ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ 《ᠲᠦᠮᠡᠨ ᠰᠢᠪᠠᠭᠤᠳᠤ》 ᠬᠢ᠂ ᠺᠤ ᠍ ᠦᠨ ᠥᠨᠳᠡᠭᠡᠯᠡᠭᠴᠢ ᠲᠠᠬᠢᠶᠠᠨ ᠤ ᠠᠵᠤ ᠠᠬᠤᠢ ᠳᠤ ᠠᠵᠢᠯᠯᠠᠯ᠎ᠠ᠃
ᠡᠨᠡ ᠠᠵᠤ ᠠᠬᠤᠢ 430 ᠮᠢᠩ᠋ᠭᠠᠨ ᠰᠢᠪᠠᠭᠤ ᠲᠠᠢ ᠪᠥᠭᠡᠳ ᠵᠢᠯ ᠳᠥ 80 ᠰᠠᠶ᠎ᠠ ᠰᠢᠷᠬᠡᠭ᠌ ᠥᠨᠳᠡᠭᠡ ᠦᠢᠯᠡᠳᠪᠦᠷᠢᠯᠡᠵᠦ ᠪᠠᠢᠢᠨ᠎ᠠ᠃ ᠡᠨᠡ ᠨᠢ ᠮᠠᠨ ᠤ ᠤᠯᠤᠰ ᠤᠨ ᠥᠨᠳᠡᠭᠡᠨ ᠦ ᠬᠡᠷᠡᠭᠯᠡᠭᠡᠨ ᠦ 23 ᠬᠤᠪᠢ᠂ ᠳᠣᠲᠣᠭᠠᠳᠤ ᠢᠢᠨ ᠵᠠᠬ᠎ᠠ ᠵᠡᠭᠡᠯᠢ ᠢᠢᠨ 45 ᠬᠤᠪᠢ ᠢᠢ ᠬᠠᠩ᠋ᠭᠠᠳᠠᠭ ᠭᠡᠰᠡᠨ ᠦᠭᠡ ᠶᠤᠮ᠃
2019 ᠣᠨ ᠠᠴᠠ ᠦᠢᠯᠡᠳᠪᠦᠷᠢᠯᠡᠯ ᠢᠶᠡᠨ ᠥᠷᠭᠡᠳᠬᠡᠨ ᠰᠣᠩᠭᠢᠨ᠎ᠠ ᠬᠠᠶᠢᠷᠬᠠᠨ ᠳᠡᠭᠦᠷᠭᠡ ᠍ ᠢᠢᠨ 21 ᠳ᠋ᠦᠭᠡᠷ ᠬᠣᠷᠢᠶ᠎ᠠ᠂ ᠶᠡᠬᠡ ᠪᠤᠯᠠᠭ ᠲᠤ 《ᠲᠦᠮᠡᠨ ᠰᠢᠪᠠᠭᠤᠳᠤ-2》 ᠲᠥᠰᠥᠯ ᠬᠡᠷᠡᠭᠵᠢᠭᠦᠯᠵᠦ ᠡᠬᠢᠯᠡᠭᠰᠡᠨ᠃ ᠣᠳᠣ ᠪᠠᠷ 40 ᠮᠢᠩ᠋ᠭᠠᠨ ᠳᠡᠭᠳᠡᠭᠡᠬᠡᠢ ᠢᠢᠨ ᠨᠢᠭᠡ᠂ ᠥᠨᠳᠡᠭᠡᠯᠡᠭᠴᠢ ᠲᠠᠬᠢᠶᠠᠨ ᠤ ᠳᠥᠷᠪᠡᠨ ᠪᠠᠢᠢᠷᠢ ᠠᠰᠢᠭᠯᠠᠯᠲᠠ ᠳᠤ ᠣᠷᠣᠭᠤᠯᠤᠭᠠᠳ ᠪᠠᠢᠢᠨ᠎ᠠ᠃
ᠢᠩ᠋ᠭᠢᠭ᠍ᠰᠡᠨ ᠢᠶᠡᠷ 《ᠲᠦᠮᠡᠨ ᠰᠢᠪᠠᠭᠤᠳᠤ》ᠬᠢ᠂ ᠺᠤ ᠵᠢᠯ ᠳᠥ 150 ᠰᠠᠶ᠎ᠠ ᠰᠢᠷᠬᠡᠭ᠌ ᠥᠨᠳᠡᠭᠡ ᠦᠢᠯᠡᠳᠪᠦᠷᠢᠯᠡᠬᠦ ᠪᠥᠭᠡᠳ ᠳᠣᠲᠣᠭᠠᠳᠤ ᠢᠢᠨ ᠥᠨᠳᠡᠭᠡᠨ ᠦ ᠬᠡᠷᠡᠭᠯᠡᠭᠡ ᠢᠢ ᠣᠢᠢᠷ᠎ᠠ ᠢᠢᠨ ᠭᠤᠷᠪᠠᠨ ᠵᠢᠯ ᠳᠥ 100 ᠬᠤᠪᠢ ᠬᠠᠩ᠋ᠭᠠᠬᠤ ᠪᠣᠯᠤᠮᠵᠢ ᠲᠠᠢ ᠪᠣᠯᠬᠤ ᠶᠤᠮ᠃
ᠮᠠᠨ ᠤ ᠤᠯᠤᠰ ᠨᠡᠢᠢᠲᠡ ᠥᠨᠳᠡᠭᠡᠨ ᠦ ᠬᠡᠷᠡᠭᠴᠡᠭᠡᠨ ᠦ ᠪᠡᠨ ᠲᠠᠯ᠎ᠠ ᠠᠴᠠ ᠳᠡᠭᠡᠭ᠍ᠰᠢ ᠬᠤᠪᠢ ᠢ ᠢᠮᠫᠣᠷᠲ ᠢᠶᠠᠷ ᠬᠠᠩ᠋ᠭᠠᠳᠠᠭ᠃ ᠴᠢᠯᠦᠭᠡᠲᠦ ᠪᠥᠰᠡ ᠳᠥ ᠳᠣᠯᠣᠭ᠎ᠠ ᠬᠣᠨᠣᠭ ᠲᠤ 600 ᠮᠢᠩ᠋ᠭᠠᠨ ᠰᠢᠷᠬᠡᠭ᠌ ᠥᠨᠳᠡᠭᠡ ᠭᠠᠳᠠᠭᠠᠳᠤ ᠠᠴᠠ ᠲᠠᠲᠠᠪᠤᠷᠢ ᠦᠭᠡᠢ ᠣᠷᠣᠵᠤ ᠢᠷᠡᠳᠡᠭ ᠨᠢ ᠦᠢᠯᠡ ᠠᠵᠢᠯᠯᠠᠭ᠎ᠠ ᠢᠢ ᠪᠠᠨ ᠬᠡᠪ ᠦᠨ ᠶᠠᠪᠤᠭᠤᠯᠬᠤ ᠳᠤ ᠬᠦᠨᠳᠦᠷᠡᠯ ᠪᠣᠯᠳᠠᠭ ᠲᠤᠬᠠᠢ ᠰᠢᠪᠠᠭᠤᠨ ᠤ ᠠᠵᠤ ᠠᠬᠤᠢ ᠡᠷᠬᠢᠯᠡᠭᠴᠢᠳ ᠶᠠᠷᠢᠯ᠎ᠠ᠃ ᠮᠥᠨ ᠤᠷᠲᠤ ᠬᠤᠭᠤᠴᠠᠭ᠎ᠠ ᠲᠠᠢ᠂ ᠪᠠᠭ᠎ᠠ ᠬᠦᠥ ᠲᠡᠢ ᠵᠢᠭᠡᠯᠡ ᠣᠯᠭᠤᠬᠤ ᠴᠢᠭᠯᠡᠯ ᠢᠶᠡᠷ ᠲᠥᠷᠦ᠂ ᠵᠠᠰᠠᠭ ᠤᠨ ᠵᠦᠭ ᠡᠴᠡ ᠪᠣᠳᠣᠯᠭ᠎ᠠ ᠢᠢᠨ ᠠᠷᠭ᠎ᠠ ᠬᠡᠮᠵᠢᠶ᠎ᠡ ᠠᠪᠬᠤ ᠢᠢ ᠬᠦᠰᠡᠵᠦ ᠪᠠᠢᠢᠯ᠎ᠠ᠃