ ᠲᠥᠷᠥ ᠢᠢᠨ ᠨᠠᠷᠢᠨ ᠪᠢᠴᠢᠭ᠌ ᠦᠨ ᠳᠠᠷᠤᠭ᠎ᠠ ᠪᠠᠢᠢᠭᠰᠠᠨ ᠵ ∙ ᠪᠠᠲᠤ-ᠡᠷᠳᠡᠨᠢ ᠵᠠᠮ ᠲᠡᠭᠡᠭᠡᠪᠦᠷᠢ ᠢᠢᠨ ᠬᠥᠭ᠍ᠵᠢᠯ ᠦᠨ ᠰᠠᠢᠢᠳ ᠢᠶᠠᠷ ᠠᠵᠢᠯᠯᠠᠵᠤ ᠪᠠᠢᠢᠭᠠᠳ ᠪᠢ ᠣᠯᠵᠠᠭᠤᠷᠬᠠᠵᠤ ᠪᠠᠢᠢᠭ᠎ᠠ᠃ ᠨᠢᠭᠡᠨᠲᠡ ᠪᠠᠲᠤᠯᠠᠭᠳᠠᠭᠰᠠᠨ ᠪᠣᠳᠣᠯᠭ᠎ᠠ ᠢᠢ ᠬᠡᠷᠡᠭᠵᠢᠭᠦᠯᠦᠭᠡᠳ ᠠᠵᠢᠯ ᠪᠣᠯᠭᠠᠬᠤ ᠶᠡᠬᠡ ᠦᠢᠯᠡᠰ ᠲᠠᠨ ᠢ ᠬᠦᠯᠢᠶᠡᠵᠦ ᠪᠠᠢᠢᠭ᠎ᠠ ᠰᠢᠦ᠃

ᠢᠷᠭᠡᠳ ᠦᠨᠳᠦᠰᠦᠨ ᠬᠠᠤᠯᠢ ᠢᠢᠨ ᠥᠭᠡᠷᠡᠴᠢᠯᠡᠯᠲᠡ ᠳᠥ ᠶᠡᠬᠡᠬᠡᠨ ᠰᠠᠨᠠᠭ᠎ᠠ ᠵᠣᠪᠠᠵᠤ᠂ ᠨᠢᠭᠡ ᠨᠠᠮ ᠤᠨ ᠬᠢᠨ ᠤ ᠬᠦᠰᠡᠯ ᠢᠶᠡᠷ ᠲᠤᠢᠢᠯᠰᠢᠷᠠᠭᠰᠠᠨ᠂ ᠨᠠᠮᠴᠢᠷᠬᠠᠭᠰᠠᠨ ᠵᠦᠢᠯ᠂ ᠵᠢᠭᠠᠯᠲᠠ ᠨᠤᠭᠤᠳ ᠤᠷᠤᠬᠤ ᠭᠡᠵᠦ ᠪᠠᠢᠢᠭ᠎ᠠ ᠠᠴᠠ ᠡᠮᠢᠶᠡᠵᠦ ᠪᠠᠢᠢᠨ᠎ᠠ᠃ ᠢᠷᠭᠡᠳ ᠦᠨ ᠬᠦᠰᠡᠯᠲᠡ ᠱᠠᠭᠠᠷᠳᠠᠯᠭ᠎ᠠ ᠪᠠᠢᠢᠭ᠎ᠠ ᠤᠴᠢᠷ ᠡᠨᠡ ᠬᠠᠪᠤᠷ ᠤᠨ ᠴᠢᠭᠤᠯᠭᠠᠨ ᠢᠶᠠᠷ ᠬᠡᠯᠡᠯᠴᠡᠬᠦ 《ᠮᠣᠩᠭᠣᠯ ᠤᠯᠤᠰ ᠤᠨ ᠦᠨᠳᠦᠰᠦᠨ ᠬᠠᠤᠯᠢ ᠳᠤ ᠤᠷᠤᠭᠤᠯᠬᠤ ᠨᠡᠮᠡᠯᠲᠡ᠂ ᠥᠭᠡᠷᠡᠴᠢᠯᠡᠯᠲᠡ》 ᠍ ᠦᠨ ᠠᠰᠠᠭᠤᠳᠠᠯ ᠳᠤ ᠢᠷᠭᠡᠳ ᠦᠨ ᠡᠷᠬᠡ ᠠᠰᠢᠭ ᠢ ᠬᠠᠮᠠᠭᠠᠯᠠᠨ᠂ ᠢᠳᠡᠪᠬᠢᠲᠡᠢ ᠣᠷᠣᠯᠴᠠᠨ᠎ᠠ᠃ ᠦᠨᠳᠦᠰᠦᠨ ᠬᠠᠤᠯᠢ ᠢᠢ ᠲᠣᠭᠲᠠᠪᠤᠷᠢᠲᠠᠢ ᠬᠥᠭ᠍ᠵᠢᠯ ᠦᠨ ᠦᠨᠳᠦᠰᠦᠨ ᠬᠠᠤᠯᠢ ᠪᠣᠯᠭᠠᠨ ᠰᠠᠢᠢᠵᠢᠷᠠᠭᠤᠯᠬᠤ ᠢᠢᠨ ᠲᠤᠯᠠᠳᠠ ᠭᠠᠭᠴᠠ ᠬᠦ ᠣᠯᠠᠨ ᠨᠡᠢᠢᠲᠡ ᠢᠢᠨ ᠰᠠᠨᠠᠭ᠎ᠠ ᠪᠣᠳᠣᠯ ᠳᠤ ᠲᠤᠯᠭᠠᠭᠤᠷᠢᠯᠠᠨ ᠠᠵᠢᠯᠯᠠᠨ᠎ᠠ᠃ ᠥᠭᠡᠷᠡᠴᠢᠯᠡᠬᠦ ᠢᠢᠨ ᠲᠤᠯᠠᠳᠠ ᠥᠭᠡᠷᠡᠴᠢᠯᠡᠬᠦ ᠪᠢᠰᠢ᠂ ᠥᠭᠡᠳᠡᠯᠡᠬᠦ ᠢᠢᠨ ᠲᠤᠯᠠᠳᠠ ᠥᠭᠡᠷᠡᠴᠢᠯᠡᠬᠦ ᠵᠠᠷᠴᠢᠮ ᠢ ᠬᠠᠲᠠᠭᠤ ᠪᠠᠷᠢᠨ᠎ᠠ᠃

《ᠦᠨᠳᠦᠰᠦᠨ ᠬᠠᠤᠯᠢ ᠢᠢ ᠳᠣᠣᠷᠠᠳᠠᠭᠤᠯᠤᠭᠰᠠᠨ》 ᠳᠣᠯᠣᠭᠠᠨ ᠥᠭᠡᠷᠡᠴᠢᠯᠡᠯᠲᠡ ᠢᠢᠨ ᠨᠢᠭᠡ ᠨᠢ ᠤᠯᠤᠰ ᠤᠨ ᠶᠡᠬᠡ ᠬᠤᠷᠠᠯ ᠤᠨ ᠬᠠᠤᠯᠢ ᠪᠠᠲᠤᠯᠠᠬᠤ ᠢᠷᠡᠴᠡ ᠢᠢ ᠪᠠᠭᠠᠰᠭᠠᠭᠰᠠᠨ ᠶᠠᠪᠤᠳᠠᠯ ᠶᠤᠮ᠃ ᠢᠩᠭᠢᠭ᠍ᠰᠡᠨ ᠢᠶᠡᠷ ᠭᠡᠰᠢᠭᠦᠳ ᠲᠥ ᠬᠠᠷᠢᠭᠤᠴᠠᠯᠭ᠎ᠠ ᠭᠡᠵᠦ ᠵᠦᠢᠯ ᠠᠯᠠᠭ᠎ᠠ ᠪᠣᠯᠵᠤ᠂ ᠬᠠᠤᠯᠢ ᠲᠣᠭᠲᠠᠭᠠᠬᠤ ᠳᠡᠭᠡᠳᠦ ᠪᠠᠢᠢᠭᠤᠯᠤᠯᠭ᠎ᠠ ᠢᠢᠨ ᠨᠡᠷ᠎ᠡ ᠬᠦᠨᠳᠦ ᠢᠢ ᠶᠡᠬᠡᠬᠡᠨ ᠳᠣᠣᠷᠠᠳᠠᠭᠤᠯᠤᠭᠰᠠᠨ ᠪᠢᠯᠡ᠃ ᠦᠷ᠎ᠡ ᠳ᠋ᠦᠩ ᠳᠥ ᠨᠢ ᠤᠯᠤᠰ ᠲᠥᠷᠥ ᠢᠢᠨ ᠨᠠᠮ ᠤᠳ ᠤᠨ ᠨᠡᠷ᠎ᠡ ᠬᠦᠨᠳᠦ ᠠᠯᠭᠤᠷ ᠤᠨᠠᠭᠰᠠᠭᠠᠷ ᠣᠳᠣ ᠳᠣᠣᠳᠤ ᠲᠦᠪᠰᠢᠨ ᠳᠥ ᠪᠡᠨ ᠢᠷᠡᠯ᠎ᠡ᠃ ᠥᠨᠥᠳᠥᠷ ᠪᠦᠬᠦ ᠨᠠᠮ ᠤᠳ ᠤᠨ ᠷᠧᠲ᠋ᠢᠩ ᠨᠡᠢᠢᠯᠡᠭᠡᠳ 30 ᠬᠤᠪᠢ ᠳᠤ ᠴᠤ ᠬᠦᠷᠬᠦ ᠦᠭᠡᠢ ᠪᠠᠢᠢᠨ᠎ᠠ᠃ ᠶᠡᠬᠡ ᠬᠤᠷᠠᠯ ᠤᠨ ᠭᠡᠰᠢᠭᠦᠳ ᠨᠢ ᠶᠣᠰᠣ ᠵᠦᠢ ᠪᠡᠨ ᠤᠮᠠᠷᠲᠠᠨ᠂ ᠰᠣᠩᠭ᠋ᠣᠭᠴᠢᠳ ᠠᠴᠠ ᠣᠯᠭᠤᠭᠰᠠᠨ ᠦᠨᠳᠦᠰᠦᠨ ᠡᠷᠬᠡ᠂ ᠡᠭᠦᠷᠭᠡ ᠪᠡᠨ ᠡᠰᠡ ᠪᠡᠶᠡᠯᠡᠭᠦᠯᠦᠨ ᠬᠤᠷᠠᠯ ᠳᠤ ᠪᠠᠨ ᠰᠠᠭᠤᠬᠤ ᠦᠭᠡᠢ ᠪᠠᠢᠢᠬᠤ ᠨᠢ ᠬᠡᠮ ᠬᠡᠮᠵᠢᠶ᠎ᠡ ᠪᠣᠯᠤᠨ ᠲᠥᠯᠥᠪᠰᠢᠵᠦ ᠡᠬᠢᠯᠡᠯ᠎ᠡ᠃ ᠬᠠᠤᠯᠢ ᠲᠣᠭᠲᠠᠭᠠᠬᠤ ᠭᠡᠵᠦ ᠰᠣᠩᠭ᠋ᠣᠭᠳᠠᠭᠰᠠᠨ ᠭᠡᠳᠡᠭ ᠢᠶᠡᠨ ᠮᠡᠳᠡᠬᠦ ᠦᠭᠡᠢ ᠪᠠᠢᠢᠭ᠎ᠠ ᠪᠣᠯ ᠰᠠᠭᠤᠳᠠᠯ ᠢᠶᠠᠨ ᠲᠠᠯᠪᠢᠵᠤ ᠥᠭᠳᠡᠭ ᠬᠠᠷᠢᠭᠤᠴᠠᠯᠭ᠎ᠠ ᠢᠢᠨ ᠲᠣᠭᠲᠠᠯᠴᠠᠭ᠎ᠠ ᠦᠭᠡᠢᠢᠯᠡᠭᠳᠡᠵᠦ ᠪᠠᠢᠢᠨ᠎ᠠ᠃

ᠨᠡᠢᠢᠲᠡ ᠢᠢᠨ ᠰᠣᠨᠣᠰᠬᠠᠯ ᠬᠢᠬᠦ ᠵᠠᠮ ᠢᠶᠠᠷ ᠲᠣᠮᠢᠯᠠᠭᠰᠠᠨ ᠠᠯᠪᠠᠨ ᠲᠤᠰᠢᠶᠠᠯᠲᠠ ᠨᠤᠭᠤᠳ ᠲᠠᠭᠠᠨ ᠬᠠᠷᠢᠭᠤᠴᠠᠯᠭ᠎ᠠ ᠲᠣᠭᠠᠴᠠᠳᠠᠭ᠂ ᠳ᠋ᠦᠩᠨᠡᠳᠡᠭ ᠪᠠᠢᠢᠬᠤ ᠵᠠᠢᠢᠯᠠᠰᠢ ᠦᠭᠡᠢ ᠱᠠᠭᠠᠷᠳᠠᠯᠭ᠎ᠠ ᠤᠯᠤᠰ ᠤᠨ ᠶᠡᠬᠡ ᠬᠤᠷᠠᠯ᠂ ᠶᠡᠷᠦᠩᠬᠡᠢᠢᠯᠡᠭᠴᠢ᠂ ᠵᠠᠰᠠᠭ ᠤᠨ ᠭᠠᠵᠠᠷ ᠲᠤ ᠲᠤᠯᠭᠠᠷᠴᠠᠵᠤ ᠪᠠᠢᠢᠨ᠎ᠠ᠃ ᠲᠣᠮᠢᠯᠠᠭᠰᠠᠨ ᠠᠯᠪᠠᠨ ᠲᠤᠰᠢᠶᠠᠯᠲᠠ ᠨᠤᠭᠤᠳ ᠤᠨ ᠢᠶᠠᠨ ᠠᠷᠤ ᠠᠴᠠ ᠬᠢᠨᠠᠯᠲᠠ ᠲᠠᠯᠪᠢᠵᠤ᠂ ᠲᠣᠮᠢᠯᠠᠭᠳᠠᠭᠰᠠᠨ ᠠᠯᠪᠠᠨ ᠲᠤᠰᠢᠶᠠᠯ ᠳᠤ ᠪᠠᠨ ᠲᠡᠩᠴᠡᠵᠦ ᠪᠠᠢᠢᠨ᠎ᠠ ᠤᠤ᠂ ᠡᠭᠦᠷᠭᠡ ᠪᠡᠨ ᠪᠡᠶᠡᠯᠡᠭᠦᠯᠵᠦ ᠪᠠᠢᠢᠨ᠎ᠠ ᠤᠤ᠂ ᠶᠣᠰᠣ ᠵᠦᠢ ᠲᠡᠢ ᠠᠵᠢᠯᠯᠠᠵᠤ ᠪᠠᠢᠢᠨ᠎ᠠ ᠤᠤ ᠭᠡᠳᠡᠭ ᠢ ᠨᠡᠬᠡᠨ ᠰᠢᠯᠭᠠᠵᠤ ᠪᠠᠢᠢᠬᠤ ᠦᠭᠡᠢ ᠪᠣᠯ ᠬᠠᠮᠢᠭ᠎ᠠ ᠰᠠᠢᠢᠭᠦᠢ᠂ ᠳᠡᠭᠡᠷ᠎ᠡ ᠳᠣᠣᠷ᠎ᠠ ᠦᠭᠡᠢ ᠬᠠᠷᠢᠭᠤᠴᠠᠯᠭ᠎ᠠ ᠠᠯᠳᠠᠬᠤ᠂ ᠶᠣᠰᠣ ᠵᠦᠢ ᠦᠭᠡᠢ ᠠᠪᠤᠷᠢᠯᠠᠬᠤ ᠨᠢ ᠬᠢᠷᠢ ᠡᠴᠡ ᠬᠡᠲᠦᠷᠡᠵᠦ᠂ ᠢᠷᠭᠡᠳ ᠦᠨ ᠪᠤᠬᠢᠨᠢᠳᠤᠯ ᠢ ᠲᠥᠷᠥᠭᠦᠯᠬᠦ ᠪᠣᠯᠤᠯ᠎ᠠ᠃ ᠶᠡᠷᠦᠩᠬᠡᠢᠢᠯᠡᠭᠴᠢ ᠡᠴᠡ ᠲᠣᠮᠢᠯᠠᠳᠠᠭ ᠰᠢᠭᠦᠭ᠍ᠴᠢᠳ ᠦᠨ ᠶᠣᠰᠣ ᠵᠦᠢ᠂ ᠢᠷᠭᠡᠳ ᠡᠴᠡ ᠭᠠᠷᠴᠤ ᠪᠤᠢ ᠰᠢᠭᠦᠮᠵᠢᠯᠡᠯ ᠢ ᠨᠢᠭ᠌ᠲᠠᠯᠠᠨ᠂ ᠬᠥᠷᠥᠩᠭᠡ᠂ ᠣᠷᠣᠯᠭ᠎ᠠ ᠢᠢᠨ ᠮᠡᠳᠡᠭᠦᠯᠭᠡ ᠳᠥ ᠪᠡᠨ ᠮᠡᠳᠡᠭᠦᠯᠦᠭᠰᠡᠨ ᠬᠥᠷᠥᠩᠭᠡ ᠪᠡᠨ ᠨᠣᠲᠠᠯᠠᠵᠤ ᠴᠢᠳᠠᠬᠤ ᠦᠭᠡᠢ ᠪᠣᠯ᠂ ᠦᠨᠳᠦᠰᠦᠯᠡᠯ ᠦᠭᠡᠢ ᠪᠡᠷ ᠬᠥᠷᠦᠩᠭᠡᠵᠢᠭᠰᠡᠨ ᠰᠢᠭᠦᠭ᠍ᠴᠢᠳ ᠲᠡᠢ ᠬᠠᠷᠢᠭᠤᠴᠠᠯᠭ᠎ᠠ ᠲᠣᠭᠠᠴᠠᠵᠤ᠂ ᠠᠵᠢᠯ ᠠᠴᠠ ᠴᠢᠯᠦᠭᠡᠯᠡᠬᠦ ᠪᠣᠯᠤᠨ᠎ᠠ ᠭᠡᠳᠡᠭ ᠢ ᠡᠨᠳᠡ ᠲᠣᠳᠣᠳᠬᠠᠵᠤ ᠬᠡᠯᠡᠶ᠎ᠡ᠃

ᠳᠡᠯᠡᠬᠡᠢ ᠳᠠᠶᠠᠭᠠᠷ ᠲᠥᠷᠥ ᠢᠢᠨ ᠠᠯᠪᠠ ᠢᠢ ᠲᠣᠭᠲᠠᠪᠤᠷᠢᠲᠠᠢ ᠪᠠᠢᠢᠯᠭᠠᠬᠤ ᠳᠤ ᠠᠩᠬᠠᠷᠴᠤ᠂ ᠱᠠᠲᠤᠯᠠᠨ ᠳᠡᠪᠰᠢᠬᠦ ᠵᠠᠷᠴᠢᠮ ᠢ ᠬᠠᠲᠠᠭᠤ ᠬᠡᠷᠡᠭᠵᠢᠭᠦᠯᠳᠡᠭ᠃ ᠭᠡᠲᠡᠯ᠎ᠡ ᠮᠠᠨ ᠤ ᠳᠤ ᠰᠢᠨ᠎ᠡ ᠤᠯᠤᠰ ᠤᠨ ᠶᠡᠬᠡ ᠬᠤᠷᠠᠯ᠂ ᠰᠢᠨ᠎ᠡ ᠵᠠᠰᠠᠭ ᠤᠨ ᠭᠠᠵᠠᠷ ᠪᠦᠷᠢᠯᠳᠦᠬᠦ ᠪᠦᠷᠢ ᠳᠥ ᠪᠦᠲᠦᠴᠡ ᠢᠢᠨ ᠥᠭᠡᠷᠡᠴᠢᠯᠡᠯᠲᠡ ᠨᠡᠷ᠎ᠡ ᠪᠡᠷ ᠲᠥᠷᠥ ᠢᠢᠨ ᠠᠯᠪᠠᠨ ᠬᠠᠭᠠᠭᠴᠢᠳ ᠢ ᠬᠣᠮᠣᠷᠭᠠᠯᠠᠨ ᠬᠠᠯᠠᠳᠠᠭ ᠵᠤᠷᠰᠢᠯ ᠲᠣᠭᠲᠠᠭᠠᠳ ᠤᠳᠠᠵᠤ ᠪᠠᠢᠢᠨ᠎ᠠ᠃ 2014 ᠣᠨ ᠳᠤ ᠲᠥᠷᠥ ᠢᠢᠨ ᠠᠯᠪᠠᠨ ᠳᠤ 140 ᠮᠢᠩᠭ᠋ᠠᠨ ᠬᠦᠮᠦᠨ ᠠᠵᠢᠯᠯᠠᠵᠤ ᠪᠠᠢᠢᠭᠰᠠᠨ᠃ ᠭᠡᠲᠡᠯ᠎ᠡ ᠣᠳᠣ ᠲᠥᠷᠥ ᠢᠢᠨ ᠠᠯᠪᠠᠨ ᠬᠠᠭᠠᠭᠴᠢ ᠭᠡᠬᠦ ᠶᠠᠮᠠᠷ ᠴᠤ ᠪᠠᠲᠤᠯᠠᠭ᠎ᠠ ᠦᠭᠡᠢ 189 ᠮᠢᠩᠭ᠋ᠠᠨ ᠠᠵᠢᠯ ᠤᠨ ᠪᠠᠢᠢᠷᠢ ᠪᠤᠢ ᠪᠣᠯᠵᠠᠢ᠃ ᠲᠥᠷᠥ ᠢᠢᠨ ᠦᠢᠯᠡᠴᠢᠯᠡᠭᠡᠨ ᠦ ᠠᠯᠪᠠ ᠢᠢ ᠢᠷᠭᠡᠳ ᠲᠥ ᠪᠡᠨ ᠦᠢᠯᠡᠴᠢᠯᠡᠳᠡᠭ ᠠᠯᠪᠠ ᠪᠣᠯᠭᠠᠨ ᠬᠤᠪᠢᠷᠠᠭᠠᠬᠤ ᠨᠢ ᠣᠨᠣᠪᠴᠢᠲᠠᠢ ᠰᠢᠢᠳᠦᠯ ᠭᠡᠵᠦ ᠬᠠᠷᠠᠵᠤ ᠪᠠᠢᠢᠨ᠎ᠠ᠃ ᠪᠠᠭᠰᠢ᠂ ᠡᠮᠴᠢ ᠨᠠᠷ ᠢᠷᠭᠡᠳ ᠲᠥ ᠪᠡᠨ ᠦᠢᠯᠡᠴᠢᠯᠡᠬᠦ ᠶᠣᠰᠣᠲᠠᠢ ᠠᠴᠠ ᠪᠤᠰᠤ ᠲᠥᠷᠥ ᠳᠥ᠂ ᠲᠥᠷᠥ ᠢᠢᠨ ᠠᠯᠪᠠᠨ ᠬᠠᠭᠠᠭᠴᠢᠳ ᠲᠤ ᠦᠢᠯᠡᠴᠢᠯᠡᠬᠦ ᠡᠭᠦᠷᠭᠡ ᠦᠭᠡᠢ᠃ ᠢᠷᠭᠡᠳ ᠦᠨ ᠦᠢᠯᠡᠴᠢᠯᠡᠭᠡᠨ ᠦ ᠠᠯᠪᠠ ᠲᠠᠢ ᠪᠣᠯᠪᠠᠯ ᠪᠠᠭᠰᠢ᠂ ᠡᠮᠴᠢ ᠨᠠᠷ ᠤᠨ ᠴᠠᠯᠢᠩ ᠣᠷᠣᠯᠭ᠎ᠠ᠂ ᠰᠠᠩᠬᠦᠵᠢᠯᠲᠡ ᠳᠡᠭᠡᠷ᠎ᠡ ᠭᠠᠷᠳᠠᠭ ᠣᠯᠠᠨ ᠬᠣᠷᠢᠭ᠎ᠠ᠂ ᠬᠦᠯᠢᠶᠡᠰᠦ ᠨᠦᠭᠦᠳ ᠡᠴᠡ ᠠᠩᠭᠢᠵᠢᠷᠠᠵᠤ᠂ ᠡᠮᠨᠡᠯᠭᠡ᠂ ᠰᠤᠷᠭᠠᠭᠤᠯᠢ ᠥᠪᠡᠷᠰᠡᠳ ᠢᠶᠡᠨ ᠰᠠᠩᠬᠦᠦ ᠢᠢᠨ ᠮᠧᠨᠧᠵᠮᠧᠨ᠋ᠲ ᠢᠶᠡᠨ ᠬᠢᠬᠦ ᠪᠣᠯᠤᠮᠵᠢ ᠨᠥᠬᠥᠴᠡᠯ ᠨᠢ ᠨᠡᠭᠡᠭᠡᠭ᠍ᠳᠡᠬᠦ ᠶᠤᠮ᠃ ᠬᠦᠮᠦᠨ ᠠᠮᠠ ᠥᠰᠬᠦ ᠢᠢᠨ ᠬᠢᠷᠢ ᠪᠡᠷ ᠢᠷᠭᠡᠳ ᠲᠥ ᠦᠢᠯᠡᠴᠢᠯᠡᠬᠦ ᠠᠵᠢᠯᠲᠠᠨ ᠤ ᠲᠣᠭ᠎ᠠ ᠴᠤ ᠥᠰᠴᠦ ᠪᠠᠢᠢᠬᠤ ᠪᠣᠯᠤᠮᠵᠢ ᠲᠠᠢ ᠪᠣᠯᠤᠨ᠎ᠠ᠃ ᠢᠩᠭᠢᠵᠦ ᠴᠢᠳᠠᠪᠠᠯ ᠲᠥᠷᠥ ᠢᠢᠨ ᠠᠯᠪᠠᠨ ᠬᠠᠭᠠᠭᠴᠢᠳ ᠤᠨ ᠲᠣᠭ᠎ᠠ ᠥᠰᠬᠦ ᠦᠭᠡᠢ᠂ ᠲᠥᠷᠥ ᠢᠢᠨ ᠵᠠᠬᠢᠷᠭ᠎ᠠ ᠪᠣᠯᠤᠨ ᠲᠤᠰᠬᠠᠢ ᠠᠯᠪᠠᠨ ᠬᠠᠭᠠᠭᠴᠢᠳ 40 ᠮᠢᠩᠭ᠎ᠠ ᠬᠡᠪ ᠢᠶᠡᠷ ᠬᠠᠳᠠᠭᠠᠯᠠᠭᠳᠠᠬᠤ ᠪᠣᠯᠤᠮᠵᠢ ᠲᠠᠢ ᠶᠤᠮ᠃ ᠳᠤᠮᠳᠠ ᠳᠠᠪᠬᠤᠷᠭ᠎ᠠ ᠠᠯᠠᠭ᠎ᠠ ᠪᠣᠯᠵᠤ᠂ ᠪᠢᠽᠢᠨ᠋᠋ᠧᠰ ᠡᠷᠬᠢᠯᠡᠬᠦ ᠪᠣᠯᠤᠮᠵᠢ ᠬᠤᠮᠢᠭᠳᠠᠬᠤ ᠢᠢᠨ ᠬᠢᠷᠢ ᠪᠡᠷ ᠴᠢᠳᠠᠪᠤᠷᠢ ᠲᠠᠢ᠂ ᠮᠡᠳᠡᠯᠭᠡ ᠲᠡᠢ ᠣᠯᠠᠨ ᠮᠢᠩᠭ᠋ᠠᠨ ᠵᠠᠯᠠᠭᠤᠴᠤᠳ ᠶᠠᠮᠠᠷ ᠴᠤ ᠠᠷᠭ᠎ᠠ ᠪᠠᠷ ᠬᠠᠮᠢᠶ᠎ᠠ ᠦᠭᠡᠢ ᠲᠥᠷᠥ ᠳᠥ ᠰᠢᠷᠭᠤᠯᠠᠪᠠᠯ ᠣᠷᠣᠯᠭ᠎ᠠ ᠲᠠᠢ᠂ ᠠᠮᠢᠳᠤᠷᠠᠯ ᠲᠠᠢ ᠪᠣᠯᠬᠤ ᠶᠤᠮ ᠪᠠᠢᠢᠨ᠎ᠠ ᠭᠡᠰᠡᠨ ᠢᠲᠡᠭᠡᠯ᠂ ᠤᠯᠠᠢᠢᠷᠠᠯ ᠲᠠᠢ ᠪᠣᠯᠤᠨ ᠬᠦᠮᠦᠵᠢᠵᠦ ᠪᠠᠢᠢᠨ᠎ᠠ᠃ ᠠᠵᠢᠯ ᠤᠨ ᠪᠠᠢᠢᠷᠢ ᠢᠢ ᠨᠡᠮᠡᠭᠳᠡᠭᠦᠯᠬᠦ ᠦᠭᠡᠢ ᠪᠠᠢᠢᠭ᠎ᠠ ᠨᠢᠭᠡ ᠲᠣᠮᠣ ᠬᠦᠴᠦᠨ ᠵᠦᠢᠯ ᠪᠣᠯ ᠭᠠᠳᠠᠭᠠᠳᠤ ᠠᠴᠠ ᠠᠪᠤᠭᠰᠠᠨ ᠵᠡᠭᠡᠯᠢ ᠢᠢ ᠳᠠᠭᠠᠭᠠᠳ ᠭᠠᠳᠠᠭᠠᠳᠤ ᠢᠢᠨ ᠠᠵᠢᠯᠯᠠᠬᠤ ᠬᠦᠴᠦ ᠣᠷᠣᠵᠤ ᠢᠷᠡᠳᠡᠭ᠂ ᠭᠠᠳᠠᠭᠠᠳᠤ ᠢᠢᠨ ᠪᠠᠷᠠᠭ᠎ᠠ ᠮᠠᠲ᠋ᠧᠷᠢᠶᠠᠯ ᠨᠡᠢᠢᠯᠡᠭᠦᠯᠳᠡᠭ ᠪᠠᠢᠢᠳᠠᠯ ᠶᠤᠮ᠃ ᠴᠢᠨᠠᠭᠰᠢᠳᠠ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠠᠵᠢᠯᠯᠠᠬᠤ ᠬᠦᠴᠦ᠂ ᠪᠠᠷ᠎ᠠ ᠮᠠᠲ᠋ᠧᠷᠢᠶᠠᠯ ᠢᠶᠠᠨ ᠲᠤᠯᠭᠠᠬᠤ ᠨᠥᠬᠥᠴᠡᠯ ᠲᠡᠢ ᠵᠡᠭᠡᠯᠢ ᠢᠢ ᠠᠪᠬᠤ ᠦᠭᠡᠢ᠂ ᠡᠢᠢᠮᠦ ᠭᠡᠷ᠎ᠡ ᠢᠢ ᠪᠠᠲᠤᠯᠠᠬᠤ ᠦᠭᠡᠢ ᠪᠠᠢᠢᠬᠤ ᠶᠣᠰᠣᠲᠠᠢ ᠭᠡᠵᠦ ᠪᠢ ᠦᠵᠡᠵᠦ ᠪᠠᠢᠢᠨ᠎ᠠ᠃

ᠵᠠᠰᠠᠭ ᠤᠨ ᠭᠠᠵᠠᠷ ᠠᠭᠤᠯᠠ ᠠᠭᠤᠷᠬᠠᠢ ᠠᠴᠠ ᠬᠡᠲᠦ ᠬᠠᠮᠢᠶᠠᠷᠤᠯ ᠲᠠᠢ ᠡᠳ᠋ ᠍ ᠦᠨ ᠵᠠᠰᠠᠭ ᠢᠶᠠᠨ ᠲᠥᠷᠦᠯᠵᠢᠭᠦᠯᠵᠦ᠂ ᠣᠯᠠᠨ ᠲᠤᠯᠭᠠᠭᠤᠷᠢ ᠲᠠᠢ ᠪᠣᠯᠭᠠᠬᠤ᠂ ᠬᠥᠳᠡᠭᠡ ᠠᠵᠤ ᠠᠬᠤᠢ᠂ ᠦᠢᠯᠡᠳᠪᠦᠷᠢᠯᠡᠯ᠂ ᠠᠶᠠᠯᠠᠯ ᠵᠢᠭᠤᠯᠴᠢᠯᠠᠯ ᠤᠨ ᠰᠠᠯᠪᠤᠷᠢ ᠨᠤᠭᠤᠳ ᠢ ᠬᠥᠭ᠍ᠵᠢᠭᠦᠯᠬᠦ ᠪᠣᠳᠣᠯᠭ᠎ᠠ ᠭᠠᠷᠭᠠᠵᠤ ᠪᠠᠢᠢᠭ᠎ᠠ ᠨᠢ ᠲᠠᠯᠠᠷᠬᠠᠯᠲᠠᠢ ᠴᠤ ᠤᠯᠠᠮ ᠴᠠᠭᠠᠰᠢ ᠠᠬᠢᠵᠤ ᠮᠣᠩᠭᠣᠯ ᠤᠨ ᠡᠳ᠋ ᠍ ᠦᠨ ᠵᠠᠰᠠᠭ ᠢ ᠦᠰᠦᠷᠦᠩᠭᠦᠢ ᠬᠡᠮᠵᠢᠶᠡᠨ ᠳᠥ ᠠᠪᠠᠴᠢᠬᠤ ᠢᠯᠡᠭᠦᠦ ᠲᠣᠮᠣ ᠵᠦᠢᠯ ᠳᠥ ᠲᠡᠮᠡᠦᠯᠬᠦ ᠱᠠᠭᠠᠷᠳᠠᠯᠭ᠎ᠠ ᠭᠠᠷᠴᠤ ᠪᠠᠢᠢᠨ᠎ᠠ᠃ ᠥᠨᠥᠳᠥᠷ ᠡᠺᠰᠫᠣᠷᠲ ᠳᠤ ᠭᠠᠷᠴᠤ ᠪᠠᠢᠢᠭ᠎ᠠ ᠭᠣᠣᠯ ᠲᠦᠭᠦᠬᠡᠢ ᠡᠳ᠋ ᠍ ᠢ ᠪᠣᠯᠪᠠᠰᠤᠷᠠᠭᠤᠯᠬᠤ ᠲᠠᠪᠤᠬᠠᠨ ᠦᠢᠯᠡᠳᠪᠦᠷᠢ ᠪᠠᠢᠢᠭᠤᠯᠬᠤ ᠳᠤ ᠡᠺᠰᠫᠣᠷᠲ ᠤᠨ ᠣᠷᠣᠯᠭ᠎ᠠ ᠥᠨᠥᠳᠥᠷ ᠦᠨ ᠲᠠᠪᠤᠨ ᠲᠡᠷᠪᠤᠮ ᠠᠮᠧᠷᠢᠺᠠ ᠳ᠋ᠣᠯᠯᠠᠷ ᠠᠴᠠ 30 ᠲᠡᠷᠪᠤᠮ ᠳᠤ ᠬᠦᠷᠴᠦ ᠵᠢᠷᠭᠤᠭ᠎ᠠ ᠳᠠᠬᠢᠨ ᠥᠰᠬᠦ ᠪᠡᠷ ᠲᠣᠭᠠᠴᠠᠭ᠎ᠠ ᠪᠠᠢᠢᠭ᠎ᠠ᠃ 100 ᠮᠢᠩᠭ᠎ᠠ ᠪᠠᠷ ᠲᠣᠭᠠᠯᠠᠭᠳᠠᠬᠤ ᠰᠢᠭᠤᠳ ᠪᠣᠯᠤᠨ ᠰᠢᠭᠤᠳ ᠪᠤᠰᠤ ᠠᠵᠢᠯ ᠤᠨ ᠪᠠᠢᠢᠷᠢ ᠪᠤᠢ ᠪᠣᠯᠤᠨ᠎ᠠ᠃ ᠡᠨᠡ ᠪᠣᠯ ᠣᠢᠢᠷ᠎ᠠ ᠢᠢᠨ ᠲᠠᠪᠤᠨ ᠵᠢᠯ ᠳᠥ ᠬᠡᠷᠡᠭᠵᠢᠭᠦᠯᠵᠦ ᠪᠣᠯᠬᠤ ᠣᠢᠢᠷ᠎ᠠ ᠢᠢᠨ ᠵᠣᠷᠢᠯᠲᠠ ᠶᠤᠮ᠃ ᠵᠠᠰᠠᠭ ᠤᠨ ᠭᠠᠵᠠᠷ ᠲᠤ ᠡᠳᠡᠭᠡᠷ ᠲᠥᠰᠥᠯ ᠦᠳ ᠢ ᠤᠳᠠᠭ᠎ᠠ ᠳᠠᠷᠠᠭ᠎ᠠ ᠲᠠᠨᠢᠯᠴᠠᠭᠤᠯᠤᠭᠰᠠᠨ᠃ ᠣᠳᠣ ᠬᠢᠬᠦ ᠯᠠ ᠦᠯᠡᠳᠡᠯ᠎ᠡ᠃

ᠬᠣᠯᠠ ᠢᠢᠨ ᠵᠣᠷᠢᠯᠲᠠ ᠭᠡᠪᠡᠯ ᠪᠢᠳᠡ ᠪᠠᠢᠢᠭ᠎ᠠ ᠪᠣᠯᠤᠮᠵᠢ ᠳᠤ ᠪᠠᠨ ᠲᠤᠯᠭᠠᠭᠤᠷᠢᠯᠠᠭᠰᠠᠨ ᠡᠳ᠋ ᠍ ᠦᠨ ᠵᠠᠰᠠᠭ ᠭᠡᠬᠦ ᠡᠴᠡ ᠪᠡᠨ ᠢᠯᠡᠭᠦᠦ ᠶᠡᠬᠡ ᠪᠣᠯᠤᠮᠵᠢ ᠢᠢ ᠨᠡᠬᠡᠭᠡᠬᠦ ᠡᠳ᠋ ᠍ ᠦᠨ ᠵᠠᠰᠠᠭ ᠢ ᠪᠤᠢ ᠪᠣᠯᠭᠠᠬᠤ ᠳᠤ ᠣᠳᠤ ᠠᠴᠠ ᠰᠠᠨᠠᠭ᠎ᠠ ᠲᠠᠯᠪᠢᠬᠤ ᠤᠴᠢᠷᠲᠠᠢ᠃ ᠡᠨᠡ ᠪᠣᠯ ᠭᠠᠷᠴᠠᠭ᠎ᠠ ᠦᠭᠡᠢ ᠰᠢᠨ᠎ᠡ ᠵᠠᠭᠤᠨ ᠤ ᠲᠧᠭᠨᠣᠯᠣᠭᠢ ᠨᠤᠭᠤᠳ ᠮᠥᠨ᠃ ᠢᠷᠡᠭᠡᠳᠦᠢ ᠢᠢᠨ ᠬᠠᠨᠳᠤᠯᠭ᠎ᠠ ᠢᠢ ᠤᠭᠲᠤᠭᠰᠠᠨ ᠪᠣᠳᠣᠯᠭ᠎ᠠ ᠭᠠᠷᠭᠠᠨ᠂ ᠦᠨᠳᠦᠰᠦᠲᠡᠨ ᠢᠶᠡᠨ ᠠᠬᠢᠭᠰᠠᠨ ᠡᠷᠢᠮᠪᠡ ᠢᠢᠨ ᠡᠳ᠋ ᠍ ᠦᠨ ᠵᠠᠰᠠᠭ᠂ ᠲᠧᠭᠨᠣᠯᠣᠭᠢ ᠢᠢᠨ ᠤᠷᠴᠢᠨ ᠳᠤ ᠳᠡᠪᠰᠢᠭᠦᠯᠬᠦ᠂ ᠬᠦᠮᠦᠨ ᠦ ᠨᠥᠭᠡᠴᠡ ᠢᠢ ᠡᠷᠲᠡᠨ ᠡᠴᠡ ᠰᠤᠷᠭᠠᠵᠤ ᠪᠡᠯᠡᠳᠬᠡᠬᠦ ᠰᠠᠨᠠᠭᠠᠴᠢᠯᠠᠭ᠎ᠠ ᠨᠤᠭᠤᠳ ᠢ ᠲᠥᠷᠥ ᠥᠭᠡᠭ᠍ᠰᠢᠭᠦᠯᠦᠨ ᠳᠡᠮᠵᠢᠮᠡᠷ ᠪᠠᠢᠢᠨ᠎ᠠ᠃

ᠬᠢᠮᠡᠯ ᠣᠶᠤᠨ ᠤᠬᠠᠭᠠᠨ᠂ ᠷᠣᠪᠣᠲ ᠲᠧᠭᠨᠢᠭ᠂ ᠪᠢᠭ᠌ ᠳᠠᠲ᠋ᠠ᠂ ᠺᠠᠦ᠋ᠨ᠋ᠲ᠋ᠢᠶᠤᠢᠮ ᠺᠣᠮᠫᠢᠶᠦ᠋ᠲ᠋ᠧᠷ᠂ ᠺᠣᠮᠫᠣᠽᠢᠲ᠋ ᠮᠠᠲ᠋ᠧᠷᠢᠶᠠᠯ᠂ ᠠᠨᠠᠭᠠᠬᠤ ᠤᠬᠠᠭᠠᠨ ᠤ ᠳᠡᠪᠰᠢᠯ ᠦᠳ ᠵᠡᠷᠭᠡ ᠰᠢᠨ᠎ᠡ ᠵᠠᠭᠤᠨ ᠤ ᠲᠧᠭᠨᠣᠯᠣᠭᠢ ᠢᠢᠨ ᠰᠠᠯᠪᠤᠷᠢ ᠳᠤ ᠵᠥᠪ ᠭᠠᠵᠠᠷ ᠢᠶᠠᠨ ᠵᠥᠪ ᠪᠣᠳᠣᠯᠭ᠎ᠠ ᠣᠨᠣᠪᠴᠢᠲᠠᠢ ᠲᠥᠯᠦᠪᠯᠡᠯᠲᠡ ᠬᠥᠷᠦᠩᠭᠡ ᠣᠷᠣᠭᠤᠯᠤᠯᠲᠠ ᠬᠢᠵᠦ᠂ ᠬᠦᠮᠦᠨ ᠦ ᠨᠥᠭᠡᠴᠡ ᠪᠡᠨ ᠪᠦᠷᠢᠳᠦᠭᠦᠯᠵᠦ ᠴᠢᠳᠠᠪᠠᠯ ᠠᠯᠤᠰ ᠲᠤ ᠪᠠᠨ ᠮᠣᠩᠭᠣᠯ ᠤᠨ ᠡᠳ᠋ ᠍ ᠦᠨ ᠵᠠᠰᠠᠭ ᠢ ᠬᠡᠳᠦᠨ ᠵᠠᠭᠤ ᠳ᠋ᠠᠬᠢᠨ ᠲᠣᠮᠣᠷᠠᠭᠤᠯᠬᠤ ᠨᠥᠭᠡᠴᠡ ᠪᠢᠳᠡᠨ ᠳᠥ ᠪᠠᠢᠢᠨ᠎ᠠ᠃ ᠢᠷᠡᠭᠡᠳᠦᠢ ᠢᠢᠨ ᠲᠤᠬᠠᠢ ᠶᠠᠷᠢᠬᠤ ᠳᠤ ᠨᠢᠭᠡ ᠵᠦᠢᠯ ᠢ ᠣᠨᠴᠠᠭᠠᠢ ᠠᠩᠬᠠᠷᠤᠭᠤᠯᠤᠮᠠᠷ ᠪᠠᠢᠢᠨ᠎ᠠ᠃ ᠤᠯᠠᠭᠠᠨᠪᠠᠭᠠᠲᠤᠷ ᠬᠣᠲᠠ ᠢᠢᠨ ᠴᠡᠪᠡᠷ ᠤᠰᠤᠨ ᠤ ᠬᠠᠩᠭ᠋ᠠᠮᠵᠢ 2030 ᠣᠨ ᠭᠡᠬᠦ ᠳᠥ ᠰᠢᠪᠬᠠᠭᠳᠠᠬᠤ ᠰᠤᠳᠤᠯᠭ᠎ᠠ ᠲᠣᠭᠠᠴᠠᠭ᠎ᠠ ᠭᠠᠷᠤᠭᠰᠠᠨ᠃ ᠡᠨᠡ ᠠᠰᠠᠭᠤᠳᠠᠯ ᠢ ᠤᠯᠤᠰ ᠤᠨ ᠬᠥᠷᠥᠩᠭᠡ ᠪᠡᠷ ᠬᠠᠢᠢᠭᠤᠯ᠂ ᠵᠢᠷᠤᠭ ᠲᠥᠰᠥᠯ ᠨᠢ ᠬᠢ᠍ᠭᠳᠡᠴᠢᠬᠡᠭ᠍ᠰᠡᠨ᠂ ᠲᠤᠤᠯᠠ ᠭᠣᠣᠯ ᠤᠨ ᠪᠡᠯᠡᠨ ᠤᠰᠤᠨ ᠰᠠᠩ ᠤᠨ ᠲᠥᠰᠥᠯ ᠢ ᠮᠢᠩᠭ᠋ᠠᠨ ᠤ ᠰᠣᠷᠢᠯ ᠤᠨ ᠰᠠᠩ ᠤᠨ 300 ᠰᠠᠶ᠎ᠠ ᠠᠮ‍᠂ᠳ᠋ᠣᠯᠯᠠᠷ ᠤᠨ ᠬᠥᠲᠥᠯᠪᠦᠷᠢ ᠳᠥ ᠬᠠᠮᠤᠷᠤᠭᠤᠯᠤᠨ ᠰᠢᠢᠳᠪᠦᠷᠢᠯᠡᠬᠦ ᠨᠢ ᠴᠢᠬᠤᠯᠠ ᠪᠠᠢᠢᠭ᠎ᠠ ᠢᠢ ᠵᠠᠰᠠᠭ ᠤᠨ ᠭᠠᠵᠠᠷ ᠡᠷᠲᠡᠨ ᠡᠴᠡ ᠠᠩᠬᠠᠷᠴᠤ ᠰᠢᠢᠳᠪᠦᠷᠢᠯᠡᠨ᠎ᠡ ᠭᠡᠳᠡᠭ ᠲᠥ ᠢᠲᠡᠭᠡᠵᠦ ᠪᠠᠢᠢᠨ᠎ᠠ᠃ ᠤᠰᠤ ᠪᠣᠯ ᠠᠶᠤᠯ ᠦᠭᠡᠢ ᠪᠠᠢᠢᠳᠠᠯ ᠤᠨ ᠨᠢᠭᠡᠨ ᠪᠠᠲᠤᠯᠠᠭ᠎ᠠ᠂ ᠡᠳᠦᠷ ᠲᠤᠲᠤᠮ ᠤᠨ ᠶᠠᠭᠤ ᠪᠠᠷ ᠴᠤ ᠣᠷᠣᠯᠠᠭᠤᠯᠤᠰᠢ ᠦᠭᠡᠢ ᠬᠡᠷᠡᠭᠴᠡᠭᠡ ᠪᠣᠯᠬᠤ ᠢᠢ ᠰᠠᠨᠠᠵᠤ ᠠᠰᠠᠭᠤᠳᠠᠯ ᠬᠦᠨᠳᠦᠷᠡᠬᠦ ᠡᠴᠡ ᠡᠮᠦᠨ᠎ᠡ ᠤᠷᠢᠳᠴᠢᠯᠠᠨ ᠰᠢᠢᠳᠪᠦᠷᠢᠯᠡᠬᠦ ᠬᠡᠷᠡᠭᠲᠡᠢ ᠪᠠᠢᠢᠭ᠎ᠠ ᠢᠢ ᠳᠠᠬᠢᠨ᠂ ᠳᠠᠪᠲᠠᠨ ᠰᠠᠨᠠᠭᠤᠯᠤᠶ᠎ᠠ᠃

ᠤᠷᠢᠨ ᠳᠤᠯᠠᠭᠠᠨ ᠴᠠᠭ ᠢᠷᠡᠭᠰᠡᠨ ᠲᠡᠢ ᠵᠡᠷᠭᠡᠴᠡᠭᠡᠳ ᠤᠲᠤᠭ᠎ᠠ ᠠᠭᠠᠷ ᠤᠨ ᠪᠣᠬᠢᠷᠳᠠᠯ ᠢᠶᠠᠨ ᠮᠠᠷᠲᠠᠵᠤ ᠪᠣᠯᠬᠤ ᠦᠭᠡᠢ᠃ ᠰᠡᠷᠢᠭᠦᠦ ᠣᠷᠣᠬᠤ ᠲᠠᠢ ᠵᠡᠷᠭᠡᠴᠡᠭᠡᠳ ᠤᠲᠤᠭᠠᠨ ᠤ ᠠᠰᠠᠭᠤᠳᠠᠯ ᠠᠬᠢᠭᠠᠳ ᠯᠠ ᠪᠣᠰᠤᠨ᠎ᠠ᠃ ᠠᠭᠠᠷ ᠤᠨ ᠪᠣᠬᠢᠷᠳᠠᠯ ᠤᠨ ᠠᠰᠠᠭᠤᠳᠠᠯ ᠢ ᠰᠢᠢᠳᠬᠦ ᠳᠥ ᠪᠡᠨ ᠣᠯᠠᠨ ᠠᠢᠢᠯ ᠢ ᠣᠷᠣᠨ ᠰᠠᠭᠤᠴᠠᠨ ᠳᠤ ᠤᠷᠤᠭᠤᠯᠬᠤ᠂ ᠣᠯᠠᠨ ᠮᠣᠩᠭᠣᠯ ᠬᠦᠮᠦᠨ ᠢ ᠠᠵᠢᠯ ᠲᠠᠢ ᠪᠣᠯᠭᠠᠬᠤ ᠵᠠᠷᠴᠢᠮ ᠢ ᠭᠣᠣᠯ ᠪᠣᠯᠭᠠᠴᠢᠬ᠎ᠠ ᠳᠤ ᠬᠡᠴᠡᠭᠦᠦ ᠵᠦᠢᠯ ᠪᠠᠢᠢᠬᠤ ᠦᠭᠡᠢ᠃ ᠣᠯᠠᠨ ᠤᠯᠤᠰ ᠲᠤ ᠬᠡᠷᠡᠭᠯᠡᠭᠳᠡᠵᠦ᠂ ᠦᠷ᠎ᠡ ᠳ᠋ᠦᠩ ᠲᠡᠢ ᠨᠢ ᠨᠣᠲᠠᠯᠠᠭᠳᠠᠭᠰᠠᠨ ᠲᠥᠪᠯᠡᠷᠡᠯ ᠢ ᠰᠠᠭᠠᠷᠠᠭᠤᠯᠬᠤ᠂ ᠳᠠᠭᠠᠭᠤᠯᠢ ᠬᠣᠲᠠ ᠨᠤᠭᠤᠳ ᠶᠠᠭᠠᠷᠠᠯᠲᠠᠢ ᠪᠠᠢᠢᠭᠤᠯᠬᠤ᠂ ᠬᠥᠳᠡᠭᠡ ᠳᠥ ᠠᠵᠢᠯᠯᠠᠬᠤ᠂ ᠠᠮᠢᠳᠤᠷᠠᠬᠤ ᠲᠠᠪᠠ ᠲᠤᠬ᠎ᠠ ᠲᠠᠢ ᠣᠷᠴᠢᠨ ᠢ ᠪᠤᠢ ᠪᠣᠯᠭᠠᠬᠤ ᠭᠡᠳ ᠠᠷᠭ᠎ᠠ ᠨᠤᠭᠤᠳ ᠢ ᠠᠰᠢᠭᠯᠠᠭᠠᠴᠢ᠃ ᠤᠲᠤᠭ᠎ᠠ ᠦᠭᠡᠢ ᠵᠤᠤᠬ᠎ᠠ᠂ ᠤᠲᠤᠭ᠎ᠠ ᠦᠭᠡᠢ ᠲᠦᠯᠡᠰᠢ ᠭᠡᠬᠦ ᠮᠡᠲᠦ ᠤᠯᠢᠭ ᠪᠣᠯᠤᠭᠰᠠᠨ ᠵᠦᠢᠯ ᠳᠥ ᠴᠠᠭ ᠮᠥᠩᠭᠥ ᠪᠡᠨ ᠪᠢᠲᠡᠭᠡᠢ ᠦᠷᠡᠭᠡᠴᠢ ᠭᠡᠳᠡᠭ ᠢ ᠵᠣᠷᠢᠭᠤᠳᠠ ᠳᠠᠬᠢᠨ᠂ ᠳᠠᠪᠲᠠᠨ ᠬᠡᠯᠡᠶ᠎ᠡ᠃ ᠡᠨᠳᠡ ᠭᠠᠭᠴᠠ ᠬᠦ ᠰᠡᠳᠬᠢᠯ ᠯᠠ ᠳᠤᠲᠠᠭᠳᠠᠵᠤ ᠪᠠᠢᠢᠭ᠎ᠠ᠃

ᠲᠤᠯᠭᠠᠮᠳᠠᠭᠰᠠᠨ ᠠᠰᠠᠭᠤᠳᠠᠯ ᠢ ᠰᠢᠢᠳᠬᠦ ᠳᠥ ᠪᠡᠨ ᠲᠥᠰᠥᠪ ᠦᠨ ᠮᠥᠩᠭᠥ ᠢᠢ ᠬᠡᠮᠨᠡᠬᠦ᠂ ᠢᠷᠭᠡᠳ ᠲᠥ ᠡᠭᠡᠯᠢᠲᠡᠢ᠂ ᠦᠷ᠎ᠡ ᠳ᠋ᠦᠩ ᠲᠡᠢ ᠲᠠᠯ᠎ᠠ ᠠᠴᠠ ᠰᠢᠢᠳᠪᠦᠷᠢᠯᠡᠬᠦ ᠢᠢᠨ ᠣᠷᠣᠨ ᠳᠤ ᠠᠵᠢᠯ ᠬᠠᠷᠢᠭᠤᠴᠠᠭᠰᠠᠨ ᠬᠦᠮᠦᠰ ᠨᠢ ᠥᠪᠡᠷᠰᠡᠳ ᠲᠥ ᠪᠡᠨ ᠤᠨᠠᠴᠠ ᠭᠠᠷᠭᠠᠬᠤ ᠳᠤ ᠢᠯᠡᠭᠦᠦ ᠠᠩᠬᠠᠷᠳᠠᠭ ᠠᠪᠤᠯᠴᠢ ᠵᠤᠷᠰᠢᠯ ᠲᠠᠢ ᠵᠠᠰᠠᠭ ᠤᠨ ᠭᠠᠵᠠᠷ ᠬᠠᠲᠠᠭᠤ ᠲᠡᠮᠡᠴᠡᠭᠡᠴᠢ ᠡ᠃

ᠬᠠᠤᠯᠢ ᠢᠢᠨ ᠵᠠᠰᠠᠭᠯᠠᠯ᠂ ᠰᠢᠳᠤᠷᠭᠤ ᠶᠣᠰᠣ᠂ ᠲᠥᠷᠥ ᠢᠢᠨ ᠶᠣᠰᠣ ᠵᠦᠢ ᠢᠢᠨ ᠬᠡᠮ ᠬᠡᠮᠵᠢᠶ᠎ᠡ ᠠᠯᠳᠠᠭᠳᠠᠵᠤ᠂ ᠳᠣᠣᠷᠠᠳᠤ ᠣᠷᠣᠭᠰᠠᠨ ᠨᠢ ᠥᠨᠥᠳᠥᠷ ᠦᠨ ᠤᠨᠠᠯᠲᠠ ᠳᠣᠷᠣᠢᠢᠲᠠᠯ ᠤᠨ ᠭᠣᠣᠯ ᠰᠢᠯᠲᠠᠭᠠᠨ᠂ ᠤᠭ ᠦᠨᠳᠦᠰᠦ ᠪᠣᠯᠤᠭᠠᠳ ᠪᠠᠢᠢᠨ᠎ᠠ ᠭᠡᠳᠡᠭ ᠢ ᠠᠷᠠᠳ ᠲᠦᠮᠡᠨ ᠬᠡᠯᠡᠵᠦ᠂ ᠰᠠᠨᠠᠭᠤᠯᠵᠤ ᠪᠠᠢᠢᠨ᠎ᠠ᠃ ᠣᠷᠣᠨ ᠨᠤᠲᠤᠭ ᠲᠤ 70 ᠭᠠᠷᠤᠢ ᠰᠤᠮᠤᠨ ᠳᠤ ᠰᠣᠩᠭ᠋ᠣᠭᠳᠠᠭᠰᠠᠨ ᠲᠥᠯᠦᠭᠡᠯᠡᠭᠴᠢᠳ ᠢ ᠢᠷᠭᠡᠳ ᠦᠨ ᠬᠤᠷᠠᠯ ᠳᠤ ᠡᠷᠬᠡ ᠮᠡᠳᠡᠯ ᠢᠶᠡᠨ ᠬᠡᠷᠡᠭᠵᠢᠭᠦᠯᠬᠦ ᠳᠥ ᠨᠢ ᠰᠠᠭᠠᠳ ᠪᠣᠯᠤᠭᠰᠠᠭᠠᠷ ᠬᠣᠶᠠᠷ ᠵᠢᠯ ᠭᠠᠷᠤᠢ ᠪᠣᠯᠤᠯ᠎ᠠ ᠭᠡᠵᠦ ᠪᠠᠢᠢᠨ᠎ᠠ᠃ ᠰᠦᠬᠡᠪᠠᠭᠠᠲᠤᠷ ᠠᠢᠢᠮᠠᠭ ᠤᠨ ᠵᠠᠰᠠᠭ ᠳᠠᠷᠤᠭ᠎ᠠ ᠢᠢᠨ ᠲᠠᠮᠠᠭ᠎ᠠ ᠢᠢᠨ ᠭᠠᠵᠠᠷ᠂ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠦᠢᠯᠡ ᠠᠵᠢᠯᠯᠠᠭ᠎ᠠ ᠪᠥᠷᠢᠨ ᠵᠠᠪᠬᠠᠷᠠᠯ ᠳᠤ ᠥᠷᠲᠦᠯ᠎ᠡ᠃ ᠰᠢᠳᠤᠷᠭᠤ ᠪᠤᠰᠤ ᠶᠠᠪᠤᠳᠠᠯ᠂ ᠬᠠᠤᠯᠢ ᠬᠡᠷᠡᠭᠵᠢᠬᠦ ᠦᠭᠡᠢ ᠪᠠᠢᠢᠳᠠᠯ ᠬᠡᠲᠦᠷᠬᠡᠢ ᠬᠠᠪᠲᠠᠭᠠᠢᠢᠷᠠᠵᠤ ᠢᠯᠡᠷᠬᠡᠢ ᠬᠡᠷᠡᠭ ᠦᠳ ᠰᠢᠢᠳᠪᠦᠷᠢᠯᠡᠭᠳᠡᠬᠦ ᠦᠭᠡᠢ ᠪᠠᠢᠢᠭ᠎ᠠ ᠠᠴᠠ ᠠᠷᠠᠳ ᠣᠯᠠᠨ ᠤ ᠲᠥᠷᠥ ᠳᠥ ᠢᠲᠡᠭᠡᠬᠦ ᠢᠲᠡᠭᠡᠯ ᠤᠯᠠᠮ ᠪᠦᠷ ᠰᠤᠯᠠᠷᠠᠵᠤ ᠪᠠᠢᠢᠨ᠎ᠠ᠃ ᠢᠷᠭᠡᠳ ᠲᠠ ᠪᠦᠬᠦᠨ ᠡᠴᠡ ᠬᠠᠤᠯᠢ ᠢᠢᠨ ᠵᠠᠰᠠᠭᠯᠠᠯ᠂ ᠰᠢᠳᠤᠷᠭᠤ ᠶᠣᠰᠣ ᠢᠢ ᠬᠡᠷᠡᠭᠵᠢᠭᠦᠯᠬᠦ ᠢᠢ ᠬᠠᠲᠠᠭᠤ ᠱᠠᠭᠠᠷᠳᠠᠵᠤ ᠪᠠᠢᠢᠨ᠎ᠠ᠃ ᠬᠠᠤᠯᠢ ᠪᠠᠨ ᠬᠡᠷᠡᠭᠵᠢᠭᠦᠯᠵᠦ᠂ ᠮᠥᠷᠳᠡᠭᠦᠯᠵᠦ ᠴᠢᠳᠠᠬᠤ ᠦᠭᠡᠢ ᠶᠤᠮ ᠪᠣᠯ ᠵᠠᠰᠠᠭ ᠤᠨ ᠭᠠᠵᠠᠷ᠂ ᠤᠯᠤᠰ ᠤᠨ ᠶᠡᠬᠡ ᠬᠤᠷᠠᠯ ᠭᠡᠵᠦ ᠪᠠᠢᠢᠬᠤ ᠬᠡᠷᠡᠭ ᠪᠠᠢᠢᠭ᠎ᠠ ᠶᠤᠮ ᠤᠤ᠂ ᠭᠡᠳᠡᠭ ᠢ ᠢᠯᠡ ᠲᠣᠳᠣ ᠪᠠᠷ ᠠᠰᠠᠭᠤᠵᠤ᠂ ᠵᠥᠪᠰᠢᠯᠴᠡᠬᠦ ᠱᠠᠭᠠᠷᠳᠠᠯᠭ᠎ᠠ ᠲᠠᠢ ᠪᠠᠢᠢᠨ᠎ᠠ᠃

ᠭᠠᠳᠠᠭᠠᠳᠤ ᠣᠷᠣᠨ ᠨᠤᠭᠤᠳ ᠲᠤ ᠰᠠᠭᠤᠬᠤ ᠡᠯᠴᠢᠨ ᠰᠠᠢᠢᠳ ᠤᠳ ᠤᠨ ᠠᠰᠠᠭᠤᠳᠠᠯ ᠢ ᠵᠥᠪᠰᠢᠯᠴᠡᠬᠦ ᠪᠡᠷ ᠵᠠᠰᠠᠭ ᠤᠨ ᠭᠠᠵᠠᠷ᠂ ᠤᠯᠤᠰ ᠤᠨ ᠶᠡᠬᠡ ᠬᠤᠷᠠᠯ ᠳᠥ ᠰᠠᠨᠠᠯ᠎ ᠢᠢᠠᠨ ᠬᠦᠷᠭᠡᠭᠦᠯᠦᠭᠰᠡᠨ ᠴᠤ ᠨᠢᠭᠡ ᠡᠴᠡ ᠪᠤᠰᠤᠳ ᠨᠢ ᠰᠢᠢᠳᠦᠭᠳᠡᠭᠡ ᠦᠭᠡᠢ ᠡᠳᠦᠢ ᠬᠦᠷᠡᠯ᠎ᠠ᠃

ᠲᠥᠷᠥ ᠢᠢᠨ ᠬᠣᠢᠢᠰᠢᠯᠠᠭᠤᠯᠤᠰᠢ ᠦᠭᠡᠢ᠂ ᠬᠡᠨ ᠲᠡᠢ ᠬᠤᠪᠢᠶᠠᠯᠴᠠᠰᠢ ᠦᠭᠡᠢ ᠡᠭᠦᠷᠭᠡ ᠪᠣᠯ ᠢᠷᠭᠡᠳ ᠢᠶᠡᠨ ᠠᠵᠢᠯ ᠲᠠᠢ᠂ ᠣᠷᠣᠯᠭ᠎ᠠ ᠲᠠᠢ ᠪᠠᠢᠢᠯᠭᠠᠬᠤ ᠶᠠᠪᠤᠳᠠᠯ ᠶᠤᠮ᠃ ᠠᠵᠢᠯ ᠤᠨ ᠪᠠᠢᠢᠷᠢ ᠢᠢ ᠣᠯᠠᠨ ᠢᠶᠠᠷ ᠪᠤᠢ ᠪᠣᠯᠭᠠᠬᠤ ᠪᠦᠬᠦ ᠡᠷᠬᠡ ᠮᠡᠳᠡᠯ ᠲᠠ ᠪᠦᠬᠦᠨ ᠳᠥ ᠲᠥᠪᠯᠡᠷᠡᠭᠰᠡᠨ᠃ ᠲᠣᠮᠣ ᠲᠥᠰᠥᠯ ᠦᠳ ᠢᠶᠡᠨ ᠦᠨᠳᠦᠰᠦᠨ ᠦ ᠡᠷᠬᠡ ᠠᠰᠢᠭ ᠲᠤ ᠨᠡᠢᠢᠴᠡᠭᠰᠡᠨ ᠪᠠᠢᠢᠳᠠᠯ ᠢᠶᠠᠷ ᠬᠥᠳᠡᠯᠭᠡᠶ᠎ᠡ᠂ ᠮᠥᠩᠭᠥ ᠤᠯᠬᠤ᠂ ᠢᠯᠡᠭᠦᠦ ᠶᠡᠬᠡ ᠠᠵᠢᠯ ᠤᠨ ᠪᠠᠢᠢᠷᠢ ᠪᠤᠢ ᠪᠣᠯᠭᠠᠬᠤ ᠪᠢᠽᠢᠨ᠋᠋ᠧᠰ ᠦᠨ ᠰᠢᠨ᠎ᠡ ᠲᠠᠯᠠᠪᠤᠷ ᠢ ᠨᠡᠭᠡᠭᠡᠶ᠎ᠡ᠃ ᠢᠨ᠋᠊ᠨᠣᠸᠠᠼ ᠢ ᠪᠦᠬᠦ ᠰᠠᠯᠪᠤᠷᠢ ᠳᠤ ᠬᠡᠮ ᠬᠡᠮᠵᠢᠶ᠎ᠡ ᠪᠣᠯᠲᠠᠯ᠎ᠠ ᠨᠢ ᠨᠡᠪᠲᠡᠷᠡᠭᠦᠯᠦᠶ᠎ᠡ᠃ ᠢᠷᠭᠡᠳ ᠠᠵᠢᠯ ᠲᠠᠢ ᠪᠣᠯ ᠣᠷᠣᠯᠭ᠎ᠠ ᠲᠠᠢ᠃ ᠣᠷᠣᠯᠭ᠎ᠠ ᠲᠠᠢ ᠪᠣᠯ ᠠᠮᠢᠳᠤᠷᠠᠯ ᠠᠨᠳᠠ ᠰᠠᠢᠢᠵᠢᠷᠠᠨ᠎ᠠ᠃ ᠠᠮᠢᠳᠤᠷᠠᠯ ᠰᠠᠢᠢᠨ ᠪᠣᠯ ᠡᠷᠡᠭᠦᠯ ᠮᠡᠨᠳᠦ᠂ ᠪᠣᠯᠪᠠᠰᠤᠷᠠᠯ ᠳᠤ ᠠᠩᠬᠠᠷᠬᠤ ᠨᠥᠬᠥᠴᠡᠯ ᠡᠭᠦᠰᠦᠨ᠎ᠡ᠃ ᠪᠣᠯᠪᠠᠰᠤᠷᠠᠯ ᠲᠠᠢ ᠡᠷᠡᠭᠦᠯ ᠢᠷᠭᠡᠳ ᠨᠢ ᠤᠯᠤᠰ ᠣᠷᠣᠨ ᠤ ᠬᠥᠭ᠍ᠵᠢᠯ ᠢ ᠤᠷᠲᠤ ᠤᠳᠠᠭᠠᠨ ᠬᠤᠭᠤᠴᠠᠭᠠᠨ ᠳᠤ ᠲᠣᠭᠲᠠᠪᠤᠷᠢᠲᠠᠢ ᠠᠪᠴᠤ ᠶᠠᠪᠤᠵᠤ ᠴᠢᠳᠠᠨ᠎ᠠ᠃ ᠡᠢᠢᠮᠦ ᠡᠩ ᠦᠨ ᠳᠠᠷᠠᠭᠠᠯᠠᠯ ᠢ ᠬᠡᠷᠬᠢᠨ ᠵᠥᠪ ᠰᠢᠭᠤᠷᠬᠠᠢ ᠤᠳᠤᠷᠢᠳᠤᠯᠭ᠎ᠠ ᠪᠠᠷ ᠬᠠᠩᠭ᠋ᠠᠬᠤ ᠪᠠᠨ ᠲᠥᠷᠦ ᠢᠢᠨ ᠪᠠᠢᠢᠭᠤᠯᠤᠯᠭ᠎ᠠ ᠨᠤᠭᠤᠳ ᠨᠢ ᠮᠡᠳᠡᠳᠡᠭ᠂ ᠵᠢᠳᠬᠦᠳᠡᠭ ᠪᠠᠢᠢᠪᠠᠯ ᠡᠨᠡ ᠮᠣᠩᠭᠣᠯ ᠤᠯᠤᠰ ᠮᠠᠨᠢ ᠰᠡᠪᠬᠡᠢᠢᠭᠡᠳ ᠪᠣᠰᠤᠭᠠᠳ ᠢᠷᠡᠬᠦ ᠪᠣᠯᠤᠮᠵᠢ᠂ ᠨᠥᠬᠥᠴᠡᠯ ᠨᠢ ᠪᠦᠷᠢᠳᠦᠭᠰᠡᠨ ᠤᠯᠤᠰ ᠶᠤᠮ ᠰᠢᠦ᠃

ᠣᠳᠣ ᠭᠠᠭᠴᠠ ᠬᠦ ᠠᠵᠢᠯ ᠬᠢᠬᠦ ᠯᠠ ᠦᠯᠡᠳᠡᠯ᠎ᠡ᠃ ᠠᠩᠬᠠᠷᠤᠯ ᠲᠠᠯᠪᠢᠭᠰᠠᠨ ᠳᠤ ᠲᠠᠯᠠᠷᠬᠠᠯ᠎ᠠ᠃