Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨᠠ᠎ᠠ ᠢᠢᠨ ᠬᠦᠷᠡᠯᠰᠦ᠋ᠬᠡ ᠬᠡᠨᠲᠡᠢ ᠠᠢᠢᠮᠠᠭ ᠲᠤ ᠠᠵᠢᠯᠯᠠᠵᠤ ᠪᠠᠢᠢᠨ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨᠠ᠎ᠠ ᠢᠢᠨ ᠬᠦᠷᠡᠯᠰᠦ᠋ᠬᠡ ᠬᠡᠨᠲᠡᠢ ᠠᠢᠢᠮᠠᠭ ᠲᠤ ᠠᠵᠢᠯᠯᠠᠵᠤ ᠪᠠᠢᠢᠨ᠎ᠠ᠃ ᠡᠨᠡ ᠦᠶ᠎ᠡ ᠪᠡᠷ ᠢᠶᠡᠨ ᠬᠡᠨᠲᠡᠢ ᠠᠢᠢᠮᠠᠭ ᠤᠨ ᠮᠥᠷᠡᠨ ᠰᠤᠮᠤ ᠢᠢᠨ ᠨᠣᠭᠣᠭᠠᠨ ᠤ ᠲᠠᠯᠠᠪᠠᠢ᠂ ᠤᠰᠤᠯᠠᠭᠠᠨ ᠤ ᠰᠢᠰᠲ᠋ᠧᠮ ᠦᠨ ᠰᠠᠭᠤᠷᠢ ᠪᠠᠭᠠᠵᠠ ᠪᠠᠷ ᠣᠷᠣᠵᠤ᠂ ᠲᠠᠷᠢᠶᠠᠯᠠᠩ ᠡᠷ᠍ᠡ᠍ᠭ᠍ᠯᠡᠭᠴᠢᠳ ᠲᠡᠢ ᠠᠭᠤᠯᠵᠠᠯ᠎ᠠ᠃

ᠢᠷᠡᠬᠦ ᠲᠠᠪᠤᠨ ᠵᠢᠯ ᠳᠥ ᠭᠣᠣᠯ ᠨᠡᠷ᠎ᠡ ᠢᠢᠨ 19 ᠲᠥᠷᠦᠯ ᠦᠨ ᠬᠦᠨᠡᠰᠦᠨ ᠦ ᠪᠦᠲᠦᠭᠡᠭ᠍ᠳᠡᠬᠦᠨ ᠢᠶᠡᠷ ᠬᠡᠷᠡᠭᠴᠡᠭᠡ ᠪᠡᠨ ᠪᠥᠷᠢᠨ ᠬᠠᠩ᠋ᠭᠠᠵᠤ᠂ ᠮᠠᠯ ᠠᠵᠤ ᠠᠬᠤᠢ᠂ ᠭᠠᠵᠠᠷ ᠲᠠᠷᠢᠶᠠᠯᠠᠩ᠋  ᠢᠶᠠᠨ ᠡᠷᠴᠢᠮᠵᠢᠭᠦᠯᠦᠨ ᠬᠥᠭ᠍ᠵᠢᠭᠦᠯᠬᠦ ᠵᠣᠷᠢᠯᠲᠠ ᠢᠢᠨ ᠬᠦᠷᠢᠶᠡᠨ ᠳᠥ ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ ᠢ ᠬᠠᠩ᠋ᠭᠠᠬᠤ ᠲᠠᠯ᠎ᠠ ᠪᠠᠷ ᠠᠪᠬᠤ ᠵᠠᠷᠢᠮ ᠠᠷᠭ᠎ᠠ ᠬᠡᠮᠵᠢᠶᠡᠨ ᠦ ᠲᠤᠬᠠᠢ ᠤᠯᠤᠰ ᠤᠨ ᠶᠡᠬᠡ ᠬᠤᠷᠠᠯ ᠤᠨ ᠲᠣᠭᠲᠠᠭᠠᠯ ᠤᠨ ᠲᠥᠰᠦᠯ ᠢ ᠴᠢᠭᠤᠯᠭᠠᠨ ᠢᠶᠠᠷ ᠬᠡᠯᠡᠯᠴᠡᠭᠦᠯᠵᠦ ᠪᠠᠢᠢᠭ᠎ᠠ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠡᠯᠡᠯ᠎ᠡ᠃ ᠮᠥᠨ ᠬᠦᠨᠡᠰᠦ ᠪᠡᠨ ᠳᠣᠲᠣᠭᠠᠳᠤ ᠠᠴᠠ ᠪᠥᠷᠢᠨ ᠬᠠᠩ᠋ᠭᠠᠳᠠᠭ ᠪᠣᠯᠬᠤ ᠢᠢᠨ ᠲᠤᠯᠠᠳᠠ ᠲᠥᠷᠦ᠂ ᠵᠠᠰᠠᠭ ᠠᠴᠠ ᠪᠣᠯᠤᠮᠵᠢ ᠲᠠᠢ ᠪᠦᠬᠦ ᠲᠠᠯ᠎ᠠ ᠢᠢᠨ ᠳᠡᠮᠵᠢᠯᠭᠡ᠂ ᠲᠤᠰᠠᠯᠠᠯᠴᠠᠭ᠎ᠠ ᠦᠵᠡᠭᠦᠯᠦᠨ᠎ᠡ ᠭᠡᠳᠡᠭ ᠢ ᠣᠨᠴᠠᠯᠠᠪᠠ᠃
ᠮᠥᠷᠡᠨ ᠰᠤᠮᠤ ᠢᠢᠨ ᠬᠢᠨ ᠮᠥᠷᠡᠨ ᠭᠣᠣᠯ ᠢᠶᠠᠨ ᠲᠦᠰᠢᠭᠯᠡᠨ 1944 ᠣᠨ ᠠᠴᠠ ᠡᠷᠳᠡᠨᠢ ᠠᠭᠤᠯᠠ ᠢᠢᠨ ᠵᠡᠭᠦᠨ ᠲᠠᠯ᠎ᠠ ᠳᠤ ᠲᠥᠮᠥᠰᠥ᠂ ᠬᠦᠨᠡᠰᠦᠨ ᠦ ᠨᠣᠭᠣᠭ᠎ᠠ ᠪᠠᠭ᠎ᠠ ᠬᠡᠮᠵᠢᠶᠡᠨ ᠳᠥ ᠲᠠᠷᠢᠶᠠᠯᠠᠵᠤ ᠡᠬᠢᠯᠡᠭᠰᠡᠨ ᠡᠴᠡ ᠬᠣᠢᠢᠰᠢ 78 ᠳᠠᠬᠢ ᠵᠢᠯ ᠳᠥ ᠪᠡᠨ ᠲᠠᠷᠢᠶᠠᠯᠠᠯᠲᠠ ᠪᠠᠨ ᠡᠬᠢᠯᠡᠵᠡᠢ᠃

ᠰᠤᠮᠤ ᠢᠢᠨ 102 ᠡᠷᠦᠬᠡ ᠢᠢᠨ 155 ᠨᠣᠭᠣᠭᠠᠴᠢᠨ᠂ ᠭᠤᠷᠪᠠᠨ ᠠᠵᠤ ᠠᠬᠤᠢ ᠢᠢᠨ ᠨᠢᠭᠡᠴᠡ ᠮᠠᠯ ᠤᠨ ᠲᠡᠵᠢᠭᠡᠯ᠂ ᠷᠠᠫᠰ᠂ ᠤᠯᠠᠭᠠᠨ ᠪᠤᠭᠤᠳᠠᠢ᠂ ᠲᠥᠮᠦᠰᠦ᠂ ᠬᠦᠨᠡᠰᠦᠨ ᠦ ᠨᠣᠭᠣᠭ᠎ᠠ᠂ ᠬᠣᠶᠠᠷ ᠢᠷᠭᠡᠨ ᠴᠢᠴᠠᠷᠭᠠᠨ᠎ᠠ ᠲᠠᠷᠢᠶᠠᠯᠠᠵᠤ ᠪᠠᠢᠢᠨ᠎ᠠ᠃

2018 ᠣᠨ ᠠᠴᠠ ᠬᠦᠯᠡᠮᠵᠢ ᠢᠢᠨ ᠠᠵᠤ ᠠᠬᠤᠢ ᠡᠷᠬᠢᠯᠡᠵᠦ ᠪᠠᠢᠢᠭ᠎ᠠ ᠪᠥᠭᠡᠳ 594 ᠮᠢ‍.ᠺᠸᠠᠳ᠋ᠷᠠᠲ ᠲᠠᠯᠠᠪᠠᠢ ᠪᠦᠬᠦᠢ 16 ᠬᠦᠯᠡᠮᠵᠢ ᠲᠡᠢ᠃ ᠣᠯᠠᠨ ᠤᠯᠤᠰ ᠤᠨ ᠪᠠᠢᠢᠭᠤᠯᠤᠯᠭ᠎ᠠ ᠢᠢᠨ ᠳᠡᠮᠵᠢᠯᠭᠡ ᠲᠡᠢ ᠪᠡᠷ 128 ᠮᠢ‍.ᠺᠸᠠᠳ᠋ᠷᠠᠲ ᠭᠤᠷᠪᠠᠨ ᠤᠯᠠᠷᠢᠯ ᠤᠨ ᠬᠦᠯᠡᠮᠵᠢ ᠢᠢ 2019 ᠣᠨ ᠳᠤ ᠪᠠᠷᠢᠵᠤ ᠡᠨᠡ ᠵᠢᠯ ᠡᠴᠡ ᠠᠰᠢᠭᠯᠠᠵᠤ ᠡᠬᠢᠯᠡᠵᠡᠢ᠃

ᠬᠡᠳᠦᠢ ᠪᠡᠷ 100 ᠲᠣᠨ᠋ᠨ ᠤ ᠬᠦᠴᠦᠨ ᠴᠢᠳᠠᠯ ᠲᠠᠢ ᠵᠣᠭᠣᠷᠢ ᠲᠠᠢ ᠴᠤ ᠴᠢᠨᠠᠭᠰᠢᠳᠠ ᠦᠷᠭᠡᠳᠭᠡᠬᠦ᠂ ᠠᠢᠢᠮᠠᠭ ᠤᠨ ᠲᠥᠪ ᠲᠥ ᠨᠣᠭᠣᠭ᠎ᠠ ᠢᠢ ᠪᠠᠨ ᠬᠤᠳᠠᠯᠳᠤᠨ ᠪᠣᠷᠣᠯᠠᠭᠤᠯᠬᠤ ᠪᠠᠢᠢᠩ᠋ᠭᠤ ᠢᠢᠨ ᠴᠡᠭ ᠲᠡᠢ ᠪᠣᠯᠬᠤ ᠱᠠᠭᠠᠷᠳᠠᠯᠭ᠎ᠠ ᠪᠠᠢᠢᠭ᠎ᠠ ᠢᠢ ᠨᠣᠭᠣᠭᠠᠴᠢᠳ ᠬᠡᠯᠡᠵᠦ ᠪᠠᠢᠢᠯ᠎ᠠ᠃ ᠮᠥᠨ 60 ᠭᠠ‍ ᠲᠠᠷᠢᠶᠠᠯᠠᠩ ᠤᠨ ᠲᠠᠯᠠᠪᠠᠢ ᠢᠢᠨ ᠤᠰᠤᠯᠠᠭᠠᠨ ᠤ ᠰᠢᠰᠲ᠋ᠧᠮ ᠦᠨ ᠰᠠᠭᠤᠷᠢ ᠪᠠᠭᠠᠵᠢ ᠢᠢ ᠰᠢᠨᠡᠴᠢᠯᠡᠨ ᠵᠠᠰᠠᠪᠤᠷᠢᠯᠠᠭᠰᠠᠨ ᠢᠶᠠᠷ ᠡᠷᠭᠢᠯᠲᠡ ᠢᠢᠨ ᠲᠠᠯᠠᠪᠠᠢ ᠢᠢ 200 ᠭᠠ‍ ᠪᠣᠯᠭᠠᠵᠤ ᠲᠡᠯᠡᠬᠦ ᠪᠣᠯᠤᠮᠵᠢ ᠲᠠᠢ ᠭᠡᠳᠡᠭ ᠢ ᠲᠠᠨᠢᠯᠴᠠᠭᠤᠯᠵᠤ᠂ ᠳᠡᠮᠵᠢᠯᠭᠡ ᠬᠡᠷᠡᠭᠲᠡᠢ ᠪᠠᠢᠢᠭ᠎ᠠ ᠲᠤᠬᠠᠢ ᠶᠠᠷᠢᠯ᠎ᠠ᠃

ᠬᠦᠨᠡᠰᠦ᠂ ᠬᠥᠳᠡᠭᠡ ᠠᠵᠤ ᠠᠬᠤᠢ᠂ ᠬᠥᠩ᠋ᠭᠡᠨ ᠦᠢᠯᠡᠳᠪᠦᠷᠢ ᠢᠢᠨ ᠶᠠᠮᠤᠨ ᠠᠴᠠ ᠰᠤᠮᠤ ᠢᠢᠨ ᠲᠠᠷᠢᠶᠠᠯᠠᠩᠴᠢᠳ ᠲᠤ ᠵᠣᠷᠢᠭᠤᠯᠵᠤ 90 ᠮᠣᠷᠢᠨ ᠤ ᠬᠦᠴᠦᠲᠡᠢ ᠲᠷᠠᠺᠲ᠋ᠣᠷ᠂ ᠠᠨᠵᠢᠰᠤ᠂ ᠪᠣᠷᠨᠨᠠᠢ᠂ ᠴᠢᠷᠭᠡᠦᠯ ᠢ ᠬᠦᠯᠢᠶᠡᠯᠭᠡᠨ ᠥᠭ᠍ᠪᠡ᠃ ᠴᠢᠨᠠᠭᠰᠢᠳᠠ ᠮᠥᠷᠡᠨ ᠰᠤᠮᠤ ᠢᠢᠨ ᠬᠦᠨᠡᠰᠦᠨ ᠦ ᠨᠣᠭᠣᠭᠠᠨ ᠤ ᠲᠠᠯᠠᠪᠠᠢ ᠢᠢᠨ ᠤᠰᠤᠯᠠᠭᠠᠨ ᠤ ᠰᠢᠰᠲ᠋ᠧᠮ ᠦᠨ ᠰᠠᠭᠤᠷᠢ ᠪᠠᠭᠠᠵᠢ ᠢᠢ ᠪᠥᠷᠢᠨ ᠰᠢᠨᠡᠴᠢᠯᠡᠬᠦ ᠪᠡᠷ ᠪᠣᠯᠤᠭᠰᠠᠨ ᠢ ᠬᠦᠨᠡᠰᠦ᠂ ᠬᠥᠳᠡᠭᠡ ᠠᠵᠤ ᠠᠬᠤᠢ᠂ ᠬᠥᠩ᠋ᠭᠡᠨ ᠦᠢᠯᠡᠳᠪᠦᠷᠢ ᠢᠢᠨ ᠰᠠᠢᠢᠳ ᠽ ∙ ᠮᠡᠨᠳᠦᠰᠠᠢᠢᠬᠠᠨ ᠬᠡᠯᠡᠪᠡ᠃

ᠬᠡᠨᠲᠡᠢ ᠠᠢᠢᠮᠠᠭ ᠤᠨ ᠮᠥᠷᠡᠨ ᠰᠤᠮᠤ 2021 ᠣᠨ ᠳᠤ 678 ᠲᠣᠨ᠋ᠨ ᠲᠥᠮᠥᠰᠥ᠂ 548 ᠲᠣᠨ᠋ᠨ ᠬᠦᠨᠡᠰᠦᠨ ᠦ ᠨᠣᠭᠣᠭ᠎ᠠ ᠬᠤᠷᠢᠶᠠᠨ ᠠᠪᠤᠭᠰᠠᠨ ᠪᠠᠢᠢᠨ᠎ᠠ᠃ 2010᠂ 2014 ᠣᠨ ᠳᠤ ᠤᠯᠤᠰ ᠤᠨ ᠠᠪᠤᠷᠭᠤ ᠲᠠᠷᠢᠶᠠᠯᠠᠩᠴᠢ ᠰᠤᠮᠤ᠂ 2017᠂ 2020 ᠣᠨ ᠳᠤ ᠲᠠᠷᠢᠶᠠᠯᠠᠩᠴᠢ ᠰᠤᠮᠤ ᠪᠠᠷ ᠰᠢᠯᠭᠠᠷᠴᠢ ᠪᠠᠢᠢᠴᠠᠢ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨᠠ᠎ᠠ ᠢᠢᠨ ᠬᠦᠷᠡᠯᠰᠦ᠋ᠬᠡ ᠮᠥᠨ ᠡᠳᠦᠷ ᠬᠡᠨᠲᠡᠢ ᠠᠢᠢᠮᠠᠭ ᠤᠨ ᠲᠥᠷᠦ᠂ ᠵᠠᠬᠢᠷᠭᠠᠨ ᠤ ᠪᠠᠢᠢᠭᠤᠯᠤᠯᠭ᠎ᠠ ᠢᠢᠨ ᠠᠯᠪᠠᠨ ᠬᠠᠭᠠᠭᠴᠢᠳ ᠪᠣᠯᠤᠨ ᠢᠷᠭᠡᠳ ᠲᠡᠢ ᠠᠭᠤᠯᠵᠠᠨ᠎ᠠ᠃