Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠡᠵᠢ ᠨᠦᠭᠦᠳ ᠲᠥ ᠠᠯᠳᠠᠷᠲᠤ ᠡᠬᠡ ᠢᠢᠨ ᠣᠳᠣᠨ ᠭᠠᠷᠳᠠᠭᠤᠯᠵᠤ᠂ ᠪᠠᠶᠠᠷ ᠬᠦᠷᠭᠡᠪᠡ

ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠢ ᠤᠭᠲᠤᠨ᠂ ᠣᠯᠠᠨ ᠬᠡᠦᠬᠡᠳ ᠲᠥᠷᠦᠭᠦᠯᠵᠦ ᠥᠰᠬᠡᠭ᠍ᠰᠡᠨ ᠡᠬᠡ ᠢᠢ ᠤᠷᠮᠠᠰᠢᠭᠤᠯᠬᠤ ᠲᠤᠬᠠᠢ ᠬᠠᠤᠯᠢ ᠪᠣᠯᠤᠨ ᠮᠣᠩ᠋ᠭᠣᠯ ᠤᠯᠤᠰ ᠤᠨ ᠦᠨᠳᠦᠰᠦᠨ ᠬᠠᠤᠯᠢ ᠳᠤ ᠵᠢᠭᠠᠭᠰᠠᠨ ᠪᠦᠷᠢᠨ ᠡᠷᠬᠡ ᠢᠢᠨ ᠢᠶᠡᠨ ᠬᠦᠷᠢᠶᠡᠨ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠵᠠᠷᠯᠢᠭ ᠭᠠᠷᠭᠠᠵᠤ᠂ ᠠᠯᠳᠠᠷᠲᠤ ᠡᠬᠡᠴᠦᠳ ᠲᠥ ᠣᠳᠣᠨ ᠭᠠᠷᠳᠠᠭᠤᠯᠤᠯ᠎ᠠ᠃

ᠬᠠᠤᠯᠢ ᠳᠤ ᠵᠢᠷᠭᠤᠭᠠᠨ ᠬᠡᠦᠬᠡᠳ ᠲᠥᠷᠦᠭᠦᠯᠵᠦ ᠥᠰᠬᠡᠭ᠍ᠰᠡᠨ ᠡᠬᠡ ᠢᠢ I ᠵᠡᠷᠭᠡ ᠢᠢᠨ ᠣᠳᠣᠨ ᠢᠶᠠᠷ᠂ ᠳᠥᠷᠪᠡᠨ ᠬᠡᠦᠬᠡᠳ ᠲᠥᠷᠦᠭᠦᠯᠵᠦ ᠥᠰᠬᠡᠭᠰᠡᠨ ᠡᠬᠡ ᠢᠢ II ᠵᠡᠷᠭᠡ ᠢᠢᠨ ᠣᠳᠣᠨ ᠢᠶᠠᠷ ᠱᠠᠩᠨᠠᠨ᠎ᠠ ᠭᠡᠵᠦ ᠵᠢᠭᠠᠭᠰᠠᠨ᠃

ᠡᠨᠡ ᠵᠢᠯ ᠠᠯᠳᠠᠷᠲᠤ ᠡᠬᠡ ᠢᠢᠨ ᠣᠳᠣᠨ ᠢᠶᠠᠷ ᠤᠯᠤᠰ ᠤᠨ ᠬᠡᠮᠵᠢᠶᠡᠨ ᠳᠥ ᠨᠡᠢᠢᠲᠡ 12᠂559 ᠡᠵᠢ᠂ ᠡᠭᠦᠨ ᠡᠴᠡ I ᠵᠡᠷᠭᠡ ᠢᠢᠨ ᠣᠳᠣᠨ ᠢᠶᠠᠷ 912 ᠡᠵᠢ᠂ II ᠵᠡᠷᠭᠡ ᠢᠢᠨ ᠣᠳᠣᠨ ᠢᠶᠠᠷ 11᠂647 ᠡᠵᠢ ᠢᠢ ᠱᠠᠩᠨᠠᠬᠤ ᠲᠤᠬᠠᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠭᠠᠷᠤᠭᠰᠠᠨ ᠶᠤᠮ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ᠄
ᠨᠡᠢᠢᠰᠯᠡᠯ ᠦᠨ 9 ᠳᠡᠭᠦᠷᠭᠡ ᠡᠴᠡ ᠨᠡᠢᠢᠲᠡ 5᠂429 ᠡᠵᠢ᠂ ᠡᠭᠦᠨ ᠡᠴᠡ I ᠵᠡᠷᠭᠡ ᠢᠢᠨ ᠣᠳᠣᠨ ᠢᠶᠠᠷ 349 ᠡᠵᠢ᠂ II ᠵᠡᠷᠭᠡ ᠢᠢᠨ ᠣᠳᠣᠨ ᠢᠶᠠᠷ 5᠂080 ᠡᠵᠢ;
21 ᠠᠢᠢᠮᠠᠭ ᠠᠴᠠ ᠨᠡᠢᠢᠲᠡ 7᠂056 ᠡᠵᠢ᠂ ᠡᠭᠦᠨ ᠡᠴᠡ I ᠵᠡᠷᠭᠡ ᠢᠢᠨ ᠣᠳᠣᠨ ᠢᠶᠠᠷ 560 ᠡᠵᠢ᠂ II ᠵᠡᠷᠭᠡ ᠢᠢᠨ ᠣᠳᠣᠨ ᠢᠶᠠᠷ 6᠂496 ᠡᠵᠢ;
ᠭᠠᠳᠠᠭᠠᠳᠤ ᠳᠤ ᠣᠷᠣᠰᠢᠨ ᠰᠠᠭᠤᠭ᠎ᠠ ᠨᠡᠢᠢᠲᠡ 74 ᠡᠵᠢ᠂ ᠡᠭᠦᠨ ᠡᠴᠡ I ᠵᠡᠷᠭᠡ ᠢᠢᠨ ᠣᠳᠣᠨ ᠢᠶᠠᠷ 3 ᠡᠵᠢ᠂ II ᠵᠡᠷᠭᠡ ᠢᠢᠨ ᠣᠳᠣᠨ ᠢᠶᠠᠷ 71 ᠡᠵᠢ ᠢᠢ ᠲᠤᠰ ᠲᠤᠰ ᠱᠠᠩᠨᠠᠬᠤ ᠶᠤᠮ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠣᠳᠣᠨ ᠭᠠᠷᠳᠠᠭᠤᠯᠤᠭᠰᠠᠨ ᠤ ᠪᠠᠨ ᠳᠠᠷᠠᠭ᠎ᠠ ᠡᠵᠢ ᠨᠦᠭᠦᠳ ᠲᠥ ᠪᠠᠶᠠᠷ ᠬᠦᠷᠭᠡᠨ ᠦᠭᠡ ᠬᠡᠯᠡᠪᠡ᠃ ᠲᠡᠷᠡ ᠪᠡᠷ ᠮᠣᠩ᠋ᠭᠣᠯᠴᠤᠳ ᠡᠬᠡ ᠬᠦᠮᠦᠨ ᠢ ᠰᠡᠳᠬᠢᠯ ᠦᠨ ᠭᠦᠨ᠂ ᠵᠢᠷᠦᠬᠡᠨ ᠦ ᠪᠡᠨ ᠤᠭ ᠠᠴᠠ ᠬᠠᠢᠢᠷᠠᠯᠠᠵᠤ᠂ ᠠᠮᠢᠳᠤ ᠪᠤᠷᠬᠠᠨ ᠬᠡᠮᠡᠨ ᠳᠡᠭᠡᠳᠦᠯᠡᠨ ᠰᠢᠲᠦᠳᠡᠭ ᠢ ᠣᠨᠴᠠᠯᠠᠨ ᠳᠤᠷᠠᠳᠴᠤ᠂ ᠣᠳᠤᠩ᠋ ᠪᠨ ᠭᠠᠷᠳᠠᠨ ᠠᠪᠴᠤ ᠪᠤᠢ ᠪᠣᠯᠤᠨ ᠮᠣᠩ᠋ᠭᠣᠯ ᠤᠨ ᠪᠦᠬᠦ ᠡᠵᠢ ᠳᠥ ᠤᠳᠤᠬᠤ ᠦᠭᠡᠢ ᠪᠣᠯᠬᠤ ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠦᠨ ᠪᠠᠶᠠᠷ ᠤᠨ ᠮᠡᠨᠳᠦ ᠢᠢ ᠬᠦᠷᠭᠡᠪᠡ᠃

《ᠠᠯᠳᠠᠷᠲᠤ ᠡᠬᠡ ᠢᠢᠨ ᠣᠳᠤᠨ ᠪᠣᠯ ᠡᠵᠢ ᠲᠠᠨ ᠤ ᠳᠤᠮᠳᠠᠷᠠᠰᠢ ᠦᠭᠡᠢ ᠬᠠᠢᠢᠷ᠎ᠠ᠂ ᠠᠯᠳᠠᠷ ᠬᠦᠨᠳᠦ ᠢᠢᠨ ᠢᠯᠡᠷᠬᠡᠢᠢᠯᠡᠯ ᠶᠤᠮ᠃ ᠡᠵᠢ ᠢᠢᠨ ᠮᠢᠨᠢ ᠡᠩ᠋ᠭᠡᠷ ᠲᠥ ᠭᠢᠯᠠᠯᠵᠠᠵᠤ ᠪᠠᠢᠢᠭᠰᠠᠨ᠂ ᠣᠳᠣ ᠡᠵᠢ ᠨᠦᠭᠦᠳ ᠲᠠ ᠪᠦᠬᠦᠨ ᠦ ᠡᠩ᠋ᠭᠡᠷ ᠲᠥ ᠭᠢᠯᠠᠯᠵᠠᠵᠤ ᠪᠠᠢᠢᠭ᠎ᠠ ᠡᠨᠡ ᠡᠷᠬᠢᠮ ᠬᠦᠨᠳᠦᠲᠥ ᠣᠳᠣᠨ ᠢ ᠮᠢᠨᠤ ᠪᠡᠶ᠎ᠡ ᠬᠠᠮᠤᠭ ᠤᠨ ᠬᠦᠨᠳᠦ ᠲᠡᠢ ᠱᠠᠩᠨᠠᠯ ᠭᠡᠵᠦ ᠪᠣᠳᠣᠳᠠᠭ》 ᠬᠡᠮᠡᠨ ᠣᠨᠴᠠᠯᠠᠯ᠎ᠠ᠃

ᠮᠥᠨ ᠲᠥᠷᠦ ᠡᠴᠡ 《ᠬᠡᠦᠬᠡᠳ ᠦᠨ ᠮᠥᠩ᠋ᠭᠥ》 ᠣᠯᠭᠤᠵᠤ ᠪᠤᠢ ᠨᠢ ᠨᠡᠢᠢᠭᠡᠮ ᠦᠨ ᠬᠠᠯᠠᠮᠵᠢ ᠪᠤᠰᠤ ᠬᠠᠷᠢᠨ ᠬᠦᠮᠦᠨ ᠠᠮᠠ ᠪᠠᠨ ᠥᠰᠬᠡᠬᠦ᠂ ᠡᠬᠡ ᠦᠷᠡᠰ ᠢᠶᠡᠨ ᠳᠡᠮᠵᠢᠬᠦ ᠲᠥᠷᠦ ᠢᠢᠨ ᠪᠣᠳᠣᠯᠭ᠎ᠠ ᠭᠡᠵᠦ ᠦᠵᠡᠬᠦ ᠨᠢ ᠵᠦᠢᠲᠡᠢ ᠪᠥᠭᠡᠳ ᠬᠦᠮᠦᠨ ᠠᠮᠠ ᠥᠰᠦᠨ ᠨᠡᠮᠡᠭᠳᠡᠵᠦ ᠪᠠᠢᠢᠵᠤ ᠮᠠᠨ ᠤ ᠤᠯᠤᠰ ᠬᠥᠭ᠍ᠵᠢᠨ ᠳᠡᠪᠵᠢᠨ᠎ᠡ ᠭᠡᠳᠡᠭ ᠢ ᠲᠡᠮᠳᠡᠭᠯᠡᠪᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠠᠯᠳᠠᠷᠲᠤ ᠡᠵᠢ ᠨᠦᠭᠦᠳ ᠲᠥ ᠪᠣᠯᠤᠨ ᠭᠡᠷ ᠪᠦᠯᠢ᠂ ᠦᠷ᠎ᠡ ᠬᠡᠦᠬᠡᠳ᠂ ᠬᠠᠨᠢ ᠢᠵᠢᠯᠢ᠂ ᠲᠥᠷᠦᠯ ᠲᠥᠷᠦᠭᠰᠡᠳ ᠲᠥ ᠨᠢ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠪᠡ᠃