Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ 《ᠨᠡᠢᠢᠲᠡ ᠢᠢᠨ ᠭᠥᠯᠪᠥᠮᠪᠦᠭᠡ》 ᠬᠥᠲᠥᠯᠪᠦᠷᠢ ᠢᠢ ᠣᠷᠣᠨ ᠳᠠᠶᠠᠭᠠᠷ ᠬᠡᠷᠡᠭᠵᠢᠭᠦᠯᠦᠨ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠪᠣᠳᠣᠯᠭ᠎ᠠ᠂ ᠦᠢᠯᠡ ᠠᠵᠢᠯᠯᠠᠭᠠᠨ ᠤ ᠬᠥᠲᠦᠯᠪᠦᠷᠢ ᠲᠥ ᠲᠤᠰᠠᠭᠰᠠᠨ ᠨᠡᠢᠢᠲᠡ ᠢᠢᠨ ᠪᠡᠶ᠎ᠡ ᠢᠢᠨ ᠲᠠᠮᠢᠷ ᠢ ᠬᠥᠭ᠍ᠵᠢᠭᠦᠯᠬᠦ᠂ ᠳᠡᠮᠵᠢᠬᠦ ᠵᠣᠷᠢᠯᠲᠠ ᠨᠤᠭᠤᠳ ᠪᠣᠯᠤᠨ 《ᠡᠷᠡᠭᠦᠯ ᠮᠣᠩ᠋ᠭᠣᠯ ᠬᠦᠮᠦᠨ》 ᠬᠥᠲᠦᠯᠪᠦᠷᠢ ᠢᠢᠨ ᠬᠦᠷᠢᠶᠡᠨ ᠳᠥ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ 《ᠨᠡᠢᠢᠲᠡ ᠢᠢᠨ ᠬᠥᠯᠪᠥᠮᠪᠥᠭᠡ》 ᠬᠥᠲᠦᠯᠪᠦᠷᠢ ᠢᠢ ᠣᠷᠣᠨ ᠳᠠᠶᠠᠭᠠᠷ ᠬᠡᠷᠡᠭᠵᠢᠭᠦᠯᠦᠨ᠎ᠡ᠃

ᠮᠣᠩ᠋ᠭᠣᠯ ᠤᠨ ᠬᠥᠯᠪᠥᠮᠪᠥᠭᠡ ᠢᠢᠨ ᠬᠣᠯᠪᠣᠭᠠᠨ ᠠᠴᠠ ᠰᠠᠨᠠᠭᠠᠴᠢᠯᠠᠭᠰᠠᠨ᠂ ᠨᠡᠢᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠢᠢᠨ ᠵᠠᠬᠢᠷᠤᠭᠴᠢ ᠢᠢᠨ ᠨᠡᠷᠡᠮᠵᠢᠲᠦ ᠬᠥᠲᠦᠯᠪᠦᠷᠢ ᠢᠢᠨ ᠨᠡᠭᠡᠭᠡᠯᠲᠡ ᠳ ∙ ᠰᠦᠬᠡᠪᠠᠭᠠᠲᠤᠷ ᠤᠨ ᠲᠠᠯᠠᠪᠠᠢ ᠳᠤ ᠪᠣᠯᠵᠤ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠦᠯᠰᠦ᠋ᠬᠡ ᠣᠷᠣᠯᠴᠠᠯ᠎ᠠ᠃

ᠶᠡᠷᠦᠩᠬᠡᠢᠢᠯᠡᠭᠴᠢ ᠤ᠊ ∙ ᠬᠦᠷᠦᠯᠰᠦ᠋ᠬᠡ ᠡᠨᠡ ᠦᠶ᠎ᠡ ᠪᠡᠷ ᠬᠥᠯᠪᠥᠮᠪᠥᠭᠡ ᠢᠢᠨ ᠰᠫᠣᠷᠲ ᠨᠢ ᠣᠯᠢᠮᠫ ᠤᠨ ᠨᠠᠭᠠᠳᠤᠮ ᠤᠨ ᠠᠳᠠᠯᠢ ᠬᠦᠮᠦᠨ ᠲᠥᠷᠦᠯᠬᠢᠲᠡᠨ ᠦ ᠡᠪ ᠨᠢᠭᠡᠳᠦᠯ ᠦᠨ ᠪᠡᠯᠭᠡᠳᠡᠯ ᠪᠣᠯᠳᠠᠭ᠂ ᠬᠠᠮᠤᠭ ᠤᠨ ᠣᠯᠠᠨ ᠬᠥᠭ᠍ᠵᠢᠭᠡᠨ ᠳᠡᠮᠵᠢᠭᠴᠢ ᠲᠡᠢ 《ᠬᠠᠭᠠᠨ ᠰᠫᠣᠷᠲ》 ᠭᠡᠳᠡᠭ ᠢ ᠣᠨᠴᠠᠯᠠᠯ᠎ᠠ᠃

《ᠨᠡᠢᠢᠲᠡ ᠢᠢᠨ ᠬᠥᠯᠪᠥᠮᠪᠥᠭᠡ》 ᠬᠥᠲᠥᠯᠪᠦᠷᠢ ᠢᠢ ᠬᠡᠷᠡᠭᠵᠢᠭᠦᠯᠦᠭᠰᠡᠨ ᠢᠶᠡᠷ ᠬᠥᠯᠪᠥᠮᠪᠥᠭᠡ ᠢᠢᠨ ᠲᠧᠭᠨᠢᠺ᠂ ᠤᠷᠠᠨ ᠴᠢᠳᠠᠪᠤᠷᠢ ᠢᠢ ᠵᠢᠭᠠᠵᠤ ᠰᠤᠷᠭᠠᠬᠤ ᠮᠡᠷᠭᠡᠵᠢᠯ ᠦᠨ ᠪᠠᠭᠰᠢ ᠨᠠᠷ ᠤᠨ ᠲᠣᠭ᠎ᠠ ᠨᠡᠮᠡᠭᠳᠡᠵᠦ᠂ ᠡᠨᠡ ᠰᠫᠣᠷᠲ ᠢ ᠳᠡᠮᠵᠢᠭᠴᠢ ᠣᠯᠠᠨ ᠲᠦᠩᠰᠢ ᠪᠠᠢᠢᠭᠤᠯᠤᠯᠭ᠎ᠠ ᠪᠤᠢ ᠪᠣᠯᠤᠨ᠎ᠠ᠃

ᠮᠥᠨ ᠬᠥᠯᠪᠥᠮᠪᠥᠭᠡ ᠢᠶᠡᠷ ᠬᠢᠴᠢᠶᠡᠯᠯᠡᠭᠴᠢ ᠬᠡᠦᠬᠡᠳ᠂ ᠪᠠᠭᠠᠴᠤᠳ ᠺᠯᠤᠢᠪ ᠪᠡᠷ ᠢᠶᠡᠨ ᠳᠠᠮᠵᠢᠭᠤᠯᠤᠨ 《ᠦᠨᠳᠦᠰᠦᠨ ᠦ ᠰᠢᠭᠰᠢᠭᠡ ᠪᠠᠭ》 ᠍ ᠳᠤ ᠲᠣᠭᠯᠠᠬᠤ᠂ ᠮᠡᠷᠭᠡᠵᠢᠯ ᠦᠨ ᠥᠨᠳᠥᠷ ᠴᠢᠨᠰᠠᠭ᠎ᠠ ᠲᠠᠢ ᠲᠠᠮᠢᠷᠴᠢᠳ ᠲᠥᠷᠥᠨ ᠭᠠᠷᠬᠤ᠂ ᠡᠬᠡ ᠣᠷᠣᠨ ᠤ ᠪᠠᠨ ᠨᠡᠷ᠎ᠡ ᠢᠢ ᠲᠢᠪ᠂ ᠳᠡᠯᠡᠬᠡᠢ ᠳᠥ ᠳᠠᠭᠤᠷᠢᠰᠬᠠᠬᠤ ᠡᠭᠦᠳᠡ ᠬᠠᠭᠠᠯᠭ᠎ᠠ ᠨᠡᠭᠡᠭᠡᠭ᠍ᠳᠡᠨ᠎ᠡ ᠭᠡᠳᠡᠭ ᠲᠥ ᠢᠲᠡᠭᠡᠵᠦ ᠪᠠᠢᠢᠭ᠎ᠠ ᠪᠠᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠯᠡᠷᠬᠡᠢᠢᠯᠡᠪᠡ᠃

《ᠨᠡᠶᠢᠲᠡ ᠶᠢᠨ ᠬᠥᠯᠪᠥᠮᠪᠥᠭᠡ》 ᠬᠥᠲᠦᠯᠪᠦᠷᠢ ᠶᠢᠨ ᠬᠦᠷᠢᠶᠡᠨ ᠳᠥ᠄
ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠨᠤᠭᠤᠳ ᠤᠨ ᠳᠤᠮᠳᠠ ᠥᠬᠢᠳ᠂ ᠬᠥᠪᠡᠭᠦᠳ ᠦᠨ ᠠᠩᠭᠢᠯᠠᠯ ᠪᠦᠬᠦᠢ 《ᠮᠥᠷᠥᠭᠡᠳᠦᠯ ᠦᠨ ᠭᠾᠣᠣᠯ》 ᠲᠡᠮᠡᠴᠡᠭᠡᠨ ᠢ ᠵᠢᠯ ᠪᠦᠷᠢ ᠵᠣᠬᠢᠶᠠᠨ ᠪᠠᠢᠢᠭᠤᠯᠬᠤ;
ᠣᠯᠠᠨ ᠤᠯᠤᠰ ᠤᠨ ᠲᠡᠮᠡᠴᠡᠭᠡᠨ ᠵᠣᠬᠢᠶᠠᠨ ᠪᠠᠢᠢᠭᠤᠯᠬᠤ ᠰᠲ᠋ᠠᠨ᠋ᠳᠠᠷᠲ ᠬᠡᠮᠵᠢᠶ᠎ᠡ᠂ ᠱᠠᠭᠠᠷᠳᠠᠯᠭ᠎ᠠ ᠢᠢ ᠬᠠᠩᠭ᠋ᠠᠭᠰᠠᠨ ᠬᠥᠯᠪᠥᠮᠪᠥᠭᠡ ‍ᠢᠢᠨ ᠲᠠᠯᠠᠪᠠᠢ ᠢᠢ 21 ᠠᠢᠢᠮᠠᠭ᠂ 9 ᠳᠡᠭᠦᠷᠭᠡ ᠳᠥ ᠪᠠᠢᠢᠭᠤᠯᠬᠤ;
ᠬᠥᠯᠪᠥᠮᠪᠥᠭᠡ ᠢᠶᠡᠷ ᠳᠠᠮᠵᠢᠭᠤᠯᠤᠨ ᠳᠡᠯᠡᠬᠡᠢ ᠳ᠋ᠠᠬᠢᠨ ᠳᠤ ᠦᠨᠳᠦᠰᠦᠨ ᠦ ᠦᠢᠯᠡᠳᠪᠦᠷᠢᠯᠡᠯ ᠦᠨ ᠪᠦᠲᠦᠭᠡᠭ᠍ᠳᠡᠬᠦᠨ᠂ ᠦᠢᠯᠡᠴᠢᠯᠡᠭᠡ ᠢᠢ ᠲᠠᠨᠢᠭᠤᠯᠬᠤ᠂ ᠬᠥᠯᠪᠥᠮᠪᠥᠭᠡ ᠢᠢᠨ ᠰᠫᠣᠷᠲ ᠢ ᠳᠡᠮᠵᠢᠬᠦ 《ᠬᠠᠮᠲᠤ ᠢᠢᠨ ᠠᠵᠢᠯᠯᠠᠭ᠎ᠠ ᠪᠠᠨ᠂ ᠲᠦᠩᠰᠢᠯᠡᠯ》 ᠬᠥᠲᠦᠯᠪᠦᠷᠢ ᠬᠡᠷᠡᠭᠵᠢᠭᠦᠯᠬᠦ;
21 ᠠᠢᠢᠮᠠᠭ᠂ 9 ᠳᠡᠭᠦᠷᠭᠡ ᠢᠢᠨ ᠰᠢᠭᠰᠢᠭᠡ ᠪᠠᠭ ᠣᠷᠣᠯᠴᠠᠳᠠᠭ 《ᠦᠨᠳᠦᠰᠦᠨ ᠦ ᠴᠣᠮᠣ》 ᠲᠡᠮᠡᠴᠡᠭᠡᠨ ᠢ ᠥᠷᠭᠡᠵᠢᠭᠦᠯᠬᠦ;
ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠨᠤᠭᠤᠳ ᠲᠤ 《ᠳᠠᠰᠬᠠᠯᠵᠢᠭᠤᠯᠤᠭᠴᠢ ᠪᠠᠭᠰᠢ ᠢᠢᠨ ᠪᠣᠯᠪᠠᠰᠤᠷᠠᠯ》 ᠬᠥᠲᠦᠯᠪᠦᠷᠢ ᠢᠢ ᠬᠡᠷᠡᠭᠵᠢᠭᠦᠯᠬᠦ ᠵᠡᠷᠭᠡ ᠠᠵᠢᠯ ᠢ 2027 ᠣᠨ ᠬᠦᠷᠲᠡᠯ᠎ᠡ ᠬᠡᠷᠡᠭᠵᠢᠭᠦᠯᠬᠦ ᠪᠡᠷ ᠲᠥᠯᠦᠪᠯᠡᠵᠦ ᠪᠠᠢᠢᠨ᠎ᠠ᠃