Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ 30 ᠵᠢᠯ ᠦᠨ ᠣᠢ ᠢᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠪᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠲᠡᠷᠢᠭᠦᠨ ᠤᠬᠤᠨ᠎ᠠ ᠢᠢᠨ ᠬᠦᠷᠡᠯᠰᠦ᠋ᠬᠡ ᠦᠨᠳᠦᠰᠦᠨ ᠦ ᠠᠶᠣᠯ ᠦᠭᠡᠢ ᠪᠠᠢᠢᠳᠠᠯ ᠤᠨ ᠵᠥᠪᠯᠡᠯ ᠡᠭᠦᠰᠦᠨ ᠪᠠᠢᠢᠭᠤᠯᠤᠭᠳᠠᠰᠤᠨ ᠤ 30 ᠵᠢᠯ ᠦᠨ ᠣᠢ ᠢᠢ ᠲᠣᠬᠢᠶᠠᠯᠳᠤᠭᠤᠯᠤᠨ ᠪᠠᠶᠠᠷ ᠬᠦᠷᠭᠡᠵᠦ᠂ ᠮᠡᠨᠳᠦᠴᠢᠯᠡᠭᠡ ᠳᠡᠪᠰᠢᠭᠦᠯᠪᠡ᠃

ᠤᠭ ᠮᠡᠨᠳᠦᠴᠢᠯᠡᠭᠡᠨ ᠳᠥ᠄

《ᠮᠣᠩ᠋ᠭᠣᠯᠴᠤᠳ ᠪᠢᠳᠡ ᠡᠷᠲᠡ ᠳᠡᠭᠡᠷ᠎ᠡ ᠦᠶ ᠡ᠋ ᠡᠴᠡ ᠲᠥᠷᠥ ᠤᠯᠤᠰ᠂ ᠲᠥᠷᠥᠯᠬᠢ ᠨᠤᠲᠤᠭ᠂ ᠲᠦᠮᠡᠨ ᠣᠯᠠᠨ ᠢᠶᠠᠨ ᠨᠢᠭᠡᠳᠦᠮᠡᠯ ᠰᠠᠨᠠᠭ᠎ᠠ᠂ ᠨᠢᠭᠡᠨ ᠵᠣᠷᠢᠭ᠂ ᠡᠪ ᠦᠨ ᠬᠦᠴᠣ  ᠪᠡᠷ ᠬᠠᠮᠠᠭᠠᠯᠠᠵᠤ ᠢᠷᠡᠭᠰᠡᠨ ᠲᠥᠷᠥᠳᠥ ᠶᠣᠰᠣᠨ ᠤ ᠲᠡᠦᠬᠡᠨ ᠤᠯᠠᠮᠵᠢᠯᠠᠯ ᠲᠠᠢ ᠠᠷᠠᠳ ᠲᠦᠮᠡᠨ ᠪᠢᠯᠡ᠃

ᠡᠨᠡ ᠲᠡᠦᠬᠡᠨ ᠤᠯᠠᠮᠵᠢᠯᠠᠯ ᠢ ᠨᠡᠷ᠎ᠡ ᠲᠥᠷᠥ ᠲᠡᠢ ᠦᠷᠭᠦᠯᠵᠢᠯᠡᠭᠦᠯᠵᠦ᠂ ᠤᠯᠤᠰ ᠣᠷᠣᠨ ᠤ ᠪᠠᠨ ᠠᠶᠤᠯ ᠦᠭᠡᠢ ᠪᠠᠢᠢᠳᠠᠯ᠂ ᠲᠣᠭᠲᠠᠪᠤᠷᠢᠲᠠᠢ ᠬᠥᠭ᠍ᠵᠢᠯ᠂ ᠠᠷᠠᠳ ᠢᠷᠭᠡᠳ ᠦᠨ ᠢᠶᠡᠨ ᠡᠷᠡᠭᠦᠯ ᠰᠠᠷᠠᠭᠤᠯ᠂ ᠡᠯᠪᠡᠭ᠌ ᠬᠠᠩ᠋ᠭᠠᠯᠤᠭᠤᠨ᠂ ᠡᠩᠬᠡ ᠠᠮᠤᠭᠤᠯᠠᠩ ᠠᠮᠢᠳᠤᠷᠠᠯ ᠤᠨ ᠲᠥᠯᠥᠭᠡ ᠣᠨ ᠤᠳᠠᠭᠠᠨ ᠵᠢᠯ ᠴᠢᠡᠭ ᠰᠡᠳᠬᠢᠯ᠂ ᠮᠡᠷᠭᠡᠨ ᠤᠬᠠᠭᠠᠨ᠂ ᠮᠡᠳᠡᠯᠭᠡ ᠴᠢᠳᠠᠪᠤᠷᠢ ᠪᠠᠨ ᠳᠠᠢᠢᠴᠢᠯᠠᠨ ᠵᠢᠳᠬᠦᠵᠦ ᠢᠷᠡᠭᠰᠡᠨ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ᠂ ᠦᠶ᠎ᠡ ᠦᠶ᠎ᠡ ᠢᠢᠨ ᠲᠡᠷᠢᠭᠦᠨ᠂ ᠭᠡᠰᠢᠭᠦᠳ᠂ ᠨᠠᠷᠢᠨ ᠪᠢᠴᠢᠭ᠌ ᠦᠨ ᠳᠠᠷᠤᠭ᠎ᠠ᠂ ᠠᠬᠠᠮᠠᠳ ᠠᠵᠢᠯᠲᠠᠨ ᠨᠤᠭᠤᠳ ᠪᠣᠯᠤᠨ ᠥᠨᠥ ᠢᠢᠨ ᠠᠵᠢᠯ ᠤᠨ ᠠᠯᠪᠠ᠂ ᠰᠲ᠋ᠷᠠᠲ᠋ᠧᠭᠢ ᠢᠢᠨ ᠰᠤᠳᠤᠯᠭᠠᠨ ᠤ ᠬᠦᠷᠢᠶᠡᠯᠡᠩ᠂ ᠰᠢᠨᠵᠢᠭᠡᠴᠢ ᠢᠢᠨ ᠬᠡᠰᠡᠭ ᠦᠨ ᠡᠷᠳᠡᠮᠲᠡᠨ᠂ ᠰᠤᠳᠤᠯᠤᠭᠠᠴᠢᠳ ᠲᠤ 30 ᠵᠢᠯ ᠦᠨ ᠣᠢ ᠢᠢᠨ ᠪᠠᠶᠠᠷ ᠬᠦᠷᠭᠡᠵᠦ᠂ ᠠᠵᠢᠯ ᠤᠨ ᠥᠨᠳᠥᠷ ᠠᠮᠵᠢᠯᠲᠠ᠂ ᠠᠮᠢᠳᠤᠷᠠᠯ ᠤᠨ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃

ᠦᠨᠳᠦᠰᠦᠲᠡᠨ ᠦ ᠦᠨᠡᠲᠦ ᠵᠦᠢᠯᠡᠰ ᠢᠶᠡᠨ ᠨᠠᠨᠳᠢᠩᠨᠠᠨ ᠬᠠᠳᠠᠭᠠᠯᠠᠬᠤ᠂ ᠲᠥᠷᠥ ᠤᠯᠤᠰ ᠤᠨ ᠢᠶᠠᠨ ᠢᠵᠠᠭᠤᠷ ᠡᠷᠬᠡ ᠠᠰᠢᠭ ᠢ ᠡᠷᠬᠢᠮᠯᠡᠨ ᠳᠡᠭᠡᠳᠦᠯᠡᠬᠦ ᠨᠢ ᠮᠣᠩ᠋ᠭᠣᠯ ᠤᠯᠤᠰ ᠤᠨ ᠦᠨᠳᠦᠰᠦᠨ ᠦ ᠠᠶᠤᠯ ᠦᠭᠡᠢ ᠪᠠᠢᠢᠳᠠᠯ ᠢ ᠬᠠᠩ᠋ᠭᠠᠬᠤ ᠪᠣᠳᠣᠯᠭ᠎ᠠ᠂ ᠦᠢᠯᠡ ᠠᠵᠢᠯᠯᠠᠭᠠᠨ ᠤ ᠦᠨᠳᠦᠰᠦ ᠢᠢᠨ ᠦᠨᠳᠦᠰᠦ ᠶᠤᠮ᠃

ᠡᠢᠢᠮᠦ ᠤᠴᠢᠷ ᠠᠴᠠ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠲᠡᠷᠢᠭᠦᠨ ᠦ ᠬᠤᠪᠢ ᠳᠤ᠂ ᠤᠯᠤᠰ ᠣᠷᠣᠨ ᠤ ᠦᠨᠳᠦᠰᠦᠨ ᠦ ᠠᠶᠤᠯ ᠦᠭᠡᠢ ᠪᠠᠢᠢᠳᠠᠯ᠂ ᠡᠬᠡ ᠣᠷᠣᠨᠴᠢ ᠦᠨᠳᠦᠰᠦᠨ ᠦ ᠦᠵᠡᠯ᠂ ᠡᠪ ᠨᠢᠭᠡᠳᠦᠯ ᠢᠮᠠᠭᠲᠠ ᠪᠦᠬᠦᠨ ᠡᠴᠡ ᠳᠡᠭᠡᠭᠦᠷ ᠡᠷᠢᠮᠪᠡᠯᠡᠭᠳᠡᠬᠦ ᠶᠣᠰᠣᠲᠠᠢ ᠭᠡᠳᠡᠭ ᠢ ᠡᠨᠡ ᠲᠡᠮᠳᠡᠭᠯᠡᠯᠲᠦ ᠡᠳᠦᠷ ᠲᠦᠮᠡᠨ ᠣᠯᠠᠨ ᠳᠤ ᠪᠠᠨ ᠰᠠᠨᠠᠭᠤᠯᠬᠤ ᠪᠠᠢᠢᠨ᠎ᠠ᠃

ᠮᠣᠩ᠋ᠭᠣᠯ ᠤᠯᠤᠰ ᠤᠨ ᠦᠨᠳᠦᠰᠦᠨ ᠦ ᠠᠶᠤᠯ ᠦᠭᠡᠢ ᠪᠠᠢᠢᠳᠠᠯ ᠢ ᠬᠠᠳᠠᠭᠠᠯᠠᠨ ᠬᠠᠮᠠᠭᠠᠯᠠᠬᠤ ᠢᠢᠨ ᠲᠥᠯᠥᠭᠡ᠂ ᠪᠦᠬᠦ ᠬᠦᠴᠦ ᠴᠢᠳᠠᠯ᠂ ᠮᠡᠳᠡᠯᠭᠡ ᠪᠣᠯᠪᠠᠰᠤᠷᠠᠯ ᠢᠶᠠᠨ ᠵᠣᠷᠢᠭᠤᠯᠤᠨ᠂ ᠡᠷᠭᠦᠭ᠍ᠰᠡᠨ ᠲᠠᠩ᠋ᠭᠠᠷᠢᠭ ᠲᠤ ᠪᠠᠨ ᠦᠨᠡᠨᠴᠢ ᠪᠡᠷ ᠵᠢᠳᠬᠦᠵᠦ ᠢᠷᠡᠭᠰᠡᠨ᠂ ᠥᠨᠥ ᠦᠶ᠎ᠡ ᠳᠥ ᠵᠢᠳᠬᠦᠵᠦ ᠪᠠᠢᠢᠭ᠎ᠠ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠬᠠᠮᠲᠤ ᠣᠯᠠᠨ ᠪᠣᠯᠤᠨ ᠮᠣᠩ᠋ᠭᠣᠯ ᠤᠨ ᠠᠷᠠᠳ ᠲᠦᠮᠡᠨ ᠳᠥ ᠪᠡᠨ ᠲᠡᠦᠬᠡᠲᠦ ᠣᠢ ᠢᠢᠨ ᠡᠳᠦᠷ ᠢ ᠲᠣᠬᠢᠶᠠᠯᠳᠤᠭᠤᠯᠤᠨ ᠳᠠᠬᠢᠨ ᠴᠢᠡᠭ ᠰᠡᠳᠬᠢᠯ ᠦᠨ ᠪᠠᠶᠠᠷ ᠬᠦᠷᠭᠡᠵᠦ᠂ ᠭᠦᠨ ᠲᠠᠯᠠᠷᠬᠠᠯ ᠢᠯᠡᠷᠬᠡᠢᠢᠯᠡᠶ᠎ᠡ᠃

ᠮᠥᠩᠬᠡ ᠬᠥᠬᠡ ᠲᠩᠷᠢ ᠢᠢᠨ ᠬᠦᠴᠦᠨ ᠳ᠋ᠣᠷ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ》 ᠭᠡᠵᠡᠢ᠃