ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠡᠨᠲᠡᠢ ᠠᠢᠢᠮᠠᠭ ᠲᠤ ᠠᠵᠢᠯᠯᠠᠬᠤ ᠦᠶ᠎ᠡ ᠪᠡᠷ ᠢᠶᠡᠨ ᠬᠡᠷᠯᠡᠨ ᠰᠤᠮᠤ ᠢᠢᠨ ᠨᠤᠲᠤᠭ ᠲᠤ ᠬᠡᠷᠡᠭᠵᠢᠬᠦ 《ᠬᠦᠨᠡᠰᠦᠨ ᠦ ᠨᠣᠭᠣᠭᠠᠨ ᠤ ᠦᠢᠯᠡᠳᠪᠦᠷᠢᠯᠡᠯ ᠪᠠ ᠤᠰᠤᠯᠠᠭ᠎ᠠ ᠲᠠᠢ ᠭᠠᠵᠠᠷ ᠲᠠᠷᠢᠶᠠᠯᠠᠩ》 ᠲᠥᠰᠥᠯ ᠦᠨ ᠶᠠᠪᠤᠴᠠ ᠲᠠᠢ ᠲᠠᠨᠢᠯᠴᠠᠯ᠎ᠠ᠃
ᠠᠽᠢ ᠢᠢᠨ ᠬᠥᠭ᠍ᠵᠢᠯ ᠦᠨ ᠪᠠᠩᠬᠢ᠂ ᠶᠠᠳᠠᠭᠤᠷᠠᠯ ᠢ ᠪᠠᠭᠤᠷᠠᠭᠤᠯᠬᠤ ᠶᠠᠫᠣᠨ ᠤ ᠰᠠᠭᠭ ᠪᠣᠯᠤᠨ ᠵᠠᠰᠠᠭ ᠤᠨ ᠭᠠᠵᠠᠷ ᠬᠠᠮᠲᠤᠷᠠᠨ ᠬᠦᠨᠡᠰᠦᠨ ᠦ ᠨᠣᠭᠣᠭᠠᠨ ᠤ 700 ᠭᠠ᠂ ᠲᠠᠯᠠᠪᠠᠢ ᠢᠢ ᠤᠰᠤᠵᠢᠭᠤᠯᠬᠤ ᠪᠠᠷ 2019 ᠣᠨ ᠠᠴᠠ ᠰᠤᠳᠤᠯᠭ᠎ᠠ ᠬᠢᠭ᠍ᠰᠡᠨ ᠪᠥᠭᠡᠳ ᠬᠣᠶᠠᠷ ᠵᠢᠯ ᠦᠨ ᠳᠠᠷᠠᠭ᠎ᠠ ᠠᠰᠢᠭᠯᠠᠯᠲᠠ ᠳᠤ ᠣᠷᠣᠭᠤᠯᠬᠤ ᠶᠤᠮ᠃
ᠲᠥᠰᠥᠯ ᠬᠡᠷᠡᠭᠵᠢᠭᠰᠡᠨ ᠢᠶᠡᠷ ᠰᠡᠭᠦᠯ ᠦᠨ ᠦᠶ᠎ᠡ ᠢᠢᠨ ᠳᠡᠪᠰᠢᠯᠲᠡᠲᠦ ᠲᠧᠭᠨᠣᠯᠣᠭᠢ ᠨᠡᠪᠲᠡᠷᠡᠬᠦ᠂ ᠬᠦᠨᠡᠰᠦᠨ ᠦ ᠨᠣᠭᠣᠭᠠᠨ ᠤ ᠲᠠᠷᠢᠶᠠᠯᠠᠬᠤ ᠲᠠᠯᠠᠪᠠᠢ ᠢᠢᠨ ᠪᠣᠯᠤᠨ ᠬᠤᠷᠢᠶᠠᠨ ᠠᠪᠬᠤ ᠤᠷᠭᠤᠴᠠ ᠢᠢᠨ ᠬᠡᠮᠵᠢᠶ᠎ᠡ ᠣᠳᠣ ᠢᠢᠨ ᠬᠢ ᠠᠴᠠ 5-6 ᠳᠠᠬᠢᠨ ᠨᠡᠮᠡᠭᠳᠡᠬᠦ᠂ ᠲᠠᠷᠢᠶᠠᠯᠠᠬᠤ ᠲᠠᠷᠢᠮᠠᠯ ᠤᠨ ᠲᠥᠷᠥᠯ ᠵᠦᠢᠯ ᠨᠡᠮᠡᠭᠳᠡᠬᠦ᠂ ᠰᠢᠨ᠎ᠡ ᠲᠠᠷᠢᠮᠠᠯ ᠰᠣᠷᠲ ᠤᠳ ᠢ ᠨᠤᠲᠤᠭᠰᠢᠭᠤᠯᠬᠤ᠂ ᠴᠢᠩ᠋ᠭᠢᠰ ᠬᠣᠲᠠ ᠪᠣᠯᠤᠨ ᠣᠢᠢᠷ᠎ᠠ ᠢᠢᠨ ᠰᠤᠮᠤ ᠳᠤ᠂ ᠳᠣᠷᠣᠨᠠᠲᠤ᠂ ᠰᠦᠬᠡᠪᠠᠭᠠᠲᠤᠷ ᠠᠢᠢᠮᠠᠭ ᠲᠤ ᠪᠦᠲᠦᠭᠡᠭ᠍ᠳᠡᠬᠦᠨ ᠢᠶᠡᠨ ᠨᠡᠢᠢᠯᠡᠭᠦᠯᠬᠦ᠂ ᠬᠦᠨᠡᠰᠦᠨ ᠦ ᠨᠠᠷᠢᠨ ᠨᠣᠭᠣᠭᠠᠨ ᠤ ᠦᠷ᠎ᠡ ᠦᠢᠯᠡᠳᠪᠦᠷᠢᠯᠡᠬᠦ ᠪᠣᠯᠤᠮᠵᠢ ᠪᠥᠷᠢᠳᠦᠨ᠎ᠡ᠃
ᠲᠥᠰᠦᠯ ᠦᠨ ᠳᠠᠷᠠᠭᠠᠬᠢ ᠲᠠᠷᠢᠶᠠᠯᠠᠯᠳᠤ ᠬᠢᠬᠦ ᠢᠢᠨ ᠲᠤᠯᠠᠳᠠ ᠬᠥᠷᠦᠰᠥ ᠪᠣᠯᠪᠠᠰᠤᠷᠠᠭᠤᠯᠬᠤ ᠠᠴᠠ ᠡᠬᠢᠯᠡᠭᠡᠳ ᠲᠠᠷᠢᠶᠠᠯᠠᠬᠤ᠂ ᠤᠷᠭᠤᠯᠲᠠ ᠢᠢᠨ ᠦᠶ᠎ᠡ ᠢᠢᠨ ᠠᠷᠠᠴᠢᠯᠠᠭ᠎ᠠ᠂ ᠬᠤᠷᠢᠶᠠᠯᠲᠠ ᠬᠢᠬᠦ 100 ᠮᠣᠷᠢᠨ ᠠᠴᠠ ᠳᠡᠭᠡᠭ᠍ᠰᠢ ᠬᠦᠴᠦᠨ ᠴᠢᠳᠠᠯ ᠲᠠᠢ ᠲᠷᠠᠺᠲ᠋ᠣᠷ᠂ ᠢᠵᠢ ᠪᠥᠷᠢᠨ ᠲᠧᠭᠨᠢᠭ᠂ ᠲᠣᠨᠣᠭ ᠲᠥᠬᠦᠭᠡᠷᠦᠮᠵᠢ ᠱᠠᠭᠠᠷᠳᠠᠯᠭ᠎ᠠ ᠲᠠᠢ ᠪᠠᠢᠢᠨ᠎ᠠ᠃
ᠬᠡᠷᠯᠡᠨ ᠰᠤᠮᠤ ᠢᠢᠨ ᠬᠤᠪᠢ ᠳᠤ 60 ᠭᠠ᠂ ᠲᠠᠯᠠᠪᠠᠢ ᠳᠤ ᠲᠥᠮᠦᠰᠦ᠂ 36 ᠭᠠ᠂ ᠲᠠᠯᠠᠪᠠᠢ ᠳᠤ 13 ᠠᠵᠤ ᠠᠬᠤᠢ ᠢᠢᠨ ᠨᠢᠭᠡᠴᠡ᠂ ᠪᠠᠢᠢᠭᠤᠯᠤᠯᠭ᠎ᠠ᠂ ᠬᠣᠷᠰᠢᠶ᠎ᠠ᠂ ᠨᠥᠬᠥᠷᠯᠡᠯ᠂ 15 ᠢᠷᠭᠡᠨ ᠬᠦᠨᠡᠰᠦᠨ ᠦ ᠨᠣᠭᠣᠭ᠎ᠠ ᠲᠠᠷᠢᠶᠠᠯᠠᠵᠤ ᠪᠠᠢᠢᠨ᠎ᠠ᠃
ᠲᠠᠷᠢᠶᠠᠯᠠᠩᠴᠢᠳ ᠴᠢᠩ᠋ᠭᠢᠰ ᠬᠣᠲᠠ ᠢᠢᠨ ᠬᠦᠮᠦᠨ ᠠᠮᠠ ᠢᠢᠨ ᠲᠥᠮᠦᠰᠦᠨ ᠦ 57᠂ ᠬᠦᠨᠡᠰᠦᠨ ᠦ ᠨᠣᠭᠣᠭᠠᠨ ᠤ 28 ᠬᠤᠪᠢ ᠢ ᠬᠠᠩ᠋ᠭᠠᠳᠠᠭ ᠪᠥᠭᠡᠳ ᠣᠳᠣ ᠢᠢᠨ ᠲᠠᠷᠢᠶᠠᠯᠠᠵᠤ ᠪᠠᠢᠢᠭ᠎ᠠ ᠲᠠᠯᠠᠪᠠᠢ ᠢᠢ ᠲᠥᠮᠦᠰᠦᠨ ᠳᠥ 50 ᠭᠠ᠂ ᠬᠦᠨᠡᠰᠦᠨ ᠦ ᠨᠣᠭᠣᠭᠠᠨ ᠳᠤ 90 ᠭᠠᠷᠤᠢ ᠭᠠ᠂ ᠲᠠᠯᠠᠪᠠᠢ ᠪᠠᠷ ᠨᠡᠮᠡᠪᠡᠯ ᠳᠣᠲᠣᠭᠠᠳᠤ ᠢᠢᠨ ᠬᠡᠷᠡᠭᠴᠡᠭᠡ ᠪᠡᠨ 100 ᠬᠤᠪᠢ ᠬᠠᠩ᠋ᠭᠠᠬᠤ ᠪᠣᠯᠤᠮᠵᠢ ᠲᠠᠢ ᠶᠤᠮ᠃
5᠂854 ᠮᠢ.ᠺᠸᠠᠳ᠋ᠷᠠᠲ ᠲᠠᠯᠠᠪᠠᠢ ᠪᠦᠬᠦᠢ 76 ᠰᠢᠷᠬᠡᠭ᠌ ᠵᠤᠨ ᠤ ᠬᠦᠯᠡᠮᠵᠢ᠂ 680 ᠮᠢ.ᠺᠸᠠᠳ᠋ᠷᠠᠲ ᠍ ᠲᠤ ᠲᠠᠯᠠᠪᠠᠢ ᠪᠦᠬᠦᠢ ᠵᠢᠷᠭᠤᠭᠠᠨ ᠰᠢᠷᠬᠡᠭ᠌ ᠭᠤᠷᠪᠠᠨ ᠤᠯᠠᠷᠢᠯ ᠤᠨ ᠬᠦᠯᠡᠮᠵᠢᠨ ᠳᠤ ᠲᠠᠷᠢᠶᠠᠯᠠᠯᠲᠠ ᠬᠢᠵᠦ ᠪᠠᠢᠢᠨ᠎ᠠ᠃
1᠂195 ᠲᠣᠨ᠋ᠨ ᠤᠷᠭᠤᠴᠠ ᠬᠠᠳᠠᠭᠠᠯᠠᠬᠤ ᠵᠣᠭᠣᠷᠢ ᠲᠠᠢ ᠪᠣᠯᠪᠠᠴᠤ 250 ᠲᠣᠨ᠋ᠨ ᠤᠨ ᠵᠣᠭᠣᠷᠢ ᠢᠢ ᠨᠢ ᠠᠰᠢᠭᠯᠠᠬᠤ ᠪᠣᠯᠤᠮᠵᠢ ᠦᠭᠡᠢ ᠤᠴᠢᠷ ᠨᠡᠢᠢᠲᠡ ᠤᠷᠭᠤᠴᠠ ᠢᠢᠨ 65 ᠬᠤᠪᠢ ᠢ ᠬᠠᠳᠠᠭᠠᠯᠠᠳᠠᠭ᠃ ᠤᠷᠭᠤᠴᠠ ᠪᠠᠨ ᠪᠦᠷᠢᠨ ᠬᠠᠳᠠᠭᠠᠯᠠᠬᠤ ᠳᠤ 1᠂000 ᠲᠣᠨ᠋ᠨ᠂ ᠣᠷᠣᠨ ᠨᠤᠲᠤᠭ ᠤᠨ ᠬᠡᠷᠡᠭᠴᠡᠭᠡ ᠢᠢ ᠬᠠᠩ᠋ᠭᠠᠬᠤ ᠬᠡᠮᠵᠢᠶᠡᠨ ᠦ ᠲᠠᠷᠢᠶᠠᠯᠠᠯᠲᠠ ᠬᠢᠬᠦ ᠳᠥ 3᠂000 ᠲᠣᠨ᠋ᠨ– ᠍ ᠤᠨ ᠵᠣᠭᠣᠷᠢ ᠱᠠᠭᠠᠷᠳᠠᠯᠭ᠎ᠠ ᠲᠠᠢ ᠪᠠᠢᠢᠭ᠎ᠠ ᠲᠤᠬᠠᠢ ᠲᠠᠷᠢᠶᠠᠯᠠᠩᠴᠢᠳ ᠶᠠᠷᠢᠯ᠎ᠠ᠃
ᠴᠢᠨᠠᠭᠰᠢᠳᠠ ᠲᠥᠮᠥᠰᠥ᠂ ᠬᠦᠨᠡᠰᠦᠨ ᠦ ᠨᠣᠭᠣᠭᠠᠨ ᠤ ᠦᠢᠯᠡᠳᠪᠦᠷᠢᠯᠡᠯ ᠢ ᠳᠠᠭᠠᠳᠬᠠᠯ ᠲᠠᠢ ᠪᠣᠯᠭᠠᠬᠤ᠂ ᠡᠷᠦᠬᠡ ᠢᠢᠨ ᠬᠡᠷᠡᠭᠴᠡᠭᠡᠨ ᠳᠥ ᠦᠨ᠎ᠡ ᠲᠥᠯᠦᠪᠦᠷᠢ ᠦᠭᠡᠢ ᠣᠯᠭᠤᠳᠠᠭ 0᠂1 ᠭᠠ᠂ ᠲᠠᠯᠠᠪᠠᠢ ᠢᠢᠨ ᠬᠡᠮᠵᠢᠶ᠎ᠡ ᠢᠢ ᠨᠡᠮᠡᠭᠳᠡᠭᠦᠯᠬᠦ᠂ ᠲᠠᠷᠢᠶᠠᠯᠠᠩ ᠤᠨ ᠪᠥᠰᠡ ᠨᠤᠲᠤᠭ ᠲᠤ ᠵᠥᠪᠬᠡᠨ ᠡᠷᠴᠢᠮᠵᠢᠭᠰᠡᠨ ᠮᠠᠯ ᠠᠵᠤ ᠠᠬᠤᠢ ᠬᠥᠭ᠍ᠵᠢᠭᠦᠯᠬᠦ᠂ ᠲᠥᠷᠥ ᠡᠴᠡ ᠲᠣᠭᠲᠠᠪᠤᠷᠢᠲᠠᠢ ᠦᠨ᠎ᠡ ᠢᠢᠨ ᠪᠣᠳᠣᠯᠭ᠎ᠠ ᠪᠠᠷᠢᠮᠲᠠᠯᠠᠬᠤ ᠵᠡᠷᠭᠡ ᠳᠥ ᠠᠩᠬᠠᠷᠬᠤ ᠬᠦᠰᠡᠯᠲᠡ ᠭᠠᠷᠭᠠᠯ᠎ᠠ᠃
ᠡᠨᠡ ᠦᠶ᠎ᠡ ᠪᠡᠷ ᠬᠦᠨᠡᠰᠦ᠂ ᠬᠥᠳᠡᠭᠡ ᠠᠵᠤ ᠠᠬᠤᠢ᠂ ᠬᠥᠩ᠋ᠭᠡᠨ ᠦᠢᠯᠡᠳᠪᠦᠷᠢ ᠢᠢᠨ ᠶᠠᠮᠤᠨ ᠳᠤᠮᠳᠠ ᠢᠢᠨ ᠲᠧᠭᠨᠢᠭ ᠦᠢᠯᠡᠴᠢᠯᠡᠭᠡᠨ ᠦ ᠲᠥᠪ ᠲᠡᠢ ᠪᠣᠯᠭᠠᠬᠤ ᠵᠣᠷᠢᠯᠲᠠ ᠢᠢᠨ ᠡᠬᠢᠯᠡᠯ ᠪᠣᠯᠭᠠᠵᠤ ᠬᠡᠷᠯᠡᠨ ᠰᠤᠮᠤ ᠢᠢᠨ ᠨᠣᠭᠣᠭᠠᠴᠢᠳ ᠲᠤ 32 ᠮᠣᠷᠢᠨ ᠤ ᠬᠦᠴᠦᠲᠡᠢ ᠬᠣᠶᠠᠷ ᠲᠷᠠᠺᠲ᠋ᠣᠷ ᠬᠦᠯᠢᠶᠡᠯᠭᠡᠨ ᠥᠭ᠍ᠪᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠮᠥᠨ 《ᠬᠡᠨᠲᠡᠢ ᠲᠠᠷᠢᠶᠠᠯᠠᠩ》 ХХК ᠍ ᠦᠨ 《No-till》 ᠪᠤᠶᠤ ᠨᠥᠬᠥᠨ ᠰᠡᠷᠭᠡᠭ᠍ᠳᠡᠬᠦ ᠲᠧᠭᠨᠣᠯᠣᠭᠢ ᠢᠢ 2014 ᠣᠨ ᠠᠴᠠ ᠲᠤᠷᠰᠢᠵᠤ ᠪᠠᠢᠢᠭ᠎ᠠ ᠠᠵᠢᠯ ᠤᠨ ᠶᠠᠪᠤᠴᠠ ᠲᠠᠢ ᠲᠠᠨᠢᠯᠴᠠᠯ᠎ᠠ᠃
ᠲᠤᠰ ᠺᠣᠮᠫᠠᠨᠢ ᠭᠠ᠂ ᠠᠴᠠ ᠠᠪᠬᠤ ᠤᠷᠭᠤᠴᠠ ᠢᠢᠨ ᠬᠡᠮᠵᠢᠶ᠎ᠡ ᠢᠢ ᠨᠡᠮᠡᠭᠳᠡᠭᠦᠯᠬᠦ᠂ ᠲᠠᠯᠠᠪᠠᠢ ᠢᠢᠨ ᠠᠰᠢᠭᠯᠠᠯᠲᠠ ᠢᠢᠨ ᠰᠠᠢᠢᠵᠢᠷᠠᠭᠤᠯᠵᠤ ᠰᠡᠯᠭᠦᠭᠡᠨ ᠦ ᠨᠡᠷ᠎ᠡ ᠲᠥᠷᠥᠯ ᠢ ᠨᠡᠮᠡᠭᠳᠡᠭᠦᠯᠬᠦ᠂ ᠭᠠ᠂ ᠲᠠᠯᠠᠪᠠᠢ ᠢᠢᠨ ᠵᠠᠷᠤᠳᠠᠯ ᠢ ᠪᠠᠭᠠᠰᠭᠠᠬᠤ᠂ ᠤᠷᠭᠤᠮᠠᠯ ᠬᠠᠮᠠᠭᠠᠯᠠᠯ ᠤᠨ ᠪᠣᠳᠠᠰ ᠭᠧᠷᠪᠢᠼᠢᠳ᠋ ᠤᠨ ᠬᠡᠷᠡᠭᠯᠡᠭᠡ ᠢᠢ ᠪᠠᠭᠤᠷᠠᠭᠤᠯᠬᠤ᠂ ᠡᠺᠣ ᠬᠦᠨᠡᠰᠦ ᠦᠢᠯᠡᠳᠪᠦᠷᠢᠯᠡᠬᠦ ᠲᠧᠭᠨᠣᠯᠣᠭᠢ ᠪᠤᠢ ᠪᠣᠯᠭᠠᠬᠤ ᠢᠢ ᠵᠣᠷᠢᠵᠤ ᠪᠠᠢᠢᠨ᠎ᠠ᠃
ᠲᠧᠭᠨᠣᠯᠣᠭᠢ ᠨᠡᠪᠲᠡᠷᠡᠭᠰᠡᠨ ᠢᠶᠡᠷ ᠨᠢᠭᠡ ᠭᠠ᠂ ᠠᠴᠠ ᠳᠤᠮᠳᠠᠴᠢ ᠪᠠᠷ 25 ᠼᠧᠨ᠋ᠲ᠋ᠨᠧᠷ ᠦᠷ᠎ᠡ ᠲᠠᠷᠢᠶ᠎ᠠ ᠬᠤᠷᠢᠶᠠᠨ ᠠᠪᠬᠤ ᠪᠣᠯᠤᠮᠵᠢ ᠲᠠᠢ᠃ ᠡᠨᠡ ᠲᠧᠭᠨᠣᠯᠣᠭᠢ ᠢᠢ ᠬᠡᠨᠲᠡᠢ ᠠᠢᠢᠮᠠᠭ ᠤᠨ ᠰᠤᠮᠤ ᠳᠤ ᠲᠡᠳᠦᠢ ᠦᠭᠡᠢ ᠬᠥᠪᠰᠥᠭᠥᠯ᠂ ᠥᠪᠦᠷᠬᠠᠩ᠋ᠭᠠᠢ᠂ ᠠᠷᠤᠬᠠᠩ᠋ᠭᠠᠢ᠂ ᠳᠠᠷᠬᠠᠨ᠂ ᠰᠡᠯᠡᠩ᠋ᠭᠡ ᠠᠢᠢᠮᠠᠭ ᠲᠤ ᠨᠡᠪᠲᠡᠷᠡᠭᠦᠯᠵᠦ᠂ ᠲᠤᠷᠰᠢᠯᠲᠠ ᠬᠡᠯᠪᠡᠷᠢ ᠪᠡᠷ ᠲᠠᠷᠢᠶᠠᠯᠠᠵᠤ ᠡᠬᠢᠯᠡᠵᠡᠢ᠃
ᠶᠠᠪᠤᠴᠠ ᠲᠠᠢ ᠲᠠᠨᠢᠯᠴᠠᠯ᠎ᠠ᠃
ᠠᠽᠢ ᠢᠢᠨ ᠬᠥᠭ᠍ᠵᠢᠯ ᠦᠨ ᠪᠠᠩᠬᠢ᠂ ᠶᠠᠳᠠᠭᠤᠷᠠᠯ ᠢ ᠪᠠᠭᠤᠷᠠᠭᠤᠯᠬᠤ ᠶᠠᠫᠣᠨ ᠤ ᠰᠠᠭᠭ ᠪᠣᠯᠤᠨ ᠵᠠᠰᠠᠭ ᠤᠨ ᠭᠠᠵᠠᠷ ᠬᠠᠮᠲᠤᠷᠠᠨ ᠬᠦᠨᠡᠰᠦᠨ ᠦ ᠨᠣᠭᠣᠭᠠᠨ ᠤ 700 ᠭᠠ᠂ ᠲᠠᠯᠠᠪᠠᠢ ᠢᠢ ᠤᠰᠤᠵᠢᠭᠤᠯᠬᠤ ᠪᠠᠷ 2019 ᠣᠨ ᠠᠴᠠ ᠰᠤᠳᠤᠯᠭ᠎ᠠ ᠬᠢᠭ᠍ᠰᠡᠨ ᠪᠥᠭᠡᠳ ᠬᠣᠶᠠᠷ ᠵᠢᠯ ᠦᠨ ᠳᠠᠷᠠᠭ᠎ᠠ ᠠᠰᠢᠭᠯᠠᠯᠲᠠ ᠳᠤ ᠣᠷᠣᠭᠤᠯᠬᠤ ᠶᠤᠮ᠃
ᠲᠥᠰᠥᠯ ᠬᠡᠷᠡᠭᠵᠢᠭᠰᠡᠨ ᠢᠶᠡᠷ ᠰᠡᠭᠦᠯ ᠦᠨ ᠦᠶ᠎ᠡ ᠢᠢᠨ ᠳᠡᠪᠰᠢᠯᠲᠡᠲᠦ ᠲᠧᠭᠨᠣᠯᠣᠭᠢ ᠨᠡᠪᠲᠡᠷᠡᠬᠦ᠂ ᠬᠦᠨᠡᠰᠦᠨ ᠦ ᠨᠣᠭᠣᠭᠠᠨ ᠤ ᠲᠠᠷᠢᠶᠠᠯᠠᠬᠤ ᠲᠠᠯᠠᠪᠠᠢ ᠢᠢᠨ ᠪᠣᠯᠤᠨ ᠬᠤᠷᠢᠶᠠᠨ ᠠᠪᠬᠤ ᠤᠷᠭᠤᠴᠠ ᠢᠢᠨ ᠬᠡᠮᠵᠢᠶ᠎ᠡ ᠣᠳᠣ ᠢᠢᠨ ᠬᠢ ᠠᠴᠠ 5-6 ᠳᠠᠬᠢᠨ ᠨᠡᠮᠡᠭᠳᠡᠬᠦ᠂ ᠲᠠᠷᠢᠶᠠᠯᠠᠬᠤ ᠲᠠᠷᠢᠮᠠᠯ ᠤᠨ ᠲᠥᠷᠥᠯ ᠵᠦᠢᠯ ᠨᠡᠮᠡᠭᠳᠡᠬᠦ᠂ ᠰᠢᠨ᠎ᠡ ᠲᠠᠷᠢᠮᠠᠯ ᠰᠣᠷᠲ ᠤᠳ ᠢ ᠨᠤᠲᠤᠭᠰᠢᠭᠤᠯᠬᠤ᠂ ᠴᠢᠩ᠋ᠭᠢᠰ ᠬᠣᠲᠠ ᠪᠣᠯᠤᠨ ᠣᠢᠢᠷ᠎ᠠ ᠢᠢᠨ ᠰᠤᠮᠤ ᠳᠤ᠂ ᠳᠣᠷᠣᠨᠠᠲᠤ᠂ ᠰᠦᠬᠡᠪᠠᠭᠠᠲᠤᠷ ᠠᠢᠢᠮᠠᠭ ᠲᠤ ᠪᠦᠲᠦᠭᠡᠭ᠍ᠳᠡᠬᠦᠨ ᠢᠶᠡᠨ ᠨᠡᠢᠢᠯᠡᠭᠦᠯᠬᠦ᠂ ᠬᠦᠨᠡᠰᠦᠨ ᠦ ᠨᠠᠷᠢᠨ ᠨᠣᠭᠣᠭᠠᠨ ᠤ ᠦᠷ᠎ᠡ ᠦᠢᠯᠡᠳᠪᠦᠷᠢᠯᠡᠬᠦ ᠪᠣᠯᠤᠮᠵᠢ ᠪᠥᠷᠢᠳᠦᠨ᠎ᠡ᠃
ᠲᠥᠰᠦᠯ ᠦᠨ ᠳᠠᠷᠠᠭᠠᠬᠢ ᠲᠠᠷᠢᠶᠠᠯᠠᠯᠳᠤ ᠬᠢᠬᠦ ᠢᠢᠨ ᠲᠤᠯᠠᠳᠠ ᠬᠥᠷᠦᠰᠥ ᠪᠣᠯᠪᠠᠰᠤᠷᠠᠭᠤᠯᠬᠤ ᠠᠴᠠ ᠡᠬᠢᠯᠡᠭᠡᠳ ᠲᠠᠷᠢᠶᠠᠯᠠᠬᠤ᠂ ᠤᠷᠭᠤᠯᠲᠠ ᠢᠢᠨ ᠦᠶ᠎ᠡ ᠢᠢᠨ ᠠᠷᠠᠴᠢᠯᠠᠭ᠎ᠠ᠂ ᠬᠤᠷᠢᠶᠠᠯᠲᠠ ᠬᠢᠬᠦ 100 ᠮᠣᠷᠢᠨ ᠠᠴᠠ ᠳᠡᠭᠡᠭ᠍ᠰᠢ ᠬᠦᠴᠦᠨ ᠴᠢᠳᠠᠯ ᠲᠠᠢ ᠲᠷᠠᠺᠲ᠋ᠣᠷ᠂ ᠢᠵᠢ ᠪᠥᠷᠢᠨ ᠲᠧᠭᠨᠢᠭ᠂ ᠲᠣᠨᠣᠭ ᠲᠥᠬᠦᠭᠡᠷᠦᠮᠵᠢ ᠱᠠᠭᠠᠷᠳᠠᠯᠭ᠎ᠠ ᠲᠠᠢ ᠪᠠᠢᠢᠨ᠎ᠠ᠃
ᠬᠡᠷᠯᠡᠨ ᠰᠤᠮᠤ ᠢᠢᠨ ᠬᠤᠪᠢ ᠳᠤ 60 ᠭᠠ᠂ ᠲᠠᠯᠠᠪᠠᠢ ᠳᠤ ᠲᠥᠮᠦᠰᠦ᠂ 36 ᠭᠠ᠂ ᠲᠠᠯᠠᠪᠠᠢ ᠳᠤ 13 ᠠᠵᠤ ᠠᠬᠤᠢ ᠢᠢᠨ ᠨᠢᠭᠡᠴᠡ᠂ ᠪᠠᠢᠢᠭᠤᠯᠤᠯᠭ᠎ᠠ᠂ ᠬᠣᠷᠰᠢᠶ᠎ᠠ᠂ ᠨᠥᠬᠥᠷᠯᠡᠯ᠂ 15 ᠢᠷᠭᠡᠨ ᠬᠦᠨᠡᠰᠦᠨ ᠦ ᠨᠣᠭᠣᠭ᠎ᠠ ᠲᠠᠷᠢᠶᠠᠯᠠᠵᠤ ᠪᠠᠢᠢᠨ᠎ᠠ᠃
ᠲᠠᠷᠢᠶᠠᠯᠠᠩᠴᠢᠳ ᠴᠢᠩ᠋ᠭᠢᠰ ᠬᠣᠲᠠ ᠢᠢᠨ ᠬᠦᠮᠦᠨ ᠠᠮᠠ ᠢᠢᠨ ᠲᠥᠮᠦᠰᠦᠨ ᠦ 57᠂ ᠬᠦᠨᠡᠰᠦᠨ ᠦ ᠨᠣᠭᠣᠭᠠᠨ ᠤ 28 ᠬᠤᠪᠢ ᠢ ᠬᠠᠩ᠋ᠭᠠᠳᠠᠭ ᠪᠥᠭᠡᠳ ᠣᠳᠣ ᠢᠢᠨ ᠲᠠᠷᠢᠶᠠᠯᠠᠵᠤ ᠪᠠᠢᠢᠭ᠎ᠠ ᠲᠠᠯᠠᠪᠠᠢ ᠢᠢ ᠲᠥᠮᠦᠰᠦᠨ ᠳᠥ 50 ᠭᠠ᠂ ᠬᠦᠨᠡᠰᠦᠨ ᠦ ᠨᠣᠭᠣᠭᠠᠨ ᠳᠤ 90 ᠭᠠᠷᠤᠢ ᠭᠠ᠂ ᠲᠠᠯᠠᠪᠠᠢ ᠪᠠᠷ ᠨᠡᠮᠡᠪᠡᠯ ᠳᠣᠲᠣᠭᠠᠳᠤ ᠢᠢᠨ ᠬᠡᠷᠡᠭᠴᠡᠭᠡ ᠪᠡᠨ 100 ᠬᠤᠪᠢ ᠬᠠᠩ᠋ᠭᠠᠬᠤ ᠪᠣᠯᠤᠮᠵᠢ ᠲᠠᠢ ᠶᠤᠮ᠃
5᠂854 ᠮᠢ.ᠺᠸᠠᠳ᠋ᠷᠠᠲ ᠲᠠᠯᠠᠪᠠᠢ ᠪᠦᠬᠦᠢ 76 ᠰᠢᠷᠬᠡᠭ᠌ ᠵᠤᠨ ᠤ ᠬᠦᠯᠡᠮᠵᠢ᠂ 680 ᠮᠢ.ᠺᠸᠠᠳ᠋ᠷᠠᠲ ᠍ ᠲᠤ ᠲᠠᠯᠠᠪᠠᠢ ᠪᠦᠬᠦᠢ ᠵᠢᠷᠭᠤᠭᠠᠨ ᠰᠢᠷᠬᠡᠭ᠌ ᠭᠤᠷᠪᠠᠨ ᠤᠯᠠᠷᠢᠯ ᠤᠨ ᠬᠦᠯᠡᠮᠵᠢᠨ ᠳᠤ ᠲᠠᠷᠢᠶᠠᠯᠠᠯᠲᠠ ᠬᠢᠵᠦ ᠪᠠᠢᠢᠨ᠎ᠠ᠃
1᠂195 ᠲᠣᠨ᠋ᠨ ᠤᠷᠭᠤᠴᠠ ᠬᠠᠳᠠᠭᠠᠯᠠᠬᠤ ᠵᠣᠭᠣᠷᠢ ᠲᠠᠢ ᠪᠣᠯᠪᠠᠴᠤ 250 ᠲᠣᠨ᠋ᠨ ᠤᠨ ᠵᠣᠭᠣᠷᠢ ᠢᠢ ᠨᠢ ᠠᠰᠢᠭᠯᠠᠬᠤ ᠪᠣᠯᠤᠮᠵᠢ ᠦᠭᠡᠢ ᠤᠴᠢᠷ ᠨᠡᠢᠢᠲᠡ ᠤᠷᠭᠤᠴᠠ ᠢᠢᠨ 65 ᠬᠤᠪᠢ ᠢ ᠬᠠᠳᠠᠭᠠᠯᠠᠳᠠᠭ᠃ ᠤᠷᠭᠤᠴᠠ ᠪᠠᠨ ᠪᠦᠷᠢᠨ ᠬᠠᠳᠠᠭᠠᠯᠠᠬᠤ ᠳᠤ 1᠂000 ᠲᠣᠨ᠋ᠨ᠂ ᠣᠷᠣᠨ ᠨᠤᠲᠤᠭ ᠤᠨ ᠬᠡᠷᠡᠭᠴᠡᠭᠡ ᠢᠢ ᠬᠠᠩ᠋ᠭᠠᠬᠤ ᠬᠡᠮᠵᠢᠶᠡᠨ ᠦ ᠲᠠᠷᠢᠶᠠᠯᠠᠯᠲᠠ ᠬᠢᠬᠦ ᠳᠥ 3᠂000 ᠲᠣᠨ᠋ᠨ– ᠍ ᠤᠨ ᠵᠣᠭᠣᠷᠢ ᠱᠠᠭᠠᠷᠳᠠᠯᠭ᠎ᠠ ᠲᠠᠢ ᠪᠠᠢᠢᠭ᠎ᠠ ᠲᠤᠬᠠᠢ ᠲᠠᠷᠢᠶᠠᠯᠠᠩᠴᠢᠳ ᠶᠠᠷᠢᠯ᠎ᠠ᠃
ᠴᠢᠨᠠᠭᠰᠢᠳᠠ ᠲᠥᠮᠥᠰᠥ᠂ ᠬᠦᠨᠡᠰᠦᠨ ᠦ ᠨᠣᠭᠣᠭᠠᠨ ᠤ ᠦᠢᠯᠡᠳᠪᠦᠷᠢᠯᠡᠯ ᠢ ᠳᠠᠭᠠᠳᠬᠠᠯ ᠲᠠᠢ ᠪᠣᠯᠭᠠᠬᠤ᠂ ᠡᠷᠦᠬᠡ ᠢᠢᠨ ᠬᠡᠷᠡᠭᠴᠡᠭᠡᠨ ᠳᠥ ᠦᠨ᠎ᠡ ᠲᠥᠯᠦᠪᠦᠷᠢ ᠦᠭᠡᠢ ᠣᠯᠭᠤᠳᠠᠭ 0᠂1 ᠭᠠ᠂ ᠲᠠᠯᠠᠪᠠᠢ ᠢᠢᠨ ᠬᠡᠮᠵᠢᠶ᠎ᠡ ᠢᠢ ᠨᠡᠮᠡᠭᠳᠡᠭᠦᠯᠬᠦ᠂ ᠲᠠᠷᠢᠶᠠᠯᠠᠩ ᠤᠨ ᠪᠥᠰᠡ ᠨᠤᠲᠤᠭ ᠲᠤ ᠵᠥᠪᠬᠡᠨ ᠡᠷᠴᠢᠮᠵᠢᠭᠰᠡᠨ ᠮᠠᠯ ᠠᠵᠤ ᠠᠬᠤᠢ ᠬᠥᠭ᠍ᠵᠢᠭᠦᠯᠬᠦ᠂ ᠲᠥᠷᠥ ᠡᠴᠡ ᠲᠣᠭᠲᠠᠪᠤᠷᠢᠲᠠᠢ ᠦᠨ᠎ᠡ ᠢᠢᠨ ᠪᠣᠳᠣᠯᠭ᠎ᠠ ᠪᠠᠷᠢᠮᠲᠠᠯᠠᠬᠤ ᠵᠡᠷᠭᠡ ᠳᠥ ᠠᠩᠬᠠᠷᠬᠤ ᠬᠦᠰᠡᠯᠲᠡ ᠭᠠᠷᠭᠠᠯ᠎ᠠ᠃
ᠡᠨᠡ ᠦᠶ᠎ᠡ ᠪᠡᠷ ᠬᠦᠨᠡᠰᠦ᠂ ᠬᠥᠳᠡᠭᠡ ᠠᠵᠤ ᠠᠬᠤᠢ᠂ ᠬᠥᠩ᠋ᠭᠡᠨ ᠦᠢᠯᠡᠳᠪᠦᠷᠢ ᠢᠢᠨ ᠶᠠᠮᠤ ᠳᠤᠮᠳᠠ ᠢᠢᠨ ᠲᠧᠭᠨᠢᠭ ᠦᠢᠯᠡᠴᠢᠯᠡᠭᠡᠨ ᠦ ᠲᠥᠪ ᠲᠡᠢ ᠪᠣᠯᠭᠠᠬᠤ ᠵᠣᠷᠢᠯᠲᠠ ᠢᠢᠨ ᠡᠬᠢᠯᠡᠯ ᠪᠣᠯᠭᠠᠵᠤ ᠬᠡᠷᠯᠡᠨ ᠰᠤᠮᠤ ᠢᠢᠨ ᠨᠣᠭᠣᠭᠠᠴᠢᠳ ᠲᠤ 32 ᠮᠣᠷᠢᠨ ᠤ ᠬᠦᠴᠦᠲᠡᠢ ᠬᠣᠶᠠᠷ ᠲᠷᠠᠺᠲ᠋ᠣᠷ ᠬᠦᠯᠢᠶᠡᠯᠭᠡᠨ ᠥᠷᠯᠥᠭᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨᠠᠭ᠎ᠠ ᠢᠢᠨ ᠬᠦᠷᠦᠯᠰᠦ᠋ᠬᠡ ᠮᠥᠨ 《ᠬᠡᠨᠲᠡᠢ ᠲᠠᠷᠢᠶᠠᠯᠠᠩ》 ХХК ᠍ ᠦᠨ 《No-till》 ᠪᠤᠶᠤ ᠨᠥᠬᠥᠨ ᠰᠡᠷᠭᠡᠭᠳᠡᠬᠦ ᠲᠧᠭᠨᠣᠯᠣᠭᠢ ᠢᠢ 2014 ᠣᠨ ᠠᠴᠠ ᠲᠤᠷᠰᠢᠵᠤ ᠪᠠᠢᠢᠭ᠎ᠠ ᠠᠵᠢᠯ ᠤᠨ ᠶᠠᠪᠤᠴᠠ ᠲᠠᠢ ᠲᠠᠨᠢᠯᠴᠠᠯ᠎ᠠ᠃
ᠲᠤᠰ ᠺᠣᠮᠫᠠᠨᠢ ᠭᠠ ᠠᠴᠠ ᠠᠪᠬᠤ ᠤᠷᠭᠤᠴᠠ ᠢᠢᠨ ᠬᠡᠮᠵᠢᠶ᠎ᠡ ᠢᠢ ᠨᠡᠮᠡᠭᠳᠡᠭᠦᠯᠬᠦ᠂ ᠲᠠᠯᠠᠪᠠᠢ ᠢᠢᠨ ᠠᠰᠢᠭᠯᠠᠯᠲᠠ ᠢᠢᠨ ᠰᠠᠢᠢᠵᠢᠷᠠᠭᠤᠯᠵᠤ ᠰᠡᠯᠭᠦᠭᠡᠨ ᠦ ᠨᠡᠷ᠎ᠡ ᠲᠥᠷᠥᠯ ᠢ ᠨᠡᠮᠡᠭᠳᠡᠭᠦᠯᠬᠦ᠂ ᠭᠠ ᠲᠠᠯᠠᠪᠠᠢ ᠢᠢᠨ ᠵᠠᠷᠤᠳᠠᠯ ᠢ ᠪᠠᠭᠠᠰᠭᠠᠬᠤ᠂ ᠤᠷᠭᠤᠮᠠᠯ ᠬᠠᠮᠠᠭᠠᠯᠠᠯ ᠤᠨ ᠪᠣᠳᠠᠰ ᠭᠧᠷᠪᠢᠼᠢᠳ ᠤᠨ ᠬᠡᠷᠡᠭᠯᠡᠭᠡ ᠢᠢ ᠪᠠᠭᠤᠷᠠᠭᠤᠯᠬᠤ᠂ ᠡᠺᠣ ᠬᠦᠨᠡᠰᠦ ᠦᠢᠯᠡᠳᠪᠦᠷᠢᠯᠡᠬᠦ ᠲᠧᠭᠨᠣᠯᠣᠭᠢ ᠪᠤᠢ ᠪᠣᠯᠭᠠᠬᠤ ᠢᠢ ᠵᠣᠷᠢᠵᠤ ᠪᠠᠢᠢᠨ᠎ᠠ᠃
ᠲᠧᠭᠨᠣᠯᠣᠭᠢ ᠨᠡᠪᠲᠡᠷᠡᠭᠰᠡᠨ ᠢᠶᠡᠷ ᠨᠢᠭᠡ ᠭᠠ ᠠᠴᠠ ᠳᠤᠮᠳᠠᠴᠢ ᠪᠠᠷ 25 ᠼᠧᠨᠲᠨᠧᠷ ᠦᠷ᠎ᠡ ᠲᠠᠷᠢᠶ᠎ᠠ ᠬᠤᠷᠢᠶᠠᠨ ᠠᠪᠬᠤ ᠪᠣᠯᠤᠮᠵᠢ ᠲᠠᠢ᠃ ᠡᠨᠡ ᠲᠧᠭᠨᠣᠯᠣᠭᠢ ᠢᠢ ᠬᠡᠨᠲᠡᠢ ᠠᠢᠢᠮᠠᠭ ᠤᠨ ᠰᠤᠮᠤ ᠳᠤ ᠲᠡᠳᠦᠢ ᠦᠭᠡᠢ ᠬᠥᠪᠰᠥᠭᠥᠯ᠂ ᠥᠪᠦᠷᠬᠠᠩ᠋ᠭᠠᠢ᠂ ᠠᠷᠤᠬᠠᠩ᠋ᠭᠠᠢ᠂ ᠳᠠᠷᠬᠠᠨ᠂ ᠰᠡᠯᠡᠩ᠋ᠭᠡ ᠠᠢᠢᠮᠠᠭ ᠲᠤ ᠨᠡᠪᠲᠡᠷᠡᠭᠦᠯᠵᠦ᠂ ᠲᠤᠷᠰᠢᠯᠲᠠ ᠬᠡᠯᠪᠡᠷᠢ ᠪᠡᠷ ᠲᠠᠷᠢᠶᠠᠯᠠᠵᠤ ᠡᠬᠢᠯᠡᠵᠡᠢ᠃