Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬᠠ‍᠂ ᠪᠠᠲᠤᠲᠤᠯᠭ᠎ᠠ 3333 ᠰᠤᠷᠤᠭᠴᠢ ᠶᠢᠨ ᠬᠠᠮᠲᠤ ᠲᠤᠰᠠᠭᠠᠷ ᠲᠣᠭᠲᠠᠨᠢᠯ ᠰᠢᠯᠦᠭ ᠤᠩᠰᠢᠯ᠎ᠠ

ᠮᠣᠩᠭ᠋ᠣᠯ ᠤᠯᠤᠰ ᠤᠨ ᠬᠥᠳᠡᠯᠮᠦᠷᠢ ᠢᠢᠨ ᠪᠠᠭᠠᠲᠤᠷ᠂ ᠠᠷᠠᠳ ᠤᠨ ᠤᠷᠠᠨ ᠵᠣᠬᠢᠶᠠᠯᠴᠢ ᠳᠡᠩᠳᠡᠪ ᠦᠨ ᠫᠦᠷᠪᠦᠳᠣᠷᠵᠢ ᠢᠢᠨ 《ᠲᠤᠰᠠᠭᠠᠷ ᠲᠣᠭᠲᠠᠨᠢᠯ》 ᠰᠢᠯᠦᠭ ᠢ ᠵᠢᠯ ᠪᠦᠷᠢ ᠢᠢᠨ ᠳᠥᠷᠪᠡᠳᠦᠭᠡᠷ ᠰᠠᠷ᠎ᠠ ᠢᠢᠨ ᠡᠬᠢᠨ ᠦ ᠳᠣᠯᠣᠭ᠎ᠠ ᠬᠣᠨᠣᠭ ᠲᠤ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠰᠤᠷᠤᠭᠴᠢᠳ ᠤᠩᠰᠢᠵᠤ᠂ ᠡᠬᠡ ᠣᠷᠣᠨᠴᠢ ᠰᠡᠳᠬᠢᠯ᠂ ᠲᠤᠰᠠᠭᠠᠷ ᠲᠣᠭᠲᠠᠨᠢᠯ ᠤᠨ ᠤᠬᠠᠭᠳᠠᠬᠤᠨ ᠢ ᠰᠢᠯᠦᠭ ᠢᠶᠡᠷ ᠳᠠᠮᠵᠢᠭᠤᠯᠤᠨ ᠢᠯᠡᠷᠬᠡᠢᠢᠯᠡᠳᠡᠭ ᠶᠤᠮ᠃ ᠮᠥᠨ ᠵᠢᠯ ᠪᠦᠷᠢ ᠤᠩᠰᠢᠵᠤ ᠬᠡᠪᠰᠢᠬᠦ ᠨᠢ ᠢᠷᠠᠭᠤ ᠨᠠᠢᠢᠷᠠᠭᠴᠢ ᠳᠡᠩᠳᠡᠪ ᠦᠨ ᠫᠦᠷᠪᠦᠳᠣᠷᠵᠢ ᠢᠢᠨ 《ᠲᠤᠰᠠᠭᠠᠷ ᠲᠣᠭᠲᠠᠨᠢᠯ》 ᠰᠢᠯᠦᠭ ᠢ ᠦᠨᠳᠦᠰᠦᠨ ᠦ ᠪᠠᠬᠠᠷᠬᠠᠯᠳᠤ ᠰᠢᠯᠦᠭ ᠪᠣᠯᠭᠠᠬᠤ ᠵᠣᠷᠢᠯᠭ᠎ᠠ ᠲᠠᠢ ᠶᠤᠮ ᠪᠠᠢᠢᠨ᠎ᠠ᠃

 

ᠡᠨᠡ ᠵᠢᠯ ᠲᠤᠰᠠᠭᠠᠷ ᠲᠣᠭᠲᠠᠨᠢᠯ ᠰᠢᠯᠦᠭ ᠢ 《ᠣᠶᠤᠨ ᠤ ᠤᠨᠳᠤᠷᠤᠭ᠎ᠠ》 ᠴᠣᠭᠴᠠᠯᠠᠪᠤᠷᠢ ᠰᠤᠷᠭᠠᠭᠤᠯᠢ ᠢᠢᠨ 3333 ᠰᠤᠷᠤᠭᠴᠢ ᠮᠣᠩᠭ᠋ᠣᠯ ᠤᠯᠤᠰ ᠤᠨ ᠭᠠᠵᠠᠷ ᠤᠨ ᠵᠢᠷᠤᠭ ᠭᠠᠷᠭᠠᠨ ᠰᠦᠬᠡᠪᠠᠭᠠᠲᠤᠷ ᠤᠨ ᠲᠠᠯᠠᠪᠠᠢ ᠳᠤ ᠵᠣᠭᠰᠣᠵᠤ᠂ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ‍᠂ ᠪᠠᠲᠤᠲᠤᠯᠭ᠎ᠠ ᠢᠢᠨ ᠬᠠᠮᠲᠤ ᠥᠨᠥᠳᠥᠷ ᠤᠩᠰᠢᠭᠰᠠᠨ ᠶᠤᠮ᠃

 

ᠰᠢᠯᠦᠭ ᠤᠩᠰᠢᠵᠤ ᠳᠠᠭᠤᠰᠤᠭᠰᠠᠨ ᠤ ᠳᠠᠷᠠᠭ᠎ᠠ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ‍᠂ ᠪᠠᠲᠤᠲᠤᠯᠭ᠎ᠠ᠄

 

《ᠰᠠᠢᠢᠨ ᠪᠠᠢᠢᠵᠠᠭᠠᠨ᠎ᠠ ᠤᠤ᠃

 

ᠲᠠ ᠪᠦᠬᠦᠨ ᠳᠦ ᠬᠠᠯᠠᠭᠤᠨ ᠪᠠᠶᠠᠷ ᠬᠦᠷᠭᠡᠶ᠎ᠡ᠃ ᠮᠠᠰᠢ ᠰᠠᠢᠢᠬᠠᠨ ᠰᠡᠳᠬᠢᠭ᠍ᠳᠡᠯ ᠲᠥᠷᠦᠵᠢ ᠪᠠᠢᠢᠨ᠎ᠠ᠃ 《ᠣᠶᠤᠨ ᠤ ᠤᠨᠳᠤᠷᠤᠭ᠎ᠠ》 ᠴᠣᠭᠴᠠᠯᠠᠪᠤᠷᠢ ᠰᠤᠷᠭᠠᠭᠤᠯᠢ ᠢᠢᠨ ᠪᠠᠭᠰᠢ᠂ ᠠᠵᠢᠯᠴᠢᠳ ᠤᠨ ᠰᠠᠨᠠᠭᠠᠴᠢᠯᠠᠭ᠎ᠠ ᠪᠠᠷ 《ᠲᠤᠰᠠᠭᠠᠷ ᠲᠣᠭᠲᠠᠨᠢᠯ》 ᠰᠢᠯᠦᠭ ᠢ ᠤᠩᠰᠢᠳᠠᠭ ᠪᠣᠯᠤᠭᠰᠠᠨ ᠶᠤᠮ ᠪᠠᠢᠢᠨ᠎ᠠ᠃ ᠨᠠᠮᠠᠢᠢ ᠡᠭᠦᠨ ᠳᠥ ᠪᠡᠨ ᠤᠷᠢᠵᠤ ᠣᠷᠤᠯᠴᠠᠭᠤᠯᠤᠭᠰᠠᠨ ᠳᠤ ᠲᠠᠯᠠᠷᠬᠠᠵᠤ ᠪᠠᠢᠢᠨ᠎ᠠ᠃ ᠰᠤᠷᠤᠭᠴᠢᠳ ᠲᠠ ᠪᠦᠬᠦᠨ ᠢᠶᠡᠷ ᠶᠡᠬᠡ ᠪᠠᠬᠠᠷᠬᠠᠯ᠎ᠠ᠃

 

ᠡᠨᠡ ᠦᠢᠯᠡ ᠠᠵᠢᠯᠯᠠᠭ᠎ᠠ ᠢᠢ ᠤᠯᠠᠮᠵᠢᠯᠠᠯ ᠪᠣᠯᠭᠠᠵᠤ᠂ ᠴᠢᠨᠠᠭᠰᠢᠳᠠ ᠪᠠᠨ ᠨᠡᠢᠢᠰᠯᠡᠯ ᠦᠨ ᠶᠢᠰᠦᠨ ᠳᠡᠭᠦᠷᠭᠡ ᠪᠣᠯᠤᠨ 21 ᠠᠢᠢᠮᠠᠭ ᠤᠨ ᠰᠤᠷᠭᠠᠭᠤᠯᠢ ᠢᠢᠨ ᠰᠤᠷᠤᠭᠴᠢᠳ ᠡᠨᠡ ᠰᠢᠯᠦᠭ ᠢ ᠤᠩᠰᠢᠵᠤ ᠪᠠᠢᠢᠬᠤ ᠶᠤᠮ ᠪᠠᠢᠢᠨ᠎ᠠ᠃ ᠲᠠ ᠪᠦᠬᠦᠨ ᠦ ᠡᠨᠡ ᠰᠠᠨᠠᠯ ᠢ ᠪᠢ ᠳᠡᠮᠵᠢᠵᠦ ᠠᠵᠢᠯᠯᠠᠨ᠎ᠠ ᠭᠡᠳᠡᠭ ᠢᠶᠡᠨ ᠬᠡᠯᠡᠮᠡᠷ ᠪᠠᠢᠢᠨ᠎ᠠ᠃

 

ᠲᠤᠰᠠᠭᠠᠷ ᠲᠣᠭᠲᠠᠨᠢᠯ ᠢ ᠪᠡᠬᠢᠵᠢᠭᠦᠯᠬᠦ ᠳᠥ ᠮᠣᠩᠭ᠋ᠣᠯ ᠬᠦᠮᠦᠨ ᠪᠦᠷᠢ ᠬᠦᠴᠦ ᠬᠥᠳᠡᠯᠮᠦᠷᠢ ᠪᠡᠨ ᠵᠣᠷᠢᠭᠤᠯᠵᠤ᠂ ᠡᠳ᠋ ᠍ ᠦᠨ ᠵᠠᠰᠠᠭ ᠢᠶᠠᠷ ᠪᠠᠲᠤᠯᠠᠭᠠᠵᠢᠭᠤᠯᠵᠤ ᠪᠠᠢᠢᠵᠤ᠂ ᠥᠨᠢ ᠮᠥᠩᠬᠡ ᠤᠷᠤᠰᠢᠬᠤ ᠪᠣᠯᠤᠨ᠎ᠠ᠃ ᠮᠣᠩᠭ᠋ᠣᠯ ᠬᠦᠮᠦᠨ ᠪᠦᠷᠢ ᠡᠪ ᠰᠠᠨᠠᠯ ᠢᠶᠠᠨ ᠨᠢᠭᠡᠳᠬᠡᠵᠦ ᠪᠠᠢᠢᠵᠤ ᠲᠤᠰᠠᠭᠠᠷ ᠲᠣᠭᠲᠠᠨᠢᠯ ᠢᠶᠠᠨ ᠲᠣᠷᠳᠠᠨ᠂ ᠥᠩᠭᠡᠵᠢᠭᠦᠯᠵᠦ ᠪᠠᠢᠢᠬᠤ ᠪᠣᠯᠤᠨ᠎ᠠ᠃ ᠠᠷᠠᠳ ᠤᠨ ᠤᠷᠠᠨ ᠵᠣᠬᠢᠶᠠᠯᠴᠢ ᠳᠡᠩᠳᠡᠪ ᠦᠨ ᠫᠦᠷᠪᠦᠳᠣᠷᠵᠢ ᠢᠢᠨ 《ᠲᠤᠰᠠᠭᠠᠷ ᠲᠣᠭᠲᠠᠨᠢᠯ》 ᠰᠢᠯᠦᠭ ᠢ ᠪᠠᠭ᠎ᠠ ᠨᠠᠰᠤᠨ ᠳᠤ ᠪᠠᠨ ᠴᠡᠭᠡᠵᠢᠯᠡᠵᠦ ᠥᠰᠦᠭᠰᠡᠨ ᠲᠦᠮᠡ ᠲᠦᠮᠡᠨ ᠮᠣᠩᠭ᠋ᠣᠯ ᠬᠡᠦᠬᠡᠳ ᠦᠳ ᠦᠨ ᠨᠢᠭᠡ ᠨᠢ ᠪᠢ ᠪᠢᠯᠡ᠃

 

ᠡᠬᠡ ᠬᠡᠯᠡ᠂ ᠡᠬᠡ ᠰᠤᠶᠤᠯ ᠳᠤ ᠪᠠᠨ ᠬᠦᠨᠳᠦᠳᠬᠡᠯᠲᠡᠢ ᠬᠠᠨᠳᠤᠵᠤ᠂ ᠰᠡᠳᠬᠢᠯ ᠵᠢᠷᠦᠬᠡ ᠪᠡᠷ ᠢᠶᠡᠨ ᠡᠨᠡ ᠠᠷᠭ᠎ᠠ ᠬᠡᠮᠵᠢᠶᠡᠨ ᠳᠦ ᠣᠷᠣᠯᠴᠠᠵᠤ ᠪᠠᠢᠢᠭ᠎ᠠ ᠬᠡᠦᠬᠡᠳ ᠦᠳ ᠲᠡᠭᠡᠨ᠂ ᠪᠠᠭᠰᠢ ᠨᠠᠷ ᠲᠤ ᠪᠠᠨ ᠳᠠᠬᠢᠨ ᠪᠠᠶᠠᠷᠯᠠᠯ᠎ᠠ ᠭᠡᠵᠦ ᠬᠡᠯᠡᠮᠡᠷ ᠪᠠᠢᠢᠨ᠎ᠠ᠃

 

ᠮᠥᠩᠬᠡ ᠲᠩᠷᠢ ᠪᠢᠳᠡᠨ ᠢ ᠢᠪᠡᠭᠡᠵᠦ᠂ ᠲᠤᠰᠠᠭᠠᠷ ᠲᠣᠭᠲᠠᠨᠢᠯ ᠮᠢᠨᠢ ᠪᠠᠲᠤ ᠤᠷᠤᠰᠢᠬᠤ ᠪᠣᠯᠲᠤᠭᠠᠢ᠃

 

ᠲᠤᠰᠠᠭᠠᠷ ᠲᠣᠭᠲᠠᠨᠢᠯ ᠴᠢᠮᠠᠢᠢ ᠲᠤᠩᠬᠠᠭᠯᠠᠵᠤ ᠪᠢᠳᠡ ᠪᠢᠴᠢᠨ᠎ᠡ ᠡ》 ᠭᠡᠯ᠎ᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ‍᠂ ᠪᠠᠲᠤᠲᠤᠯᠭ᠎ᠠ ᠦᠭᠡ ᠬᠡᠯᠡᠭᠰᠡᠨ ᠦ ᠪᠡᠨ ᠳᠠᠷᠠᠭ᠎ᠠ ᠰᠢᠯᠵᠢᠨ ᠶᠠᠪᠤᠬᠤ ᠴᠣᠮᠣ ᠢᠢ ᠨᠡᠢᠢᠰᠯᠡᠯ ᠦᠨ ᠪᠠᠶᠠᠨᠵᠢᠷᠦᠬᠡ ᠳᠡᠭᠦᠷᠭᠡ ᠢᠢᠨ 92 ᠍ ᠳᠦᠭᠠᠷ ᠰᠤᠷᠭᠠᠭᠤᠯᠢ ᠢᠢᠨ ᠬᠠᠮᠲᠤ ᠣᠯᠠᠨ ᠳᠤ ᠭᠠᠷᠳᠠᠭᠤᠯᠵᠤ ᠥᠭ᠍ᠭᠦᠯ᠎ᠡ᠃