ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠲᠥᠪ ᠠᠢᠢᠮᠠᠭ ᠤᠨ ᠵᠢᠷᠭᠠᠯᠠᠩᠲᠤ ᠰᠤᠮᠤᠨ ᠳᠤ ᠠᠵᠢᠯᠯᠠᠵᠤ᠂ 《ᠬᠥᠬᠡ ᠪᠠᠶᠠᠨᠪᠤᠯᠠᠭ》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ ᠪᠣᠯᠤᠨ ᠨᠣᠭᠣᠭᠠᠴᠢᠳ ᠤᠨ ᠬᠠᠪᠤᠷ ᠤᠨ ᠲᠠᠷᠢᠶᠠᠯᠠᠯᠲᠤ ᠢᠢᠨ ᠶᠠᠪᠤᠴᠠ ᠲᠠᠢ ᠲᠠᠨᠢᠯᠴᠠᠯ᠎ᠠ᠃
《ᠬᠥᠬᠡ ᠪᠠᠶᠠᠨᠪᠤᠯᠠᠭ》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ 6᠂160 ᠭᠠ ᠡᠷᠭᠢᠯᠲᠡ ᠢᠢᠨ ᠲᠠᠯᠠᠪᠠᠢ ᠲᠠᠢ᠃ ᠵᠢᠯ ᠳᠥ ᠳᠤᠮᠳᠠᠴᠢ ᠪᠠᠷ 2᠂000-2᠂700 ᠭᠠ ᠳᠥ ᠲᠠᠷᠢᠶᠠᠯᠠᠯᠲᠤ ᠬᠢᠵᠦ 3᠂000-4᠂000 ᠲᠣᠨ᠋ᠨ ᠤᠷᠭᠤᠴᠠ ᠬᠤᠷᠢᠶᠠᠳᠠᠭ᠃ ᠡᠨᠡ ᠵᠢᠯ 2᠂000 ᠭᠠ ᠳᠤ ᠪᠤᠭᠤᠳᠠᠢ᠂ 1᠂200 ᠭᠠ ᠳᠤ ᠲᠣᠰᠤᠨ ᠤ ᠤᠷᠭᠤᠮᠠᠯ ᠲᠠᠷᠢᠶᠠᠯᠠᠵᠤ᠂ 2᠂800 ᠭᠠ ᠳᠤ ᠤᠷᠢᠨᠰᠢ ᠪᠣᠯᠪᠠᠰᠤᠷᠠᠭᠤᠯᠬᠤ ᠪᠠᠷ ᠠᠵᠢᠯᠯᠠᠵᠤ ᠪᠠᠢᠢᠨ᠎ᠠ᠃
ᠮᠠᠯ ᠠᠵᠤ ᠠᠬᠤᠢ᠂ ᠭᠠᠵᠠᠷ ᠲᠠᠷᠢᠶᠠᠯᠠᠩ ᠤᠨ ᠪᠥᠰᠡ ᠨᠤᠲᠤᠭ ᠢ ᠵᠠᠭᠠᠭᠯᠠᠭᠰᠠᠨ ᠬᠠᠤᠯᠢ ᠲᠣᠭᠲᠠᠭᠠᠮᠵᠢ ᠪᠠᠢᠢᠭ᠎ᠠ ᠴᠤ ᠬᠡᠷᠡᠭᠵᠢᠯᠲᠡ ᠨᠢ ᠲᠠᠭᠠᠷᠠᠤ ᠪᠠᠢᠢᠭ᠎ᠠ ᠲᠠᠯ᠎ᠠ ᠪᠠᠷ ᠲᠠᠷᠢᠶᠠᠯᠠᠩ ᠡᠷᠬᠢᠯᠡᠭᠴᠢᠳ ᠡᠨᠡ ᠦᠶ᠎ᠡ ᠪᠡᠷ ᠶᠠᠷᠢᠵᠤ ᠪᠠᠢᠢᠯ᠎ᠠ᠃
ᠬᠡᠷᠡᠭᠴᠡᠭᠡ ᠳᠥ ᠲᠥᠮᠦᠰᠦᠨ ᠦ ᠲᠠᠯ᠎ᠠ ᠠᠴᠠ ᠢᠯᠡᠭᠦᠦ ᠢᠢ ᠵᠠᠬ᠎ᠠ ᠵᠡᠭᠡᠯᠢ ᠳᠥ ᠨᠡᠢᠢᠯᠡᠭᠦᠯᠳᠡᠭ ᠲᠥᠪ ᠠᠢᠢᠮᠠᠭ ᠤᠨ ᠵᠢᠷᠭᠠᠯᠠᠩᠲᠤ ᠰᠤᠮᠤ ᠢᠢᠨ ᠨᠣᠭᠣᠭᠠᠴᠢᠳ ᠢᠮᠫᠣᠷᠲ ᠤᠨ ᠬᠦᠨᠡᠰᠦᠨ ᠦ ᠨᠣᠭᠣᠭᠠᠨ ᠳᠤ ᠥᠨᠳᠥᠷ ᠲᠠᠲᠠᠪᠤᠷᠢ ᠨᠣᠭᠳᠠᠭᠤᠯᠬᠤ᠂ ᠤᠯᠠᠭᠠᠨᠪᠠᠭᠠᠲᠤᠷ ᠬᠣᠲᠠ ᠳᠤ ᠪᠣᠷᠣᠯᠠᠭᠤᠯᠤᠯᠲᠠ ᠢᠢᠨ ᠴᠡᠭ ᠪᠠᠢᠢᠭᠤᠯᠬᠤ᠂ ᠤᠷᠲᠤ ᠬᠤᠭᠤᠴᠠᠭ᠎ᠠ ᠲᠠᠢ᠂ ᠪᠠᠭ᠎ᠠ ᠬᠦᠦ ᠲᠡᠢ ᠵᠢᠭᠡᠯᠡ ᠣᠯᠭᠤᠬᠤ ᠳᠤ ᠳᠡᠮᠵᠢᠯᠭᠡ ᠦᠵᠡᠭᠦᠯᠬᠦ ᠢᠢ ᠬᠦᠰᠡᠯ᠎ᠡ᠃
《ᠪᠠᠢᠢᠷᠢ᠂ ᠬᠣᠭᠣᠯᠠ ᠲᠠᠢ᠂ ᠡᠳᠦᠷ ᠦᠨ 50 ᠮᠢᠩ᠋ᠭᠠᠨ ᠲᠥᠭᠥᠷᠢᠭ᠌ ᠥᠭ᠍ᠭᠦᠨ᠎ᠡ》 ᠭᠡᠳᠡᠭ ᠴᠤ ᠠᠵᠢᠯᠯᠠᠬᠤ ᠬᠦᠮᠦᠨ ᠣᠯᠳ᠋ᠠᠬᠤ ᠦᠭᠡᠢ ᠪᠠᠢᠢᠭ᠎ᠠ ᠨᠢ ᠬᠠᠯᠠᠮᠵᠢ ᠬᠠᠪᠲᠠᠭᠠᠢᠢᠷᠠᠭᠰᠠᠨ ᠲᠠᠢ ᠬᠣᠯᠪᠣᠭ᠎ᠠ ᠲᠠᠢ ᠭᠡᠵᠦ ᠴᠥᠭᠡᠨ ᠦᠭᠡᠢ ᠨᠣᠭᠣᠭᠠᠴᠢᠨ ᠬᠡᠯᠡᠵᠦ ᠪᠠᠢᠢᠯ᠎ᠠ᠃
ᠮᠥᠨ ᠤᠷᠮᠠᠰᠢᠭᠤᠯᠤᠯ ᠠᠴᠠ ᠭᠠᠳᠠᠨ᠎ᠠ ᠬᠦᠨᠡᠰᠦ᠂ ᠬᠥᠳᠡᠭᠡ ᠠᠵᠤ ᠠᠬᠤᠢ᠂ ᠬᠥᠩ᠋ᠭᠡᠨ ᠦᠢᠯᠡᠳᠪᠦᠷᠢ ᠢᠢᠨ ᠶᠠᠮᠤᠨ ᠠᠴᠠ 80 ᠬᠤᠪᠢ ᠤᠨ ᠬᠥᠩ᠋ᠭᠡᠯᠡᠯᠲᠡ ᠲᠡᠢ ᠦᠷ᠎ᠡ᠂ ᠠᠢᠢᠮᠠᠭ ᠠᠴᠠ ᠢᠲᠡᠭᠡᠯ ᠦᠨ ᠵᠢᠭᠡᠯᠡ ᠣᠯᠭᠤᠭᠰᠠᠨ ᠨᠢ ᠠᠵᠢᠯ ᠢᠶᠠᠨ ᠬᠡᠪ ᠦᠨ ᠶᠠᠪᠤᠭᠤᠯᠬᠤ ᠳᠤ ᠨᠡᠮᠡᠷᠢ ᠪᠣᠯᠤᠭᠰᠠᠨ ᠳᠤ ᠨᠣᠭᠣᠭᠠᠴᠢᠳ ᠲᠠᠯᠠᠷᠬᠠᠵᠤ ᠪᠠᠢᠢᠭ᠎ᠠ ᠪᠠᠨ ᠢᠯᠡᠷᠬᠡᠢᠢᠯᠡᠯ᠎ᠡ᠃
ᠮᠣᠩ᠋ᠭᠣᠯ ᠬᠦᠮᠦᠨ ᠦ ᠡᠷᠡᠭᠦᠯ᠂ ᠠᠶᠤᠯ ᠦᠭᠡᠢ ᠠᠮᠢᠳᠤᠷᠠᠬᠤ ᠲᠠᠭᠠᠲᠠᠢ ᠣᠷᠴᠢᠨ᠂ ᠨᠥᠬᠥᠴᠡᠯ ᠢ ᠪᠦᠷᠢᠳᠦᠭᠦᠯᠬᠦ ᠰᠠᠭᠤᠷᠢ ᠠᠰᠠᠭᠤᠳᠠᠯ ᠤᠨ ᠨᠢᠭᠡ ᠨᠢ ᠬᠦᠨᠡᠰᠦᠨ ᠦ ᠠᠶᠤᠯ ᠦᠭᠡᠢ ᠪᠠᠢᠢᠳᠠᠯ᠂ ᠬᠦᠨᠡᠰᠦᠨ ᠦ ᠬᠠᠩ᠋ᠭᠠᠮᠵᠢ ᠢᠢ ᠨᠡᠮᠡᠭᠳᠡᠭᠦᠯᠬᠦ᠂ ᠳᠣᠲᠣᠭᠠᠳᠤ ᠢᠢᠨ ᠬᠡᠷᠡᠭᠴᠡᠭᠡ ᠪᠡᠨ ᠪᠥᠷᠢᠨ ᠬᠠᠩ᠋ᠭᠠᠵᠤ᠂ ᠤᠯᠠᠮ ᠢᠶᠠᠷ ᠬᠦᠨᠡᠰᠦ ᠡᠺᠰᠫᠣᠷᠲ᠋ᠯᠤᠭᠴᠢ ᠣᠷᠣᠨ ᠪᠣᠯᠬᠤ ᠶᠠᠪᠤᠳᠠᠯ ᠭᠡᠵᠦ ᠮᠣᠩ᠋ᠭᠣᠯ ᠤᠯᠤᠰ ᠤᠨ ᠶᠡᠷᠦᠩᠬᠡᠢᠢᠯᠡᠭᠴᠢ ᠦᠵᠡᠵᠦ ᠪᠠᠢᠢᠨ᠎ᠠ᠃
ᠢᠯᠠᠩ᠋ᠭᠤᠶ᠎ᠠ ᠢᠷᠡᠬᠦ ᠲᠠᠪᠤᠨ ᠵᠢᠯ ᠳᠥ ᠬᠦᠨᠡᠰᠦᠨ ᠦ ᠬᠤᠪᠢᠰᠬᠠᠯ ᠬᠢᠬᠦ ᠵᠣᠷᠢᠯᠲᠠ ᠢᠢ ᠪᠡᠶᠡᠯᠡᠭᠦᠯᠬᠦ ᠳᠥ ᠭᠠᠵᠠᠷ ᠲᠠᠷᠢᠶᠠᠯᠠᠩ ᠪᠣᠯᠤᠨ ᠬᠦᠨᠡᠰᠦᠨ ᠦ ᠨᠣᠭᠣᠭ᠎ᠠ ᠡᠷᠬᠢᠯᠡᠭᠴᠢᠳ ᠴᠢᠬᠤᠯᠠ ᠬᠤᠪᠢ ᠨᠡᠮᠡᠷᠢ ᠤᠷᠤᠭᠤᠯᠬᠤ ᠤᠴᠢᠷ ᠬᠠᠤᠯᠢ ᠢᠢᠨ ᠬᠦᠷᠢᠶᠡᠨ ᠳᠥ ᠪᠦᠬᠦ ᠲᠠᠯ᠎ᠠ ᠢᠢᠨ ᠲᠤᠰᠠᠯᠠᠯᠴᠠᠭ᠎ᠠ᠂ ᠳᠡᠮᠵᠢᠯᠭᠡ ᠦᠵᠡᠭᠦᠯᠬᠦ ᠪᠡᠨ ᠡᠨᠡ ᠦᠶ᠎ᠡ ᠪᠡᠷ ᠬᠡᠯᠡᠵᠦ ᠪᠠᠢᠢᠯ᠎ᠠ᠃
ᠮᠥᠨ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠬᠥᠳᠡᠭᠡ ᠠᠵᠤ ᠠᠬᠤᠢ᠂ ᠭᠠᠵᠠᠷ ᠲᠠᠷᠢᠶᠠᠯᠠᠩ ᠤᠨ ᠴᠢᠭᠯᠡᠯ ᠢᠶᠡᠷ ᠠᠪᠬᠤ ᠠᠷᠭ᠎ᠠ ᠬᠡᠮᠵᠢᠶ᠎ᠡ ᠲᠡᠢ ᠬᠣᠯᠪᠣᠭᠠᠲᠠᠢ ᠬᠠᠤᠯᠢ ᠢᠢᠨ ᠲᠥᠰᠦᠯ ᠢ ᠣᠢᠢᠷ᠎ᠠ ᠢᠢᠨ ᠬᠤᠭᠤᠴᠠᠭᠠᠨ ᠳᠤ ᠬᠡᠯᠡᠯᠴᠡᠨ ᠰᠢᠢᠳᠪᠦᠷᠢᠯᠡᠨ᠎ᠡ ᠭᠡᠳᠡᠭ ᠲᠥ ᠢᠲᠡᠭᠡᠯ ᠲᠡᠢ ᠪᠠᠢᠢᠭ᠎ᠠ ᠪᠠᠨ ᠲᠠᠷᠢᠶᠠᠯᠠᠩᠴᠢᠳ ᠲᠤ ᠬᠡᠯᠡᠯ᠎ᠡ᠃
ᠮᠢᠬ᠎ᠠ᠂ ᠭᠤᠯᠢᠷ᠂ ᠲᠥᠮᠥᠰᠥ ᠪᠡᠷ ᠬᠡᠷᠡᠭᠴᠡᠭᠡ ᠪᠡᠨ ᠪᠦᠷᠢᠨ ᠬᠠᠩ᠋ᠭᠠᠵᠤ ᠪᠠᠢᠢᠭ᠎ᠠ ᠪᠠᠨ ᠤᠯᠠᠮ ᠪᠠᠲᠤᠳᠬᠠᠬᠤ᠂ ᠴᠢᠨᠠᠭᠰᠢᠳᠠ ᠭᠤᠷᠢᠯᠠᠨ ᠪᠦᠲᠦᠭᠡᠭᠳᠡᠬᠦᠨ᠂ ᠬᠦᠨᠡᠰᠦᠨ ᠦ ᠨᠣᠭᠣᠭ᠎ᠠ᠂ ᠰᠦ᠋᠂ ᠰᠦᠨ ᠪᠦᠲᠦᠭᠡᠭᠳᠡᠬᠦᠨ᠂ ᠥᠨᠳᠡᠭᠡ ᠵᠡᠷᠭᠡ ᠢᠢ ᠪᠤᠰᠤᠳ ᠠᠴᠠ ᠭᠤᠶᠤᠬᠤ ᠦᠭᠡᠢ ᠬᠡᠮᠵᠢᠶᠡᠨ ᠳᠦ ᠪᠠᠢᠢᠬᠤ ᠢᠢᠨ ᠲᠥᠯᠥᠭᠡ ᠳᠣᠣᠷ᠎ᠠ ᠪᠦᠷᠢᠨ᠎ᠡ ᠬᠢᠴᠢᠶᠡᠨ ᠠᠵᠢᠯᠯᠠᠬᠤ ᠶᠣᠰᠣᠲᠠᠢ ᠢᠢ ᠭᠠᠵᠠᠷ ᠲᠠᠷᠢᠶᠠᠯᠠᠩ ᠪᠣᠯᠤᠨ ᠲᠥᠮᠥᠰᠥ᠂ ᠬᠦᠨᠡᠰᠦᠨ ᠦ ᠨᠣᠭᠣᠭ᠎ᠠ ᠡᠷᠬᠢᠯᠡᠭᠴᠢᠳ ᠲᠦ ᠵᠠᠬᠢᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠮᠥᠨ ᠰᠡᠯᠡᠩ᠋ᠭᠡ ᠠᠢᠢᠮᠠᠭ ᠤᠨ ᠮᠠᠨᠳᠤᠯ ᠰᠤᠮᠤᠨ ᠳᠤ ᠪᠠᠢᠢᠷᠢᠯᠠᠬᠤ 《ᠮᠠᠺᠰ ᠠᠭᠷᠣ》 ХХК ᠍ ᠤᠨ ᠡᠷᠴᠢᠮᠵᠢᠭᠰᠡᠨ ᠮᠠᠯ ᠠᠵᠤ ᠠᠬᠤᠢ ᠢᠢᠨ ᠹᠧᠷᠮ ᠪᠣᠯᠤᠨ 《ᠮᠠᠢ ᠢᠢᠨ ᠳᠤ ᠲᠧᠺ》 ХХК ᠍ ᠤᠨ ᠤᠷᠭᠤᠮᠠᠯ ᠤᠨ ᠲᠣᠰᠤᠨ ᠤ ᠦᠢᠯᠡᠳᠪᠦᠷᠢ ᠢᠢᠨ ᠦᠢᠯᠡ ᠠᠵᠢᠯᠯᠠᠭ᠎ᠠ ᠲᠠᠢ ᠲᠠᠨᠢᠯᠴᠠᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠦᠯᠰᠦ᠋ᠬᠡ ᠥᠨᠥᠳᠥᠷ ᠰᠡᠯᠡᠩ᠋ᠭᠡ ᠠᠢᠢᠮᠠᠭ ᠲᠤ ᠠᠵᠢᠯᠯᠠᠨ ᠦᠨᠳᠦᠰᠦᠨ ᠦ ᠪᠣᠯᠪᠠᠰᠤᠷᠠᠭᠤᠯᠬᠤ ᠦᠢᠯᠡᠳᠪᠦᠷᠢᠯᠡᠭᠴᠢᠳ᠂ ᠨᠣᠭᠣᠭᠠᠴᠢᠳ ᠤᠨ ᠲᠥᠯᠥᠭᠡᠯᠡᠯ ᠲᠡᠢ ᠠᠭᠤᠯᠵᠠᠵᠤ᠂ ᠲᠠᠷᠢᠶᠠᠯᠠᠩ ᠤᠨ ᠲᠠᠯᠠᠪᠠᠢ ᠢᠢᠨ ᠣᠢ ᠢᠢᠨ ᠵᠤᠷᠪᠤᠰ ᠪᠠᠢᠢᠭᠤᠯᠬᠤ ᠠᠷᠭ᠎ᠠ ᠬᠡᠮᠵᠢᠶᠡᠨ ᠳᠦ ᠣᠷᠣᠯᠴᠠᠨ᠎ᠠ᠃