Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳᠠᠯᠠᠭᠴᠢ ᠤᠬᠤᠨᠠ᠎ᠠ ᠢᠢᠨ ᠬᠦᠷᠡᠯᠰᠦ᠋ᠬᠡ ᠡᠮᠡᠭᠲᠡᠢ ᠡᠩᠬᠡ ᠢᠢ ᠰᠠᠬᠢᠭᠤᠯᠤᠭᠴᠢᠳ ᠲᠤ ᠪᠠᠶᠠᠷ ᠬᠦᠷᠭᠡᠪᠡ

ᠮᠣᠩ᠋ᠭᠣᠯ ᠴᠡᠷᠢᠭ ᠡᠩᠬᠡ ᠢᠢ ᠰᠠᠬᠢᠭᠤᠯᠬᠤ ᠠᠵᠢᠯᠯᠠᠭᠠᠨ ᠳᠤ ᠣᠷᠣᠯᠴᠠᠵᠤ ᠡᠬᠢᠯᠡᠭᠰᠡᠨ ᠦ 20 ᠵᠢᠯ ᠦᠨ ᠣᠢ ᠪᠣᠯᠤᠨ 《ᠣᠯᠠᠨ ᠤᠯᠤᠰ ᠤᠨ ᠡᠩᠬᠡ ᠢᠢ ᠰᠠᠬᠢᠭᠤᠯᠤᠭᠴᠢᠳ ᠤᠨ ᠡᠳᠦᠷ》 ᠡᠨᠡ ᠡᠳᠦᠷ ᠦᠳ ᠲᠥ ᠲᠣᠬᠢᠶᠠᠵᠤ ᠪᠠᠢᠢᠨ᠎ᠠ᠃

ᠡᠮᠡᠭᠲᠡᠢ ᠡᠩᠬᠡ ᠢᠢ ᠰᠠᠬᠢᠭᠤᠯᠤᠭᠴᠢᠳ ᠢᠶᠠᠨ ᠠᠯᠳᠠᠷᠰᠢᠭᠤᠯᠬᠤ᠂ ᠬᠦᠨᠳᠦᠳᠬᠡᠯ ᠦᠵᠡᠭᠦᠯᠬᠦ ᠶᠣᠰᠣᠯᠠᠯ ᠰᠣᠶᠣᠯ ᠤᠨ ᠲᠥᠪ ᠥᠷᠭᠦᠭᠡᠨ ᠳᠥ ᠪᠣᠯᠵᠤ᠂ ᠲᠥᠷᠦ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠢᠢᠨ ᠡᠮᠡᠭᠲᠡᠢ ᠴᠡᠷᠢᠭ ᠦᠨ ᠠᠯᠪᠠ ᠬᠠᠭᠠᠭᠴᠢᠳ ᠣᠷᠣᠯᠴᠠᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳᠠᠯᠠᠭᠴᠢ ᠤᠬᠤᠨᠠ᠎ᠠ ᠢᠢᠨ ᠬᠦᠷᠡᠯᠰᠦ᠋ᠬᠡ ᠲᠥᠷᠥ᠂ ᠠᠷᠠᠳ ᠲᠦᠮᠡᠨ ᠦ ᠪᠡᠨ ᠡᠮᠦᠨ᠎ᠡ ᠬᠦᠯᠢᠶᠡᠭᠰᠡᠨ ᠡᠭᠦᠷᠭᠡ ᠪᠡᠨ ᠨᠡᠷ᠎ᠡ ᠲᠥᠷᠥ ᠲᠡᠢ ᠪᠡᠶᠡᠯᠡᠭᠦᠯᠵᠦ ᠪᠠᠢᠢᠭ᠎ᠠ ᠡᠮᠡᠭᠲᠡᠢ ᠡᠩᠬᠡ ᠢᠢ ᠰᠠᠬᠢᠭᠤᠯᠤᠭᠴᠢᠳ ᠲᠤ ᠪᠠᠶᠠᠷ ᠬᠦᠷᠭᠡᠪᠡ᠃

ᠮᠣᠩ᠋ᠭᠣᠯ ᠴᠡᠷᠢᠭ ᠡᠩᠬᠡ ᠢᠢ ᠰᠠᠬᠢᠭᠤᠯᠬᠤ ᠠᠵᠢᠯᠯᠠᠭᠠᠨ ᠳᠤ ᠣᠷᠣᠯᠴᠠᠭᠰᠠᠨ᠎ᠠ ᠪᠠᠷ ᠦᠨᠳᠦᠰᠦᠨ ᠦ ᠠᠶᠤᠯ ᠦᠭᠡᠢ ᠪᠠᠢᠢᠳᠠᠯ ᠤᠨ ᠪᠣᠯᠤᠨ ᠭᠠᠳᠠᠭᠠᠳᠤ ᠪᠣᠳᠣᠯᠭ᠎ᠠ ᠢᠢᠨ ᠦᠵᠡᠯ ᠪᠠᠷᠢᠮᠲᠠᠯᠠᠯ ᠳᠤ ᠲᠤᠰᠬᠠᠭᠰᠠᠨ ᠠᠶᠤᠯ ᠦᠭᠡᠢ ᠪᠠᠢᠢᠳᠠᠯ᠂ ᠦᠨᠳᠦᠰᠦᠨ ᠦ ᠢᠵᠠᠭᠤᠷ ᠠᠰᠢᠭ ᠰᠣᠨᠢᠷᠬᠠᠯ ᠢ ᠤᠯᠤᠰ ᠲᠥᠷᠥ ᠳ᠋ᠢᠫᠯᠣᠮᠠᠲ ᠤᠨ ᠠᠷᠭ᠎ᠠ ᠪᠠᠷ ᠬᠠᠩ᠋ᠭᠠᠬᠤ ᠵᠣᠷᠢᠯᠲᠠ ᠢᠢ ᠬᠡᠷᠡᠭᠵᠢᠭᠦᠯᠬᠦ ᠳᠥ ᠲᠣᠮᠣᠬᠠᠨ ᠲᠦᠯᠬᠢᠴᠡ ᠪᠣᠯᠵᠤ᠂ ᠣᠯᠠᠨ ᠤᠯᠤᠰ ᠲᠤ ᠮᠣᠩ᠋ᠭᠣᠯ ᠤᠯᠤᠰ ᠤᠨ ᠪᠠᠢᠢᠷᠢ ᠰᠠᠭᠤᠷᠢ ᠢᠢ ᠪᠡᠬᠢᠵᠢᠭᠦᠯᠬᠦ᠂ ᠨᠡᠷ᠎ᠡ ᠬᠦᠨᠳᠦ ᠢᠢ ᠡᠷᠭᠦᠬᠦ ᠳᠥ ᠵᠢᠩᠲᠡᠢ ᠬᠤᠪᠢ ᠨᠡᠮᠡᠷᠢ ᠣᠷᠣᠭᠤᠯᠵᠤ ᠪᠠᠢᠢᠭ᠎ᠠ ᠢᠢ ᠣᠨᠴᠠᠯᠠᠪᠠ᠃

ᠡᠭᠦᠨ ᠳᠣᠲᠣᠷ᠎ᠠ ᠪᠠᠨ ᠵᠡᠪᠰᠡᠭᠲᠦ ᠬᠦᠴᠦᠨ ᠦ ᠡᠭᠦᠷᠭᠡ ᠵᠣᠷᠢᠭᠤᠯᠤᠯᠲᠠ᠂ ᠪᠡᠶ᠎ᠡ ᠪᠦᠷᠢᠯᠳᠦᠬᠦᠨ ᠦ ᠪᠦᠲᠦᠴᠡ ᠳᠥ ᠰᠢᠨ᠎ᠡ ᠴᠢᠭ᠌ ᠬᠠᠨᠳᠤᠯᠭ᠎ᠠ᠂ ᠥᠭᠡᠷᠡᠴᠢᠯᠡᠯᠲᠡ ᠭᠠᠷᠴᠤ ᠡᠮᠡᠭᠲᠡᠢᠢᠴᠦᠳ ᠦᠨ ᠣᠷᠣᠯᠴᠠᠭ᠎ᠠ᠂ ᠡᠵᠡᠯᠡᠬᠦ ᠵᠢᠩ ᠵᠢᠯ ᠡᠴᠡ ᠵᠢᠯ ᠳᠥ ᠨᠡᠮᠡᠭᠳᠡᠵᠦ ᠪᠠᠢᠢᠭ᠎ᠠ ᠢᠢ ᠬᠡᠯᠡᠪᠡ᠃

ᠡᠬᠡᠴᠦᠳ᠂ ᠡᠮᠡᠭᠲᠡᠢᠢᠴᠦᠳ ᠦᠨ ᠣᠷᠣᠯᠴᠠᠭ᠎ᠠ ᠴᠡᠷᠢᠭ ᠦᠨ ᠬᠠᠷᠢᠯᠴᠠᠭᠠᠨ ᠳᠤ ᠵᠣᠬᠢᠴᠠᠯ᠂ ᠵᠥᠪᠰᠢᠯᠴᠡᠯ ᠦᠨ ᠠᠭᠤᠷ ᠠᠮᠢᠰᠬᠤᠯ᠂ ᠡᠨᠡᠷᠢᠩ᠋ᠭᠦᠢ ᠢᠢᠨ ᠰᠤᠶᠤᠯ ᠲᠦᠭᠡᠭᠡᠨ᠂ ᠡᠩᠬᠡ ᠢᠢ ᠳᠡᠮᠵᠢᠬᠦ ᠠᠵᠢᠯᠯᠠᠭᠠᠨ ᠤ ᠬᠦᠮᠦᠨᠯᠢᠭ ᠵᠣᠷᠢᠯᠭ᠎ᠠ ᠳᠤ ᠢᠯᠡᠭᠦᠦ ᠲᠡᠢ ᠨᠡᠢᠢᠴᠡᠵᠦ᠂ ᠰᠥᠷᠭᠡᠯᠳᠦᠭᠴᠢ ᠲᠠᠯ᠎ᠠ ᠨᠤᠭᠤᠳ ᠢ ᠡᠪᠯᠡᠷᠡᠭᠦᠯᠬᠦ᠂ ᠦᠢᠮᠡᠭᠡᠨ ᠰᠠᠮᠠᠭᠤᠨ ᠤ ᠬᠥᠯ ᠳᠥ ᠨᠡᠷᠪᠡᠭ᠍ᠳᠡᠭᠰᠡᠳ ᠪᠣᠯᠤᠨ ᠬᠦᠴᠦᠷᠬᠡᠢᠢᠯᠡᠯ ᠳᠥ ᠥᠷᠲᠦᠭᠰᠡᠨ ᠢᠷᠭᠡᠳ ᠲᠥ ᠬᠦᠮᠦᠨᠯᠢᠭ ᠦᠨ ᠲᠤᠰᠠᠯᠠᠮᠵᠢ᠂ ᠦᠢᠯᠡᠴᠢᠯᠡᠭᠡ ᠦᠵᠡᠭᠦᠯᠬᠦ ᠳᠥ ᠥᠨᠳᠥᠷ ᠦᠷ᠎ᠡ ᠳ᠋ᠦᠩ ᠲᠡᠢ ᠪᠠᠢᠢᠳᠠᠭ ᠢ ᠳᠤᠷᠠᠳᠪᠠ᠃

ᠮᠥᠨ ᠡᠩᠬᠡ ᠢᠢ ᠰᠠᠬᠢᠭᠤᠯᠬᠤ ᠠᠵᠢᠯᠯᠠᠭᠠᠨ ᠳᠤ ᠣᠷᠣᠯᠴᠠᠵᠤ᠂ ᠳᠠᠶᠠᠩ ᠳᠡᠯᠡᠬᠡᠢ ᠢᠢᠨ ᠡᠩᠬᠡ ᠲᠠᠢᠢᠪᠤᠩ᠂ ᠠᠶᠤᠯ ᠦᠭᠡᠢ ᠪᠠᠢᠢᠳᠠᠯ ᠢ ᠬᠠᠩ᠋ᠭᠠᠬᠤ ᠦᠢᠯᠡᠰ ᠲᠥ ᠬᠤᠪᠢ ᠨᠡᠮᠡᠷᠢ ᠣᠷᠣᠭᠤᠯᠤᠭᠰᠠᠨ ᠡᠩᠬᠡ ᠢᠢ ᠰᠠᠬᠢᠭᠤᠯᠤᠭᠴᠢ ᠨᠠᠷ ᠲᠤ ᠳᠤᠷᠠᠰᠬᠠᠯ ᠤᠨ ᠵᠦᠢᠯ ᠭᠠᠷᠳᠠᠭᠤᠯᠤᠯ᠎ᠠ᠃
ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ 2000 ᠣᠨ ᠳᠤ 《ᠡᠮᠡᠭᠲᠡᠢᠢᠴᠦᠳ᠂ ᠡᠩᠬᠡ ᠲᠠᠢᠢᠪᠤᠩ᠂ ᠠᠶᠤᠯ ᠦᠭᠡᠢ ᠪᠠᠢᠢᠳᠠᠯ》 ᠲᠣᠭᠲᠠᠭᠠᠯ ᠭᠠᠷᠭᠠᠨ᠂ ᠡᠩᠬᠡ ᠢᠢ ᠰᠠᠬᠢᠭᠤᠯᠬᠤ᠂ ᠪᠦᠲᠦᠭᠡᠨ ᠪᠠᠢᠢᠭᠤᠯᠬᠤ ᠦᠢᠯᠡ ᠬᠡᠷᠡᠭ ᠲᠥ ᠡᠮᠡᠭᠲᠡᠢᠢᠴᠦᠳ ᠢ ᠢᠳᠡᠪᠬᠢᠲᠡᠢ ᠣᠷᠣᠯᠴᠠᠬᠤ ᠢᠢ ᠤᠷᠢᠶᠠᠯᠠᠭᠰᠠᠨ ᠶᠤᠮ᠃

ᠮᠣᠩ᠋ᠭᠣᠯ ᠤᠯᠤᠰ ᠤᠨ 872 ᠡᠮᠡᠭᠲᠡᠢ ᠠᠯᠪᠠ ᠬᠠᠭᠠᠭᠴᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠡᠩᠬᠡ ᠢᠢ ᠰᠠᠬᠢᠭᠤᠯᠬᠤ ᠪᠣᠯᠤᠨ ᠣᠯᠠᠨ ᠤᠯᠤᠰ ᠤᠨ ᠠᠵᠢᠯᠯᠠᠭᠠᠨ ᠳᠤ ᠡᠭᠦᠷᠭᠡ ᠭᠦᠢᠴᠡᠳᠭᠡᠭ᠍ᠰᠡᠨ ᠪᠥᠭᠡᠳ ᠴᠡᠷᠢᠭ ᠬᠠᠨᠳᠢᠪᠯᠠᠭᠴᠢ ᠣᠷᠣᠨ ᠨᠤᠭᠤᠳ ᠠᠴᠠ ᠡᠮᠡᠭᠲᠡᠢ ᠡᠩᠬᠡ ᠢᠢ ᠰᠠᠬᠢᠭᠤᠯᠤᠭᠴᠢᠳ ᠤᠨ ᠲᠣᠭ᠎ᠠ ᠪᠠᠷ 17 ᠳ᠋ᠤᠭᠠᠷ ᠲᠤ᠂ ᠵᠡᠭᠦᠨ ᠬᠣᠢᠢᠳ ᠠᠽᠢ ᠳᠤ ᠨᠢᠭᠡᠳᠦᠭᠡᠷ ᠲᠥ ᠡᠷᠢᠮᠪᠡᠯᠡᠭᠳᠡᠵᠦ ᠪᠠᠢᠢᠨ᠎ᠠ᠃

ᠠᠹᠷᠢᠺ ᠲᠢᠢᠪ ᠲᠥ ᠴᠡᠷᠢᠭ ᠦᠨ ᠠᠵᠢᠭᠯᠠᠭᠴᠢ᠂ ᠣᠳᠣ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠡᠩᠬᠡ ᠢᠢ ᠰᠠᠬᠢᠭᠤᠯᠬᠤ ᠠᠵᠢᠯᠯᠠᠭᠠᠨ ᠤ ᠲᠥᠪ ᠱᠲ᠋ᠠᠪ ᠲᠤ ᠬᠡᠯᠲᠡᠰ ᠦᠨ ᠳᠠᠷᠤᠭ᠎ᠠ ᠪᠠᠷ ᠠᠵᠢᠯᠯᠠᠵᠤ ᠪᠠᠢᠢᠭ᠎ᠠ ᠠᠩᠬᠠᠨ ᠤ ᠡᠮᠡᠭᠲᠡᠢ ᠡᠩᠬᠡ ᠢᠢ ᠰᠠᠬᠢᠭᠤᠯᠤᠭᠴᠢ ᠬᠤᠷᠠᠨᠳᠠ ᠨ ∙ ᠨᠢᠮᠠᠵᠢᠷᠭᠠᠯ᠂ ᠴᠡᠷᠢᠭ ᠦᠨ ᠪᠠᠭ ᠤᠨ ᠵᠠᠬᠢᠷᠤᠭᠴᠢ ᠪᠠᠷ ᠠᠵᠢᠯᠯᠠᠭᠰᠠᠨ ᠪᠡᠯᠡᠳᠬᠡᠯ ᠳᠡᠳ᠋ ᠬᠤᠷᠠᠨᠳᠠ ᠭ ∙ ᠲᠤᠩ᠋ᠭᠠᠮᠠ᠂ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠴᠠᠭᠳᠠᠭ᠎ᠠ ᠢᠢᠨ ᠠᠵᠢᠯᠲᠠᠨ ᠢᠶᠠᠷ ᠠᠩᠬ᠎ᠠ ᠤᠳᠠᠭ᠎ᠠ ᠪᠡᠶ᠎ᠡ ᠳᠠᠭᠠᠭᠠᠠ ᠡᠭᠦᠷᠭᠡ ᠭᠦᠢᠴᠡᠳᠭᠡᠭ᠍ᠰᠡᠨ ᠴᠠᠭᠳᠠᠭ᠎ᠠ ᠢᠢᠨ ᠳᠡᠳ᠋ ᠬᠤᠷᠠᠨᠳᠠ ᠳ ∙ ᠡᠩᠬᠡᠵᠢᠷᠭᠠᠯ᠂ ᠴᠡᠷᠢᠭ ᠦᠨ ᠬᠡᠭᠡᠷ᠎ᠡ ᠢᠢᠨ 2 ᠳ᠋ᠤᠭᠠᠷ ᠱᠠᠲᠤᠨ ᠤ ᠡᠮᠨᠡᠯᠭᠡ ᠢᠢᠨ ᠪᠠᠭ ᠲᠤ ᠡᠭᠦᠷᠭᠡ ᠭᠦᠢᠴᠡᠳᠭᠡᠭ᠍ᠰᠡᠨ ᠬᠢᠯᠢ ᠢᠢᠨ ᠴᠡᠷᠢᠭ ᠦᠨ 0151 ᠳ᠋ᠦ᠋ᠭᠡᠷ ᠠᠩ᠋ᠭᠢ ᠢᠢᠨ ᠶᠡᠬᠡ ᠡᠮᠴᠢ᠂ ᠠᠬᠠᠯᠠᠬᠤ ᠳᠡᠰᠯᠡᠭᠴᠢ ᠳ᠃ ᠠᠷᠢᠭᠤᠨᠵᠢᠷᠭᠠᠯ ᠨᠠᠷ ᠤᠨ ᠪᠦᠰᠡᠭᠦᠢᠢᠴᠦᠳ ᠡᠮᠡᠭᠲᠡᠢ ᠴᠡᠷᠢᠭ ᠦᠨ ᠠᠯᠪᠠ ᠬᠠᠭᠠᠭᠴᠢᠳ ᠡᠩᠬᠡ ᠢᠢ ᠰᠠᠬᠢᠭᠤᠯᠬᠤ ᠠᠵᠢᠯᠯᠠᠭᠠᠨ ᠳᠤ ᠤᠷᠤᠯᠴᠠᠬᠤ ᠱᠠᠩ ᠢ ᠲᠠᠲᠠᠭᠰᠠᠨ ᠲᠡᠦᠬᠡ ᠲᠡᠢ᠃
ᠡᠮᠡᠭᠲᠡᠢ ᠡᠩᠬᠡ ᠢᠢ ᠰᠠᠬᠢᠭᠤᠯᠤᠭᠴᠢᠳ ᠤᠨ ᠠᠩᠬᠠᠳᠠᠭᠴᠢ ᠢᠢᠨ ᠨᠢᠭᠡ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠰᠤᠷᠭᠠᠯᠲᠠ ᠪᠡᠯᠡᠳᠬᠡᠯ ᠦᠨ ᠭᠠᠵᠠᠷ ᠤᠨ ᠳᠠᠷᠤᠭ᠎ᠠ ᠭᠠᠩᠪᠣᠯᠣᠳ ᠤᠨ ᠪᠣᠯᠣᠷ ᠲᠤ ᠴᠡᠷᠢᠭ ᠦᠨ ᠳᠡᠭᠡᠳᠦ ᠴᠣᠯᠠ- 《ᠪᠠᠷᠢᠭᠠᠳ᠋ ᠢᠢᠨ ᠭᠧᠨᠧᠷᠠᠯ》 ᠴᠣᠯᠠ ᠬᠦᠷᠲᠡᠭᠡᠭ᠍ᠰᠡᠨ ᠢᠶᠡᠷ ᠮᠣᠩ᠋ᠭᠣᠯ ᠤᠯᠤᠰ ᠤᠨ ᠲᠡᠦᠬᠡᠨ ᠳᠥ ᠠᠩᠬᠠᠨ ᠤ ᠡᠮᠡᠭᠲᠡᠢ ᠭᠧᠨᠧᠷᠠᠯ ᠲᠦᠷᠦᠭᠰᠡᠨ᠃

ᠡᠨᠡ ᠨᠢ ᠵᠡᠪᠰᠡᠭᠲᠦ ᠬᠦᠴᠦᠨ ᠦ ᠡᠭᠦᠷᠭᠡ ᠵᠣᠷᠢᠭᠤᠯᠤᠯᠲᠠ᠂ ᠪᠡᠶ᠎ᠡ ᠪᠦᠷᠢᠯᠳᠦᠬᠦᠨ ᠦ ᠪᠦᠲᠦᠴᠡ ᠳᠥ ᠭᠠᠷᠴᠤ ᠪᠤᠢ ᠰᠢᠨ᠎ᠡ ᠴᠢᠭ᠌ ᠬᠠᠨᠳᠤᠯᠭ᠎ᠠ ᠢᠢᠨ ᠢᠯᠡᠷᠬᠡᠢᠢᠯᠡᠯ ᠲᠡᠳᠦᠢ ᠦᠭᠡᠢ ᠠᠶᠤᠯ ᠦᠭᠡᠢ ᠪᠠᠢᠢᠳᠠᠯ᠂ ᠲᠤᠰᠠᠭᠠᠷ ᠲᠣᠭᠲᠠᠨᠢᠯ ᠤᠨ ᠲᠥᠯᠦᠭᠡᠬᠢ ᠦᠢᠯᠡ ᠬᠡᠷᠡᠭ ᠲᠥ ᠡᠷᠡᠴᠦᠳ ᠲᠡᠢ ᠮᠥᠷᠥ ᠵᠡᠷᠭᠡᠴᠡᠨ ᠵᠢᠳᠬᠦᠵᠦ ᠪᠤᠢ ᠡᠮᠡᠭᠲᠡᠢᠢᠴᠦᠳ ᠦᠨ ᠡᠷ᠎ᠡ ᠵᠣᠷᠢᠭ᠂ ᠬᠢᠴᠢᠶᠡᠯ ᠵᠢᠳᠬᠦᠯ ᠢ ᠦᠨᠡᠯᠡᠭᠰᠡᠨ ᠬᠡᠷᠡᠭ ᠶᠤᠮ᠃