ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ 《ᠲᠡᠭᠦᠰ ᠤᠷᠭᠤᠴᠠ》 ᠬᠢ᠃ ᠬᠠ᠃ ᠺᠤ ᠍ ᠤᠨ ᠬᠦᠯᠡᠮᠵᠢ ᠢᠢᠨ ᠠᠵᠤ ᠠᠬᠤᠢ ᠲᠠᠢ ᠲᠠᠨᠢᠯᠴᠠᠯ᠎ᠠ᠃ ᠲᠤᠰ ᠺᠣᠮᠫᠠᠨᠢ ᠾᠣᠯᠯᠠᠨ᠋ᠳ᠋ ᠵᠠᠭᠪᠤᠷ ᠤᠨ 18᠂000 ᠮᠢ 2 ᠬᠦᠯᠡᠮᠵᠢ ᠢᠢ 2016 ᠣᠨ ᠳᠤ ᠤᠯᠠᠭᠠᠨᠪᠠᠭᠠᠲᠤᠷ ᠬᠣᠲᠠ ᠢᠢᠨ ᠰᠥᠨᠭᠭ᠍ᠨᠠ ᠬᠠᠢᠢᠷᠬᠠᠨ ᠳᠡᠭᠥᠷᠭᠡ ᠍ ᠢᠢᠨ 21 ᠳᠦᠭᠡᠷ ᠬᠣᠷᠢᠶᠠᠨ ᠳᠤ ᠪᠠᠢᠢᠭᠤᠯᠤᠭᠰᠠᠨ ᠪᠠᠢᠢᠨ᠎ᠠ᠃
ᠲᠤᠰ ᠬᠦᠯᠡᠮᠵᠢ ᠨᠢ ᠬᠠᠯᠠᠭᠠᠯᠲᠠ᠂ ᠤᠰᠤᠯᠠᠭ᠎ᠠ᠂ ᠪᠣᠷᠳᠣᠭ᠎ᠠ᠂ ᠠᠭᠠᠷ ᠤᠨ ᠴᠢᠭᠢᠭ᠍ᠰᠢᠯ ᠦᠨ ᠲᠣᠬᠢᠷᠠᠭᠤᠯᠭ᠎ᠠ ᠵᠡᠷᠭᠡ ᠣᠷᠴᠢᠨ ᠦᠶ᠎ᠡ ᠢᠢᠨ ᠲᠧᠭᠨᠣᠯᠣᠭᠢ ᠢᠢᠨ ᠱᠠᠭᠠᠷᠳᠠᠯᠭ᠎ᠠ ᠢᠢ ᠪᠦᠷᠢᠨ ᠬᠠᠩ᠋ᠭᠠᠭᠰᠠᠨ᠂ ᠵᠢᠯ ᠦᠨ ᠳᠥᠷᠪᠡᠨ ᠤᠯᠠᠷᠢᠯ ᠳᠤ ᠲᠠᠰᠤᠷᠠᠯᠲᠠ ᠦᠭᠡᠢ ᠦᠢᠯᠡ ᠠᠵᠢᠯᠯᠠᠭ᠎ᠠ ᠶᠠᠪᠤᠭᠤᠯᠳᠠᠭ᠃
ᠡᠳᠦᠷ ᠪᠦᠷᠢ 2-4 ᠲᠣᠨ᠋ᠨ ᠤᠯᠠᠭᠠᠨ ᠯᠣᠣᠯᠢ᠂ ᠥᠷᠭᠡᠰᠦᠲᠦ ᠬᠡᠮᠬᠡ ᠢᠢ ᠪᠠᠷᠰ ᠵᠠᠬ᠎ᠠ ᠪᠣᠯᠤᠨ ᠶᠡ- ᠮᠠᠷᠲ᠋᠂ ᠨᠣᠮᠢᠨ᠂ ᠰᠠᠨᠰᠠᠷ ᠵᠡᠷᠭᠡ ᠲᠣᠮᠣᠬᠠᠨ ᠰᠦᠯᠵᠢᠶ᠎ᠡ ᠳᠡᠯᠭᠡᠭᠦᠷ ᠦᠳ ᠢᠶᠡᠷ ᠪᠣᠷᠣᠯᠠᠭᠤᠯᠳᠠᠭ᠃ ᠥᠨᠳᠥᠷ ᠬᠦᠦᠲᠡᠢ ᠵᠢᠭᠡᠯᠡ᠂ ᠬᠦᠯᠡᠮᠵᠢ ᠢᠢᠨ ᠴᠢᠭᠯᠡᠯ ᠦᠨ ᠮᠡᠷᠭᠡᠵᠢᠯᠲᠡᠨ ᠳᠤᠲᠠᠮᠠᠭ ᠵᠡᠷᠭᠡ ᠨᠢ ᠦᠢᠯᠡ ᠠᠵᠢᠯᠯᠠᠭ᠎ᠠ ᠢᠢ ᠪᠠᠨ ᠥᠷᠭᠡᠵᠢᠭᠦᠯᠬᠦ ᠳᠥ ᠬᠦᠨᠳᠦᠷᠡᠯ ᠤᠴᠠᠷᠠᠭᠤᠯᠳᠠᠭ ᠲᠤᠬᠠᠢ ᠺᠣᠮᠫᠠᠨᠢ ᠢᠢᠨ ᠵᠠᠬᠢᠷᠤᠯ ᠯ ∙ ᠡᠷᠳᠡᠨᠢᠴᠢᠮᠡᠭ ᠲᠠᠨᠢᠯᠴᠠᠭᠤᠯᠤᠯ᠎ᠠ᠃
50 ᠭᠠ ᠲᠠᠯᠠᠪᠠᠢ ᠳᠤ ᠱᠠᠭᠠᠷᠳᠠᠯᠭ᠎ᠠ ᠬᠠᠩᠭ᠋ᠠᠭᠰᠠᠨ ᠬᠦᠯᠡᠮᠵᠢ ᠪᠠᠷᠢᠬᠤ ᠳᠤ 300 ᠲᠡᠷᠪᠤᠮ ᠲᠥᠭᠦᠷᠢᠭ᠌ ᠱᠠᠭᠠᠷᠳᠠᠯᠭ᠎ᠠ ᠲᠠᠢ ᠪᠥᠭᠡᠳ ᠤᠷᠲᠤ ᠬᠤᠭᠤᠴᠠᠭ᠎ᠠ ᠲᠠᠢ᠂ ᠬᠥᠦ ᠪᠠᠭ᠎ᠠ ᠲᠠᠢ ᠵᠢᠭᠡᠯᠡ ᠠᠪᠠᠪᠠᠯ ᠨᠡᠢᠢᠰᠯᠡᠯᠴᠦᠳ ᠦᠨ ᠬᠡᠷᠡᠭᠴᠡᠭᠡ ᠢᠢ ᠪᠥᠷᠢᠨ ᠬᠠᠩ᠋ᠭᠠᠵᠤ᠂ ᠣᠷᠣᠨ ᠨᠤᠲᠤᠭ ᠲᠤ ᠨᠡᠢᠢᠯᠡᠭᠦᠯᠬᠦ ᠪᠥᠷᠢᠨ ᠪᠣᠯᠤᠮᠵᠢ ᠲᠠᠢ ᠲᠤᠬᠠᠢ ᠬᠦᠯᠡᠮᠵᠢ ᠢᠢᠨ ᠠᠵᠤ ᠠᠬᠤᠢ ᠡᠷᠬᠢᠯᠡᠭᠴᠢᠳ ᠶᠠᠷᠢᠯ᠎ᠠ᠃
ᠬᠦᠨᠡᠰᠦ᠂ ᠬᠥᠳᠡᠭᠡ ᠠᠵᠤ ᠠᠬᠤᠢ ᠢᠢᠨ ᠶᠠᠮᠤ ᠨᠡᠢᠢᠰᠯᠡᠯ ᠬᠣᠲᠠ ᠲᠠᠢ ᠬᠠᠮᠲᠤᠷᠠᠵᠤ 15 ᠭᠠ ᠲᠠᠯᠠᠪᠠᠢ ᠳᠤ ᠬᠦᠯᠡᠮᠵᠢ ᠢᠢᠨ ᠠᠵᠤ ᠠᠬᠤᠢ ᠪᠠᠢᠢᠭᠤᠯᠬᠤ ᠪᠠᠷ ᠲᠥᠯᠥᠪᠯᠡᠭᠰᠡᠨ᠃ ᠴᠢᠨᠠᠭᠰᠢᠳᠠ ᠠᠭᠤᠯᠬᠤ᠂ ᠬᠦᠯᠡᠮᠵᠢ ᠢᠢᠨ ᠠᠵᠤ ᠠᠬᠤᠢ ᠢᠢ ᠳᠡᠮᠵᠢᠬᠦ ᠴᠢᠭᠯᠡᠯ ᠢᠶᠡᠷ ᠭᠤᠷᠪᠠᠨ ᠬᠤᠪᠢ ᠤᠨ ᠬᠥᠦ ᠲᠡᠢ᠂ ᠬᠣᠶᠠᠷ ᠵᠢᠯ ᠦᠨ ᠬᠤᠭᠤᠴᠠᠭ᠎ᠠ ᠲᠠᠢ ᠵᠢᠭᠡᠯᠡ ᠳᠥ ᠠᠯᠢ ᠪᠣᠯᠬᠤ ᠲᠦᠯᠬᠢᠭᠦᠦ ᠬᠠᠮᠤᠷᠤᠭᠤᠯᠬᠤ ᠪᠣᠳᠣᠯᠭ᠎ᠠ ᠪᠠᠷᠢᠮᠲᠠᠯᠠᠵᠤ ᠪᠠᠢᠢᠭ᠎ᠠ ᠢᠢ ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠢᠢᠨ ᠰᠠᠢᠢᠳ ᠽ ∙ ᠮᠡᠨᠳᠦᠰᠠᠢᠢᠬᠠᠨ ᠬᠡᠯᠡᠯ᠎ᠡ᠃