Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠰᠤᠪᠢᠯᠠᠬᠤᠢ ᠢᠢᠨ ᠰᠠᠯᠪᠤᠷᠢ ᠢᠢᠨ ᠬᠢᠨ ᠳᠤ ᠪᠠᠶᠠᠷ ᠤᠨ ᠮᠡᠨᠳᠦᠴᠢᠯᠡᠭᠡ ᠳᠡᠪᠰᠢᠭᠦᠯᠪᠡ

《ᠰᠤᠪᠢᠯᠠᠭᠴᠢᠳ ᠡᠭᠡᠯᠢᠲᠡᠢ ᠮᠣᠩ᠋ᠭᠣᠯ-2022》 ᠰᠡᠳᠦᠪᠲᠦ ᠰᠤᠪᠢᠯᠠᠬᠤᠢ ᠢᠢᠨ ᠦᠨᠳᠦᠰᠦᠨ ᠦ ᠴᠢᠭᠤᠯᠭᠠᠨ ᠲᠥᠷᠥ ᠢᠢᠨ ᠣᠷᠳᠣᠨ ᠳᠤ ᠪᠣᠯᠵᠤ ᠪᠠᠢᠢᠨ᠎ᠠ᠃ ᠡᠨᠡ ᠰᠠᠯᠪᠤᠷᠢ ᠳᠤ ᠠᠵᠢᠯᠯᠠᠳᠠᠭ 13 ᠮᠢᠩᠭ᠋᠎ᠠ ᠭᠠᠷᠤᠢ ᠰᠤᠪᠢᠯᠠᠭᠴᠢ ᠢᠢᠨ ᠲᠥᠯᠥᠭᠡᠯᠡᠯ ᠪᠣᠯᠬᠤ 800 ᠭᠠᠷᠤᠢ ᠬᠦᠮᠦᠨ ᠡᠨᠡ ᠴᠢᠭᠤᠯᠭᠠᠨ ᠳᠤ ᠣᠷᠣᠯᠴᠠᠵᠤ ᠣᠯᠤᠯᠲᠠ ᠠᠮᠵᠢᠯᠲᠠ᠂ ᠬᠦᠨᠳᠦᠷᠡᠯ ᠪᠡᠷᠬᠡᠰᠢᠶᠡᠯ᠂ ᠴᠢᠨᠠᠭᠰᠢᠳᠠ ᠢᠢᠨ ᠵᠣᠷᠢᠯᠲᠠ ᠵᠡᠷᠭᠡ ᠪᠡᠨ ᠬᠡᠯᠡᠯᠴᠡᠬᠦ ᠶᠤᠮ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠦᠨᠳᠦᠰᠦᠨ ᠦ ᠴᠢᠭᠤᠯᠭᠠᠨ ᠢ ᠨᠡᠭᠡᠭᠡᠵᠦ ᠦᠭᠡ ᠬᠡᠯᠡᠨ᠂ ᠣᠯᠠᠨ ᠤᠯᠤᠰ ᠤᠨ ᠰᠤᠪᠢᠯᠠᠭᠴᠢᠳ ᠤᠨ ᠪᠠᠶᠠᠷ ᠤᠨ ᠮᠡᠨᠳᠦᠴᠢᠯᠡᠭᠡ ᠳᠡᠪᠰᠢᠭᠦᠯᠦᠭᠰᠡᠨ ᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠄
《ᠰᠤᠪᠢᠯᠠᠬᠤᠢ ᠢᠢᠨ ᠰᠠᠯᠪᠤᠷᠢ ᠢᠢᠨ ᠨᠡᠢᠢᠲᠡ ᠬᠠᠮᠲᠤ ᠣᠯᠠᠨ ᠲᠠ ᠪᠦᠬᠦᠨ ᠳᠥ ᠣᠯᠠᠨ ᠤᠯᠤᠰ ᠤᠨ ᠰᠤᠪᠢᠯᠠᠭᠴᠢᠳ ᠤᠨ ᠪᠠᠶᠠᠷ ᠤᠨ ᠡᠳᠦᠷ ᠦᠨ ᠮᠡᠨᠳᠦ ᠬᠦᠷᠭᠡᠶ᠎ᠡ᠃

ᠥᠨᠥᠳᠥᠷ ᠳᠡᠯᠡᠬᠡᠢ ᠳᠠᠬᠢᠨ ᠣᠷᠴᠢᠨ ᠴᠠᠭ ᠤᠨ ᠰᠤᠪᠢᠯᠠᠬᠤᠢ ᠢᠢᠨ ᠰᠢᠨᠵᠢᠯᠡᠬᠦ ᠤᠬᠠᠭᠠᠨ ᠢ ᠦᠨᠳᠦᠰᠦᠯᠡᠭᠴᠢ ᠹ ∙ ᠨᠠᠢᠢᠲ᠋ᠢᠩᠶᠧᠯ ᠦᠨ ᠮᠡᠨᠳᠦᠯᠡᠭᠰᠡᠨ ᠡᠳᠦᠷ-ᠣᠯᠠᠨ ᠤᠯᠤᠰ ᠤᠨ ᠰᠤᠪᠢᠯᠠᠭᠴᠢᠳ ᠤᠨ ᠡᠳᠦᠷ ᠢ ᠲᠡᠮᠳᠡᠭᠯᠡᠨ ᠥᠩᠭᠡᠷᠡᠭᠦᠯᠵᠦ ᠪᠠᠢᠢᠨ᠎ᠠ᠃

ᠡᠨᠡ ᠡᠳᠦᠷ ᠦᠨ ᠤᠳᠬ᠎ᠠ ᠤᠴᠢᠷ ᠨᠢ ᠰᠤᠪᠢᠯᠠᠭᠴᠢᠳ ᠤᠨ ᠡᠷᠬᠡ ᠢᠢ ᠬᠠᠮᠠᠭᠠᠯᠠᠬᠤ᠂ ᠰᠤᠪᠢᠯᠠᠬᠤᠢ ᠢᠢᠨ ᠲᠤᠰᠠᠯᠠᠮᠵᠢ᠂ ᠦᠢᠯᠡᠴᠢᠯᠡᠭᠡ ᠢᠢ ᠰᠠᠢᠢᠵᠢᠷᠠᠭᠤᠯᠬᠤ᠂ ᠰᠤᠪᠢᠯᠠᠭᠴᠢ ᠮᠡᠷᠭᠡᠵᠢᠯ ᠢ ᠰᠤᠷᠲᠠᠯᠴᠢᠯᠠᠬᠤ᠂ ᠲᠡᠳᠡᠨ ᠳᠥ ᠲᠠᠯᠠᠷᠬᠠᠯ ᠢᠯᠡᠷᠬᠡᠢᠢᠯᠡᠬᠦ ᠳᠥ ᠣᠷᠣᠰᠢᠳᠠᠭ ᠶᠤᠮ᠃

ᠶᠡᠬᠡ ᠵᠠᠩᠵᠤᠨ ᠳᠡ‍ ∙ ᠰᠦᠬᠡᠪᠠᠭᠠᠲᠤᠷ ᠤᠨ ᠲᠤᠰᠢᠶᠠᠯ ᠢᠶᠠᠷ 1921 ᠣᠨ ᠳᠤ ᠮᠣᠩ᠋ᠭᠣᠯ᠂ ᠲᠦᠪᠡᠳ ᠦᠨ ᠬᠣᠯᠢᠮᠠᠭ ᠬᠣᠷᠢᠶ᠎ᠠ ᠨᠡᠷᠡᠲᠡᠢ ᠡᠮᠨᠡᠯᠭᠡ ᠪᠠᠢᠢᠭᠤᠯᠤᠭᠳᠠᠰᠤᠨ ᠠᠴᠠ ᠬᠣᠢᠢᠰᠢ ᠮᠠᠨ ᠤ ᠰᠤᠪᠢᠯᠠᠬᠤᠢ ᠢᠢᠨ ᠰᠠᠯᠪᠤᠷᠢ ᠢᠢᠨ ᠬᠢᠨ ᠠᠷᠠᠳ ᠢᠷᠭᠡᠳ ᠦᠨ ᠢᠶᠡᠨ ᠡᠷᠡᠭᠦᠯ ᠡᠩᠬᠡ ᠢᠢᠨ ᠲᠥᠯᠥᠭᠡ 101 ᠳ᠋ᠡᠬᠢ ᠵᠢᠯ ᠳᠥ ᠪᠡᠨ ᠨᠡᠷ᠎ᠡ ᠲᠥᠷᠥ ᠲᠡᠢ ᠵᠢᠳᠬᠦᠵᠦ ᠪᠠᠢᠢᠨ᠎ᠠ᠃

ᠡᠬᠡ ᠣᠷᠣᠨ ᠳᠤ ᠪᠠᠨ ᠰᠤᠪᠢᠯᠠᠬᠤᠢ ᠢᠢᠨ ᠰᠢᠨᠵᠢᠯᠡᠬᠦ ᠤᠬᠠᠭᠠᠨ ᠢ ᠬᠥᠭ᠍ᠵᠢᠭᠦᠯᠬᠦ ᠳᠥ ᠬᠢᠴᠢᠶᠡᠯ ᠵᠢᠳᠬᠦᠯ᠂ ᠬᠠᠯᠠᠭᠤᠨ ᠰᠡᠳᠬᠢᠯ᠂ ᠬᠥᠳᠡᠯᠮᠦᠷᠢ ᠪᠦᠲᠦᠭᠡᠯ ᠢᠶᠡᠨ ᠵᠣᠷᠢᠭᠤᠯᠤᠭᠰᠠᠨ ᠦᠶ᠎ᠡ ᠦᠶ᠎ᠡ ᠢᠢᠨ ᠰᠤᠪᠢᠯᠠᠭᠴᠢ ᠲᠠ ᠪᠦᠬᠦᠨ ᠦ ᠭᠠᠪᠢᠶᠠᠲᠤ ᠦᠢᠯᠡᠰ ᠢ ᠲᠡᠦᠬᠡ ᠭᠡᠷᠡᠴᠢᠯᠡᠨ᠎ᠡ᠃

ᠳᠡᠯᠡᠬᠡᠢ ᠨᠡᠢᠢᠲᠡ ᠢᠢ ᠬᠠᠮᠤᠷᠤᠭᠰᠠᠨ ᠺᠣᠸᠢᠳ᠋-19 ᠴᠠᠷ᠎ᠠ ᠲᠠᠬᠤᠯ ᠤᠨ ᠠᠮᠠᠷ ᠦᠭᠡᠢ ᠬᠦᠨᠳᠦ ᠨᠥᠬᠥᠴᠡᠯ ᠳᠥ ᠠᠷᠠᠳ ᠲᠦᠮᠡᠨ ᠦ ᠠᠮᠢ ᠨᠠᠰᠤ᠂ ᠠᠶᠤᠯ ᠦᠭᠡᠢ ᠪᠠᠢᠢᠳᠠᠯ ᠤᠨ ᠲᠥᠯᠥᠭᠡ ᠥᠪᠡᠷ ᠦᠨ ᠠᠮᠢ ᠨᠠᠰᠤ᠂ ᠡᠷᠡᠭᠦᠯ ᠮᠡᠨᠳᠦ᠂ ᠠᠷᠤ ᠭᠡᠷ ᠢᠶᠡᠨ ᠤᠮᠠᠷᠲᠠᠨ ᠵᠢᠳᠬᠦᠵᠦ᠂ ᠠᠴᠢᠶᠠᠨ ᠤ ᠬᠦᠨᠳᠦ ᠢᠢ ᠡᠭᠦᠷᠡᠭᠰᠡᠨ ᠡᠩᠬᠡ ᠴᠠᠭ ᠤᠨ ᠡᠭᠡᠯ ᠪᠠᠭᠠᠲᠤᠷ ᠤᠳ ᠲᠠ ᠪᠦᠬᠦᠨ ᠢᠶᠡᠷ ᠮᠣᠩ᠋ᠭᠣᠯ ᠲᠥᠷᠥ᠂ ᠠᠷᠠᠳ ᠲᠦᠮᠡᠨ ᠪᠠᠬᠠᠷᠬᠠᠵᠤ ᠪᠠᠢᠢᠨ᠎ᠠ᠃ ᠴᠠᠭᠠᠨ ᠡᠮᠦᠰᠬᠡᠯ ᠲᠡᠢ᠂ ᠭᠡᠭᠡᠨ ᠦᠢᠯᠡᠰ ᠲᠡᠢ ᠲᠠ ᠪᠦᠬᠦᠨ ᠳᠥ ᠪᠡᠨ ᠠᠷᠠᠳ ᠲᠦᠮᠡᠨ ᠦ ᠪᠡᠨ ᠨᠡᠷ᠎ᠡ ᠢᠢᠨ ᠡᠮᠦᠨ᠎ᠡ ᠡᠴᠡ ᠭᠦᠨ ᠲᠠᠯᠠᠷᠬᠠᠯ ᠢᠯᠡᠷᠬᠡᠢᠢᠯᠡᠶ᠎ᠡ᠃

ᠪᠢᠳᠡ ᠠᠯᠢᠪᠠ ᠲᠡᠮᠳᠡᠭᠯᠡᠯᠲᠦ ᠡᠳᠦᠷ ᠢᠶᠡᠷ ᠠᠮᠵᠢᠯᠲᠠ ᠪᠦᠲᠦᠭᠡᠯ᠂ ᠠᠯᠳᠠᠭ᠎ᠠ ᠣᠨᠣᠭ᠎ᠠ ᠪᠠᠨ ᠳ᠋ᠦᠩᠨᠡᠨ᠂ ᠠᠯᠤᠰ ᠬᠡᠲᠦ ᠪᠡᠨ ᠲᠥᠯᠥᠪᠯᠡᠨ ᠬᠡᠯᠡᠯᠴᠡᠬᠦ ᠤᠴᠢᠷᠲᠠᠢ᠃ ᠮᠠᠨ ᠤ ᠤᠯᠤᠰ ᠤᠨ ᠡᠷᠡᠭᠦᠯ ᠮᠡᠨᠳᠦ ᠢᠢᠨ ᠰᠠᠯᠪᠤᠷᠢ ᠳᠤ 13 ᠮᠢᠩᠭ᠋᠎ᠠ ᠭᠠᠷᠤᠢ ᠰᠤᠪᠢᠯᠠᠭᠴᠢ ᠠᠵᠢᠯᠯᠠᠳᠠᠭ᠃ ᠪᠢᠳᠡ ᠡᠮᠴᠢ ᠢᠢᠨ ᠲᠣᠭ᠎ᠠ ᠪᠠᠷ ᠢᠶᠠᠨ ᠳᠡᠯᠡᠬᠡᠢ ᠳᠥ ᠲᠡᠷᠢᠭᠦᠯᠡᠳᠡᠭ ᠬᠡᠳᠦᠢ ᠴᠤ ᠡᠮᠴᠢ᠂ ᠰᠤᠪᠢᠯᠠᠭᠴᠢ ᠢᠢᠨ ᠬᠠᠷᠢᠴᠠᠭ᠎ᠠ 1᠄1.1 ᠪᠠᠢᠢᠭ᠎ᠠ ᠨᠢ ᠰᠤᠪᠢᠯᠠᠭᠴᠢ ᠬᠠᠩᠭ᠋ᠠᠯᠲᠠ ᠦᠭᠡᠢ ᠪᠠᠢᠢᠭ᠎ᠠ ᠢᠢ ᠬᠠᠷᠠᠭᠤᠯᠵᠤ ᠪᠠᠢᠢᠨ᠎ᠠ᠃

ᠰᠤᠪᠢᠯᠠᠭᠴᠢ ᠢᠢᠨ ᠲᠣᠭ᠎ᠠ ᠢᠢ ᠨᠡᠮᠡᠬᠦ ᠢᠢᠨ ᠲᠤᠯᠠᠳᠠ ᠰᠤᠪᠢᠯᠠᠭᠴᠢ ᠪᠠᠷ ᠰᠤᠷᠤᠯᠴᠠᠬᠤ ᠣᠶᠤᠲᠠᠨ ᠤ ᠵᠠᠷᠤᠳᠠᠯ ᠢ ᠲᠥᠷᠥ ᠬᠠᠷᠢᠭᠤᠴᠠᠵᠤ᠂ ᠪᠡᠯᠡᠳᠬᠡᠭ᠍ᠳᠡᠭᠰᠡᠨ ᠮᠡᠷᠭᠡᠵᠢᠯᠲᠡᠨ ᠨᠦᠭᠦᠳ ᠦᠨ ᠲᠣᠭ᠎ᠠ ᠴᠢᠮᠠᠯᠠᠬᠤ ᠪᠠᠷ ᠦᠭᠡᠢ ᠬᠡᠳᠦᠢ ᠴᠤ ᠰᠤᠪᠢᠯᠠᠭᠴᠢ ᠳᠤᠲᠠᠭᠳᠠᠭᠰᠠᠭᠠᠷ ᠪᠠᠢᠢᠭ᠎ᠠ ᠨᠢ ᠬᠥᠳᠡᠯᠮᠦᠷᠢ ᠢᠢᠨ ᠦᠨᠡᠯᠡᠮᠵᠢ ᠢᠢ ᠨᠡᠮᠡᠭᠳᠡᠭᠦᠯᠬᠦ᠂ ᠠᠵᠢᠯᠯᠠᠬᠤ ᠣᠷᠴᠢᠨ ᠨᠥᠬᠥᠴᠡᠯ᠂ ᠨᠡᠢᠢᠭᠡᠮ ᠤᠨ ᠠᠰᠠᠭᠤᠳᠠᠯ ᠢ ᠨᠢ ᠴᠣᠭᠴᠠ ᠪᠠᠷ ᠰᠢᠢᠳᠡᠬᠥ ᠱᠠᠭᠠᠷᠳᠠᠯᠭ᠎ᠠ ᠲᠠᠢ ᠭᠡᠰᠡᠨ ᠦᠭᠡ ᠶᠤᠮ᠃

ᠪᠢ ᠵᠠᠰᠠᠭ ᠤᠨ ᠭᠠᠵᠠᠷ ᠢ ᠲᠡᠷᠢᠭᠦᠯᠡᠬᠦ ᠬᠤᠭᠤᠴᠠᠭᠠᠨ ᠳᠤ ᠪᠠᠨ ᠡᠷᠡᠭᠦᠯ ᠮᠡᠨᠳᠦ ᠢᠢᠨ ᠰᠠᠯᠪᠤᠷᠢ ᠳᠤ ᠲᠤᠯᠭᠠᠮᠳᠠᠭᠰᠠᠨ ᠣᠯᠠᠨ ᠠᠰᠠᠭᠤᠳᠠᠯ ᠤᠨ ᠪᠣᠳᠣᠯᠭ᠎ᠠ᠂ ᠡᠷᠬᠡ ᠵᠦᠢ ᠢᠢᠨ ᠣᠷᠴᠢᠨ ᠢ ᠲᠠ ᠪᠦᠬᠦᠨ ᠦ ᠢᠳᠡᠪᠬᠢᠲᠡᠢ ᠣᠷᠣᠯᠴᠠᠭ᠎ᠠ᠂ ᠥᠷᠭᠡᠨ ᠳᠡᠮᠵᠢᠯᠭᠡ ᠲᠡᠢ ᠪᠡᠷ ᠰᠢᠨᠡᠴᠢᠯᠡᠨ ᠰᠢᠢᠳᠪᠦᠷᠢᠯᠡᠭᠰᠡᠨ ᠢ ᠡᠷᠭᠢᠨ ᠰᠠᠨᠠᠬᠤ ᠳᠤ ᠲᠠᠭᠠᠲᠠᠢ ᠪᠠᠢᠢᠨ᠎ᠠ᠃

ᠡᠷᠡᠭᠦᠯ ᠮᠡᠨᠳᠦ ᠢᠢᠨ᠂ ᠡᠮᠨᠡᠯᠭᠡ ᠢᠢᠨ ᠲᠤᠰᠠᠯᠠᠮᠵᠢ᠂ ᠦᠢᠯᠡᠴᠢᠯᠡᠭᠡᠨ ᠦ ᠪᠣᠯᠤᠨ ᠡᠷᠡᠭᠦᠯ ᠮᠡᠨᠳᠦ ᠢᠢᠨ ᠳᠠᠭᠠᠳᠬᠠᠯ ᠤᠨ ᠲᠤᠬᠠᠢ ᠬᠠᠤᠯᠢ ᠵᠡᠷᠭᠡ ᠪᠠᠭᠴᠠ ᠬᠠᠤᠯᠢ ᠳᠤ ᠥᠭᠡᠷᠡᠴᠢᠯᠡᠯᠲᠡ ᠣᠷᠣᠭᠤᠯᠵᠤ᠂ ᠲᠤᠰᠠᠯᠠᠮᠵᠢ᠂ ᠦᠢᠯᠡᠴᠢᠯᠡᠭᠡ᠂ ᠰᠠᠩᠬᠦᠵᠢᠯᠲᠡ ᠢᠢᠨ ᠲᠣᠭᠲᠠᠯᠴᠠᠭ᠎ᠠ ᠢᠢ ᠦᠨᠳᠦᠰᠦ ᠪᠡᠷ ᠨᠢ ᠰᠢᠨᠡᠴᠢᠯᠡᠭᠰᠡᠨ᠃

ᠴᠢᠨᠠᠷᠲᠠᠢ᠂ ᠣᠨᠣᠪᠴᠢᠲᠠᠢ᠂ ᠠᠶᠤᠯ ᠦᠭᠡᠢ ᠲᠤᠰᠠᠯᠠᠮᠵᠢ᠂ ᠦᠢᠯᠡᠴᠢᠯᠡᠭᠡ ᠢᠢ ᠠᠷᠠᠳ ᠢᠷᠭᠡᠳ ᠬᠠᠷᠢᠶᠠᠯᠠᠯ᠂ ᠥᠮᠴᠢ ᠢᠢᠨ ᠬᠡᠯᠪᠡᠷᠢ ᠬᠠᠷᠠᠭᠠᠯᠵᠠᠬᠤ ᠦᠭᠡᠢ ᠬᠦᠷᠲᠡᠵᠦ᠂ ᠡᠮᠨᠡᠯᠭᠡ ᠨᠦᠭᠦᠳ ᠦᠨ ᠪᠡᠶ᠎ᠡ ᠳᠠᠭᠠᠭᠰᠠᠨ ᠪᠠᠢᠢᠳᠠᠯ ᠢ ᠬᠠᠩᠭ᠋ᠠᠵᠤ ᠡᠬᠢᠯᠡᠭᠰᠡᠨ ᠢᠶᠡᠷ ᠴᠢᠨᠠᠷ ᠢᠶᠠᠷ ᠥᠷᠢᠰᠦᠯᠳᠡᠬᠦ᠂ ᠦᠢᠯᠡᠴᠢᠯᠡᠭᠦᠯᠦᠭᠴᠢ ᠪᠡᠨ ᠲᠠᠲᠠᠬᠤ ᠪᠣᠯᠤᠮᠵᠢ ᠪᠥᠷᠢᠳᠬᠦ ᠡᠬᠢᠯᠡᠯ ᠪᠣᠯᠤᠭᠰᠠᠨ ᠶᠤᠮ᠃

2016 ᠣᠨ ᠠᠴᠠ ᠰᠤᠪᠢᠯᠠᠭᠴᠢᠳ ᠤᠨ ᠴᠠᠯᠢᠩ ᠢ ᠬᠣᠶᠠᠷ ᠳᠠᠬᠢᠨ ᠨᠡᠮᠡᠭᠰᠡᠨ᠃ ᠡᠮᠨᠡᠯᠭᠡ ᠢᠢᠨ ᠬᠠᠭᠠᠰ ᠪᠡᠶ᠎ᠡ ᠳᠠᠭᠠᠭᠰᠠᠨ ᠪᠠᠢᠢᠳᠠᠯ ᠢ ᠬᠠᠩᠭ᠋ᠠᠵᠤ᠂ ᠨᠢᠭᠡ ᠬᠤᠳᠠᠯᠳᠤᠨ ᠠᠪᠤᠭᠴᠢ ᠢᠢᠨ ᠲᠣᠭᠲᠠᠯᠴᠠᠭᠠᠨ ᠳᠤ ᠰᠢᠯᠵᠢᠵᠦ ᠡᠬᠢᠯᠡᠭᠰᠡᠨ ᠢᠶᠡᠷ᠂ ᠲᠣᠭᠲᠠᠮᠠᠯ ᠴᠠᠯᠢᠩ ᠠᠪᠬᠤ ᠪᠢᠰᠢ᠂ ᠬᠢᠭ᠍ᠰᠡᠨ ᠢᠶᠡᠷ ᠢᠶᠡᠨ ᠴᠠᠯᠢᠩᠵᠢᠳᠠᠭ ᠪᠣᠳᠠᠲᠤ ᠦᠷ᠎ᠡ ᠳ᠋ᠦᠩ ᠭᠠᠷᠤᠭᠰᠠᠨ᠃

ᠭᠡᠰᠡᠨ ᠬᠡᠳᠦᠢ ᠴᠤ ᠬᠠᠤᠯᠢ ᠢᠢᠨ ᠬᠡᠷᠡᠭᠵᠢᠯᠲᠡ ᠢᠢ ᠬᠠᠩᠭ᠋ᠠᠬᠤ ᠳᠤ ᠡᠷᠡᠭᠦᠯ ᠮᠡᠨᠳᠦ ᠢᠢᠨ ᠰᠠᠯᠪᠤᠷᠢ᠂ ᠢᠯᠠᠩᠭ᠋ᠤᠶ᠎ᠠ ᠡᠮᠨᠡᠯᠭᠡ ᠢᠢᠨ ᠤᠳᠤᠷᠢᠳᠤᠯᠭ᠎ᠠ ᠨᠤᠭᠤᠳ ᠰᠠᠨᠠᠭᠠᠴᠢᠯᠠᠭ᠎ᠠ ᠲᠠᠢ᠂ ᠬᠤᠷᠳᠤ ᠲᠠᠢ ᠠᠵᠢᠯᠯᠠᠬᠤ ᠱᠠᠭᠠᠷᠳᠠᠯᠭ᠎ᠠ ᠲᠠᠢ ᠪᠠᠢᠢᠨ᠎ᠠ᠃

ᠰᠤᠪᠢᠯᠠᠭᠴᠢ ᠢᠢᠨ ᠠᠵᠢᠯ ᠤᠨ ᠠᠴᠢᠶᠠᠯᠠᠯ᠂ ᠮᠡᠷᠭᠡᠵᠢᠯ ᠦᠨ ᠤᠷ᠎ᠠ ᠴᠢᠳᠠᠪᠤᠷᠢ᠂ ᠲᠤᠰᠠᠯᠠᠮᠵᠢ ᠢᠢᠨ ᠨᠡᠷ᠎ᠡ ᠲᠥᠷᠥᠯ᠂ ᠰᠤᠪᠢᠯᠠᠭᠴᠢᠳ ᠤᠴᠢᠷᠴᠢ ᠪᠣᠯᠬᠤ ᠡᠷᠦᠰᠳᠡᠯ ᠢ ᠬᠠᠷᠠᠭᠠᠯᠵᠠᠨ ᠭᠦᠢᠴᠡᠳᠬᠡᠯ ᠳᠥ ᠲᠤᠯᠭᠠᠭᠤᠷᠢᠯᠠᠨ ᠴᠠᠯᠢᠩ᠂ ᠤᠷᠮᠠᠰᠢᠭᠤᠯᠤᠯ᠎ᠠ ᠠᠪᠳᠠᠭ᠂ ᠮᠥᠨ ᠠᠵᠢᠯ ᠠᠴᠠ ᠬᠠᠯᠠᠰᠢᠷᠠᠬᠤ ᠪᠤᠰᠤ ᠤᠷᠮ᠎ᠠ ᠵᠣᠷᠢᠭ ᠠᠪᠳᠠᠭ᠂ ᠪᠠᠬᠠᠷᠬᠠᠳᠠᠭ ᠬᠥᠰᠢᠭᠦᠷᠭᠡ ᠪᠣᠯᠬᠤᠢᠢᠴᠠ ᠰᠢᠨᠡᠴᠢᠯᠡᠯ ᠢ ᠪᠦᠬᠦ ᠲᠦᠪᠰᠢᠨ ᠳᠥ ᠨᠡᠩ ᠳᠠᠷᠤᠢ ᠬᠡᠷᠡᠭᠵᠢᠭᠦᠯᠬᠦ ᠢᠢ ᠰᠠᠯᠪᠤᠷᠢ ᠢᠢᠨ ᠤᠳᠤᠷᠢᠳᠤᠯᠭ᠎ᠠ ᠢᠢᠨ ᠪᠠᠭ ᠠᠩᠬᠠᠷᠬᠤ ᠨᠢ ᠵᠦᠢᠲᠡᠢ᠃

ᠡᠷᠡᠭᠦᠯ ᠮᠡᠨᠳᠦ ᠢᠢᠨ ᠲᠤᠰᠠᠯᠠᠮᠵᠢ ᠪᠣᠯ ᠡᠮᠴᠢ᠂ ᠰᠤᠪᠢᠯᠠᠭᠴᠢ᠂ ᠡᠮᠨᠡᠯᠭᠡ ᠢᠢᠨ ᠪᠤᠰᠤᠳ ᠮᠡᠷᠭᠡᠵᠢᠯᠲᠡᠨ ᠦ ᠪᠠᠭ ᠤᠨ ᠦᠢᠯᠡᠴᠢᠯᠡᠭᠡ ᠪᠥᠭᠡᠳ ᠴᠢᠨᠠᠭᠰᠢᠳᠠ ᠰᠤᠪᠢᠯᠠᠨ ᠠᠰᠠᠷᠠᠵᠤ᠂ ᠠᠨᠠᠭᠠᠬᠤ᠂ ᠡᠳᠡᠭᠡᠭᠡᠬᠦ ᠦᠢᠯᠡᠴᠢᠯᠡᠭᠡᠨ ᠳᠥ ᠰᠢᠨ᠎ᠡ ᠲᠧᠭᠨᠣᠯᠣᠭᠢ᠂ ᠢᠨ᠋ᠨᠣᠸᠠᠼ ᠨᠡᠪᠲᠡᠷᠡᠭᠦᠯᠬᠦ᠂ ᠮᠡᠷᠭᠡᠰᠢᠭᠰᠡᠨ ᠰᠤᠪᠢᠯᠠᠬᠤᠢ ᠢᠢᠨ ᠲᠤᠰᠠᠯᠠᠮᠵᠢ ᠢᠢ ᠥᠷᠭᠡᠵᠢᠭᠦᠯᠬᠦ ᠳᠥ ᠲᠠ ᠪᠦᠬᠦᠨ ᠦ ᠬᠦᠴᠦᠨ ᠴᠢᠷᠮᠠᠢᠢᠯᠲᠠ᠂ ᠣᠷᠣᠯᠴᠠᠭ᠎ᠠ ᠨᠡᠩ ᠴᠢᠬᠤᠯᠠ ᠶᠤᠮ᠃

ᠡᠷᠡᠭᠦᠯ ᠮᠡᠨᠳᠦ ᠢᠢᠨ ᠰᠠᠯᠪᠤᠷᠢ ᠢᠢ ᠬᠥᠭ᠍ᠵᠢᠭᠦᠯᠦᠨ ᠪᠡᠬᠢᠵᠢᠭᠦᠯᠬᠦ ᠳᠥ ᠡᠷᠬᠢᠮ ᠬᠦᠨᠳᠡᠳᠥ ᠰᠤᠪᠢᠯᠠᠭᠴᠢ ᠲᠠ ᠪᠦᠬᠦᠨ ᠦ ᠰᠡᠳᠬᠢᠯ ᠵᠢᠳᠬᠦᠯ᠂ ᠬᠠᠨᠳᠤᠯᠭ᠎ᠠ᠂ ᠣᠷᠣᠯᠴᠠᠭ᠎ᠠ ᠶᠠᠭᠤ ᠶᠠᠭᠤᠨ ᠠᠴᠠ ᠴᠢᠬᠤᠯᠠ ᠭᠡᠳᠡᠭ ᠢ ᠪᠠᠶᠠᠷ ᠤᠨ ᠡᠨᠡ ᠡᠳᠦᠷ ᠲᠡᠮᠳᠡᠭᠯᠡᠨ ᠬᠡᠯᠡᠬᠦ ᠢᠢ ᠬᠦᠰᠡᠵᠦ ᠪᠠᠢᠢᠨ᠎ᠠ᠃

ᠬᠦᠮᠦᠨ ᠠᠷᠠᠳ ᠤᠨ ᠢᠶᠠᠨ ᠡᠷᠡᠭᠦᠯ ᠮᠡᠨᠳᠦ ᠢᠢ ᠰᠠᠬᠢᠨ ᠬᠠᠮᠠᠭᠠᠯᠠᠭᠴᠢ ᠲᠠ ᠪᠦᠬᠦᠨ ᠦ ᠠᠷᠠᠳ ᠲᠦᠮᠡᠨ ᠢᠶᠡᠨ ᠭᠡᠰᠡᠨ ᠬᠦᠨᠳᠦ ᠬᠡᠴᠡᠭᠦᠦ ᠪᠥᠭᠡᠳ ᠨᠡᠷ᠎ᠡ ᠲᠥᠷᠥ ᠲᠡᠢ ᠠᠯᠪᠠ ᠢᠢ ᠢᠮᠠᠭᠲᠠ ᠮᠡᠳᠡᠷᠡᠴᠢ᠂ ᠳᠡᠮᠵᠢᠵᠦ ᠪᠠᠢᠢᠳᠠᠭ ᠲᠠᠨ ᠤ ᠭᠡᠷ ᠪᠦᠯᠢ᠂ ᠦᠷ᠎ᠡ ᠬᠡᠦᠬᠡᠳ ᠦᠳ᠂ ᠬᠠᠨᠢ ᠢᠵᠢᠯ ᠳᠥ ᠴᠢᠨᠢ ᠰᠡᠳᠬᠢᠯ ᠦᠨ ᠬᠠᠯᠠᠭᠤᠨ ᠲᠠᠯᠠᠷᠬᠠᠯ ᠢᠯᠡᠷᠬᠡᠢᠢᠯᠡᠶ᠎ᠡ᠃

ᠠᠯᠲᠠᠨ ᠭᠠᠷ ᠲᠤ ᠪᠠᠨ ᠠᠨᠠᠭᠠᠬᠤ ᠤᠪᠠᠳᠢᠰ ᠲᠠᠢ᠂ ᠠᠰᠠᠷᠠᠯ ᠬᠠᠢᠢᠷ᠎ᠠ ᠪᠠᠨ ᠠᠷᠠᠳ ᠲᠦᠮᠡᠨ ᠳᠥ ᠪᠡᠨ ᠵᠣᠷᠢᠭᠤᠯᠤᠭᠰᠠᠨ᠂ ᠠᠴᠢᠯᠠᠯ ᠡᠨᠡᠷᠢᠯ ᠦᠨ ᠪᠤᠷᠬᠠᠨ ᠰᠤᠪᠢᠯᠠᠭᠴᠢ ᠲᠠᠨ ᠳᠤ ᠪᠠᠨ ᠪᠠᠶᠠᠷᠯᠠᠯ᠎ᠠ᠃

ᠬᠦᠮᠦᠰ ᠲᠥ ᠬᠦᠨᠳᠦᠯᠡᠭᠳᠡᠵᠦ᠂ ᠲᠩᠷᠢ ᠳᠥ ᠲᠡᠳᠬᠦᠭ᠍ᠳᠡᠵᠦ ᠶᠠᠪᠤᠭᠠᠷᠠᠢ》 ᠭᠡᠯ᠎ᠡ᠃