Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ᠄ ᠬᠦᠨᠡᠰᠦᠨ ᠦ ᠠᠶᠤᠯ ᠦᠭᠡᠢ ᠪᠠᠢᠢᠳᠠᠯ ᠤᠨ ᠠᠰᠠᠭᠤᠳᠠᠯ ᠢᠶᠠᠷ ᠠᠷᠠᠳ ᠢᠷᠭᠡᠳ ᠡᠴᠡ ᠲᠠᠯᠪᠢᠵᠤ ᠪᠠᠢᠢᠭ᠎ᠠ ᠱᠠᠭᠠᠷᠳᠠᠯᠭ᠎ᠠ ᠢᠢ ᠲᠥᠷᠥ ᠢᠢᠨ ᠪᠠᠢᠢᠭᠤᠯᠤᠯᠭ᠎ᠠ ᠤᠳ ᠲᠦᠷᠭᠡᠨ ᠰᠢᠭᠤᠷᠬᠠᠢ ᠬᠢᠨᠠᠨ ᠰᠢᠯᠭᠠᠵᠤ᠂ ᠵᠣᠬᠢᠬᠤ ᠠᠷᠭ᠎ᠠ ᠬᠡᠮᠵᠢᠶ᠎ᠡ ᠢᠢ ᠠᠪᠬᠤ ᠶᠣᠰᠣᠲᠠᠢ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ 《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ – ᠬᠦᠨᠡᠰᠦ ᠦᠢᠯᠡᠳᠪᠦᠷᠢᠯᠡᠯ》 ᠦᠨᠳᠦᠰᠦᠨ ᠦ ᠵᠥᠪᠯᠡᠭᠡᠨ ᠥᠨᠥᠳᠥᠷ ᠲᠥᠷᠥ ᠢᠢᠨ ᠣᠷᠳᠣᠨ ᠳᠤ ᠪᠣᠯᠵᠤ ᠪᠠᠢᠢᠨ᠎ᠠ᠃ ᠦᠨᠳᠦᠰᠦᠨ ᠦ ᠵᠥᠪᠯᠡᠭᠡᠨ ᠢ ᠨᠡᠭᠡᠭᠡᠵᠦ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠄
《ᠡᠷᠬᠢᠮ ᠬᠦᠨᠳᠥᠲᠥ ᠬᠦᠨᠡᠰᠦ ᠦᠢᠯᠡᠳᠪᠦᠷᠢᠯᠡᠭᠴᠢᠳ ᠡ᠂

ᠡᠷᠬᠢᠮ ᠬᠦᠨᠳᠥᠲᠥ ᠵᠣᠴᠢᠳ ᠠ ᠂

ᠲᠠ ᠪᠦᠬᠦᠨ ᠳᠥ ᠳᠡᠯᠡᠬᠡᠢ ᠢᠢᠨ ᠬᠦᠨᠡᠰᠦᠨ ᠦ ᠠᠶᠤᠯ ᠦᠭᠡᠢ ᠪᠠᠢᠢᠳᠠᠯ ᠤᠨ ᠡᠳᠦᠷ ᠦᠨ ᠮᠡᠨᠳᠦ ᠢᠢ ᠡᠷᠭᠦᠨ ᠳᠡᠪᠰᠢᠭᠦᠯᠦᠶ᠎ᠡ!

ᠡᠬᠡ ᠣᠷᠣᠨ ᠢᠶᠠᠨ ᠡᠷᠡᠭᠦᠯ ᠬᠦᠨᠡᠰᠦ ᠪᠡᠷ ᠬᠠᠩ᠋ᠭᠠᠬᠤ᠂ ᠴᠢᠨᠠᠭᠰᠢᠯᠠᠭᠠᠳ ᠬᠦᠨᠡᠰᠦ ᠡᠺᠰᠫᠣᠷᠲ᠋ᠯᠠᠭᠴᠢ ᠣᠷᠣᠨ ᠪᠣᠯᠬᠤ ᠶᠡᠬᠡ ᠦᠢᠯᠡᠰ ᠲᠥ ᠣᠶᠤᠨ ᠤᠬᠠᠭᠠᠨ᠂ ᠡᠷᠳᠡᠮ ᠴᠢᠳᠠᠯ᠂ ᠬᠥᠳᠡᠯᠮᠦᠷᠢ ᠵᠢᠳᠬᠦᠯ ᠢᠶᠡᠨ ᠳᠠᠢᠢᠴᠢᠯᠠᠨ ᠠᠵᠢᠯᠯᠠᠵᠤ ᠪᠤᠢ ᠡᠬᠡ ᠣᠷᠣᠨ ᠤ ᠪᠠᠨ ᠥᠨᠴᠥᠭ ᠪᠤᠯᠤᠨ ᠪᠦᠷᠢ ᠡᠴᠡ ᠬᠦᠷᠦᠯᠴᠡᠨ ᠢᠷᠡᠭᠰᠡᠨ ᠡᠷᠬᠢᠮ ᠬᠦᠨᠳᠦᠲᠥ ᠬᠦᠨᠡᠰᠦ ᠦᠢᠯᠡᠳᠪᠦᠷᠢᠯᠡᠭᠴᠢᠳ ᠲᠠ ᠪᠦᠬᠦᠨ ᠳᠥ ᠪᠡᠨ ᠴᠢᠨᠭ᠌ ᠰᠡᠳᠬᠢᠯ ᠦᠨ ᠮᠡᠨᠳᠦᠴᠢᠯᠡᠭᠡ ᠳᠡᠪᠰᠢᠭᠦᠯᠦᠶ᠎ᠡ᠃

ᠮᠣᠩ᠋ᠭᠣᠯ ᠲᠥᠷᠥ ᠢᠢᠨ ᠪᠣᠳᠣᠯᠭ᠎ᠠ ᠢᠢᠨ ᠴᠥᠮ᠎ᠡ ᠳᠥ ᠮᠣᠩ᠋ᠭᠣᠯ ᠬᠦᠮᠦᠨ᠂ ᠮᠣᠩ᠋ᠭᠣᠯ ᠡᠷᠦᠬᠡ ᠪᠠᠢᠢᠭᠰᠠᠭᠠᠷ ᠢᠷᠡᠭᠰᠡᠨ᠂ ᠴᠢᠨᠠᠭᠰᠢᠳᠠ ᠴᠤ ᠪᠠᠢᠢᠬᠤ ᠤᠴᠢᠷᠲᠠᠢ᠃

ᠬᠦᠨᠡᠰᠦ ᠡᠷᠡᠭᠦᠯ ᠪᠠᠢᠢᠪᠠᠯ ᠬᠦᠮᠦᠨ ᠡᠷᠡᠭᠦᠯ ᠪᠠᠢᠢᠨ᠎ᠠ᠃ ᠮᠣᠩ᠋ᠭᠣᠯ ᠬᠦᠮᠦᠨ ᠡᠷᠡᠭᠦᠯ ᠪᠠᠢᠢᠪᠠᠯ ᠮᠣᠩ᠋ᠭᠣᠯ ᠦᠨᠳᠦᠰᠦᠲᠡᠨ ᠬᠦᠴᠦᠷᠬᠡᠭ᠌ ᠪᠠᠢᠢᠨ᠎ᠠ᠃

ᠲᠡᠢᠢᠮᠦ ᠡᠴᠡ ᠮᠣᠩ᠋ᠭᠣᠯ ᠤᠯᠤᠰ ᠤᠨ ᠬᠦᠨᠡᠰᠦᠨ ᠦ ᠠᠶᠤᠯ ᠦᠭᠡᠢ ᠪᠠᠢᠢᠳᠠᠯ᠂ ᠬᠦᠨᠡᠰᠦᠨ ᠦ ᠬᠠᠩ᠋ᠭᠠᠮᠵᠢ ᠢᠢᠨ ᠭᠣᠣᠯ ᠠᠰᠠᠭᠤᠳᠠᠯ ᠨᠢ ᠬᠦᠮᠦᠨ ᠠᠷᠠᠳ   ᠶᠢᠠᠨ ᠡᠷᠡᠭᠦᠯ᠂ ᠰᠢᠮ᠎ᠡ ᠲᠡᠵᠢᠭᠡᠯ ᠲᠡᠢ᠂ ᠰᠲ᠋ᠠᠨ᠋ᠳᠠᠷᠲ ᠲᠤ ᠨᠡᠢᠢᠴᠡᠭᠰᠡᠨ ᠬᠦᠨᠡᠰᠦᠨ ᠦ ᠪᠦᠲᠦᠭᠡᠭ᠍ᠳᠡᠬᠦᠨ ᠢᠶᠡᠷ ᠲᠣᠭᠲᠠᠪᠤᠷᠢᠲᠠᠢ᠂ ᠬᠦᠷᠲᠡᠭᠡᠮᠵᠢᠲᠡᠢ ᠬᠠᠩ᠋ᠭᠠᠬᠤ ᠶᠠᠪᠤᠳᠠᠯ ᠶᠤᠮ᠃

ᠤᠯᠤᠰ ᠣᠷᠣᠨ ᠤ ᠪᠠᠨ ᠨᠡᠢᠢᠭᠡᠮ᠂ ᠡᠳ᠋ ᠍ ᠦᠨ ᠵᠠᠰᠠᠭ ᠤᠨ ᠠᠶᠤᠯ ᠦᠭᠡᠢ ᠪᠠᠢᠢᠳᠠᠯ ᠢ ᠬᠠᠩ᠋ᠭᠠᠬᠤ ᠵᠣᠷᠢᠯᠭ᠎ᠠ ᠪᠠᠷ 《ᠬᠠᠯᠠᠮᠵᠢ ᠠᠴᠠ ᠬᠥᠳᠡᠯᠮᠦᠷᠢ ᠳᠥ᠂ ᠣᠯᠪᠤᠷᠢᠯᠠᠯᠲᠠ ᠠᠴᠠ ᠪᠣᠯᠪᠠᠰᠤᠷᠠᠭᠤᠯᠤᠯᠲᠠ ᠳᠤ᠂ ᠢᠮᠫᠣᠷᠲ ᠠᠴᠠ ᠡᠺᠰᠫᠣᠷᠲ᠋ ᠲᠤ》 ᠰᠢᠯᠵᠢᠬᠦ ᠰᠠᠭᠤᠷᠢ ᠷᠧᠹᠤᠷᠮ ᠤᠨ ᠬᠦᠷᠢᠶᠡᠨ ᠳᠥ 《100 ᠵᠢᠯ – 10 ᠵᠣᠷᠢᠯᠲᠠ》 ᠬᠥᠭ᠍ᠵᠢᠯ ᠦᠨ ᠰᠠᠨᠠᠭᠠᠴᠢᠯᠠᠭ᠎ᠠ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠲᠥᠷᠥ ᠢᠢᠨ ᠲᠡᠷᠢᠭᠦᠨ ᠳᠡᠪᠰᠢᠭᠦᠯᠦᠭᠰᠡᠨ᠃

ᠡᠨᠡᠬᠦ ᠰᠠᠨᠠᠭᠠᠴᠢᠯᠠᠭ᠎ᠠ ᠢᠢᠨ ᠨᠢᠭᠡ ᠵᠣᠷᠢᠯᠲᠠ ᠨᠢ 《ᠬᠦᠨᠡᠰᠦᠨ ᠦ ᠠᠶᠤᠯ ᠦᠭᠡᠢ ᠪᠠᠢᠢᠳᠠᠯ ᠢ ᠬᠠᠩ᠋ᠭᠠᠬᠤ᠂ ᠬᠦᠨᠡᠰᠦᠨ ᠦ ᠪᠦᠲᠦᠭᠡᠭ᠍ᠳᠡᠬᠦᠨ ᠢᠶᠡᠷ ᠳᠣᠲᠣᠭᠠᠳᠤ ᠢᠢᠨ ᠬᠡᠷᠡᠭᠴᠡᠭᠡ ᠪᠡᠨ ᠪᠦᠷᠢᠨ ᠬᠠᠩ᠋ᠭᠠᠵᠤ᠂ ᠮᠠᠯ ᠠᠵᠤ ᠠᠬᠤᠢ᠂ ᠭᠠᠵᠠᠷ ᠲᠠᠷᠢᠶᠠᠯᠠᠩ ᠢ ᠪᠠᠨ ᠡᠷᠴᠢᠮᠵᠢᠭᠦᠯᠦᠨ ᠬᠥᠭ᠍ᠵᠢᠭᠦᠯᠵᠦ᠂ ᠪᠥᠰᠡ ᠨᠤᠲᠤᠭ ᠲᠤ ᠪᠠᠨ ᠣᠷᠭᠠᠨᠢᠺ ᠬᠦᠨᠡᠰᠦ ᠡᠺᠰᠫᠣᠷᠲ᠋ᠯᠤᠭᠴᠢ ᠤᠯᠤᠰ ᠪᠣᠯᠬᠤ》 ᠶᠤᠮ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ ᠢ ᠣᠨᠤᠴᠤᠭᠠᠢ ᠠᠩᠬᠠᠷᠴᠤ᠂ ᠥᠩ᠋ᠭᠡᠷᠡᠭᠰᠡᠨ ᠲᠠᠪᠤᠳᠤᠭᠠᠷ ᠰᠠᠷ᠎ᠠ ᠳᠤ ᠮᠣᠩ᠋ᠭᠣᠯ ᠤᠯᠤᠰ ᠤᠨ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠢ ᠬᠤᠷᠠᠯᠳᠤᠭᠤᠯᠵᠤ᠂ ᠵᠥᠪᠯᠡᠮᠵᠢ ᠭᠠᠷᠭᠠᠨ᠂ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠨᠢᠭᠡᠳᠦᠭᠰᠡᠨ ᠴᠢᠭᠤᠯᠭᠠᠨ ᠳᠤ ᠳᠡᠯᠭᠡᠷᠡᠩ᠋ᠭᠦᠢ ᠮᠡᠳᠡᠭᠡᠯᠡᠯ ᠬᠢᠵᠦ᠂ ᠤᠯᠤᠰ ᠣᠷᠣᠨ ᠳᠠᠶᠠᠭᠠᠷ 《ᠬᠦᠨᠡᠰᠦᠨ ᠦ ᠬᠤᠪᠢᠰᠬᠠᠯ》 ᠡᠬᠢᠯᠡᠭᠦᠯᠦᠭᠰᠡᠨ᠃

ᠡᠭᠦᠨ ᠦ ᠦᠷ᠎ᠡ ᠳ᠋ᠦᠩ ᠳᠥ ᠢᠷᠡᠬᠦ ᠲᠠᠪᠤᠨ ᠵᠢᠯ ᠳᠥ ᠭᠣᠣᠯ ᠨᠡᠷ᠎ᠡ ᠲᠥᠷᠥᠯ ᠦᠨ 19 ᠬᠦᠨᠡᠰᠦᠨ ᠦ ᠪᠦᠲᠦᠭᠡᠭ᠍ᠳᠡᠬᠦᠨ ᠢᠶᠡᠷ ᠳᠣᠲᠣᠭᠠᠳᠤ ᠢᠢᠨ ᠬᠡᠷᠡᠭᠴᠡᠭᠡ ᠪᠡᠨ ᠪᠦᠷᠢᠨ ᠬᠠᠩ᠋ᠭᠠᠵᠤ᠂ ᠮᠠᠯ ᠰᠦᠷᠦᠭ ᠢᠶᠡᠨ ᠡᠷᠡᠭᠦᠯᠵᠢᠭᠦᠯᠬᠦ ᠢᠢᠨ ᠵᠡᠷᠭᠡᠴᠡᠭᠡ ᠮᠣᠩ᠋ᠭᠣᠯ ᠤᠯᠤᠰ ᠬᠦᠨᠡᠰᠦ ᠡᠺᠰᠫᠣᠷᠲ᠋ᠯᠤᠭᠴᠢ ᠤᠯᠤᠰ ᠪᠣᠯᠬᠤ ᠡᠬᠢᠯᠡᠯ ᠲᠠᠯᠪᠢᠭᠳᠠᠬᠤ ᠶᠣᠰᠣᠲᠠᠢ ᠶᠤᠮ᠃ ᠦᠷ᠎ᠡ ᠳ᠋ᠦᠩ ᠴᠤ ᠭᠠᠷᠬᠤ ᠶᠣᠰᠣᠲᠠᠢ᠃

《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ ᠢ ᠬᠠᠩ᠋ᠭᠠᠬᠤ ᠲᠠᠯ᠎ᠠ ᠪᠠᠷ ᠠᠪᠬᠤ ᠵᠠᠷᠢᠮ ᠠᠷᠭ᠎ᠠ ᠬᠡᠮᠵᠢᠶᠡᠨ ᠦ ᠲᠤᠬᠠᠢ》 ᠤᠯᠤᠰ ᠤᠨ ᠶᠡᠬᠡ ᠬᠤᠷᠠᠯ ᠤᠨ ᠲᠣᠭᠲᠠᠭᠠᠯ ᠤᠨ ᠲᠥᠰᠥᠯ ᠢ ᠢᠷᠡᠬᠦ ᠲᠠᠪᠤᠨ ᠵᠢᠯ ᠦᠨ ᠪᠣᠳᠣᠯᠭ᠎ᠠ᠂ ᠦᠢᠯᠡ ᠠᠵᠢᠯᠯᠠᠭᠠᠨ ᠤ ᠨᠠᠷᠢᠪᠴᠢᠯᠠᠭᠰᠠᠨ ᠲᠥᠯᠥᠪᠯᠡᠭᠡ ᠲᠡᠢ ᠬᠠᠮᠲᠤ ᠤᠯᠤᠰ ᠤᠨ ᠶᠡᠬᠡ ᠬᠤᠷᠠᠯ ᠳᠤ ᠡᠷᠭᠦᠨ ᠪᠠᠷᠢᠵᠤ᠂ ᠣᠳᠣ ᠬᠡᠯᠡᠯᠴᠡᠭᠦᠯᠵᠦ ᠪᠠᠢᠢᠨ᠎ᠠ᠃

ᠡᠨᠡ ᠨᠢ ᠲᠥᠷᠥ ᠢᠢᠨ ᠵᠦᠭ ᠡᠴᠡ ᠬᠦᠨᠡᠰᠦᠨ ᠦ ᠲᠠᠯ᠎ᠠ ᠪᠠᠷ ᠪᠠᠷᠢᠮᠲᠠᠯᠠᠬᠤ ᠪᠣᠳᠣᠯᠭ᠎ᠠ ᠪᠠᠨ ᠰᠢᠨᠡᠴᠢᠯᠡᠨ ᠲᠣᠳᠣᠷᠬᠠᠢᠢᠯᠠᠵᠤ᠂ ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ ᠤᠨ ᠠᠰᠠᠭᠤᠳᠠᠯ ᠢᠶᠠᠷ ᠰᠢᠢᠳᠮᠡᠭᠡᠢ ᠠᠯᠬᠤᠮ ᠢ ᠡᠬᠢᠯᠡᠭᠦᠯᠵᠦ ᠪᠠᠢᠢᠨ᠎ᠠ᠃ ᠡᠬᠡ ᠣᠷᠣᠨ ᠳᠤ ᠪᠠᠨ ᠡᠨᠡᠬᠦ ᠬᠦᠨᠡᠰᠦᠨ ᠦ ᠬᠤᠪᠢᠰᠬᠠᠯ ᠢ ᠭᠠᠷᠳᠠᠨ ᠬᠢᠬᠦ ᠡᠭᠡᠯ ᠪᠠᠭᠠᠲᠤᠷ ᠤᠳ ᠪᠣᠯ ᠬᠦᠨᠡᠰᠦ ᠦᠢᠯᠡᠳᠪᠦᠷᠢᠯᠡᠭᠴᠢ ᠲᠠ ᠪᠦᠬᠦᠨ ᠪᠢᠯᠡ᠃

ᠳᠡᠯᠡᠬᠡᠢ ᠳᠠᠬᠢᠨ ᠳᠤ ᠥᠷᠨᠢᠵᠦ ᠪᠤᠢ ᠨᠥᠬᠥᠴᠡᠯ ᠪᠠᠢᠢᠳᠠᠯ᠂ ᠬᠦᠨᠡᠰᠦᠨ ᠦ ᠪᠦᠲᠦᠭᠡᠭ᠍ᠳᠡᠬᠦᠨ ᠦ ᠦᠨ᠎ᠡ ᠬᠠᠩᠰᠢ ᠢᠢᠨ ᠥᠰᠦᠯᠲᠡ᠂ ᠬᠦᠨᠡᠰᠦᠨ ᠦ ᠬᠣᠮᠰᠠᠳᠠᠯ ᠴᠤ ᠮᠣᠩ᠋ᠭᠣᠯᠴᠤᠳ ᠪᠢᠳᠡᠨ ᠢ ᠬᠦᠨᠡᠰᠦᠨ ᠦ ᠬᠤᠪᠢᠰᠬᠠᠯ ᠬᠢᠬᠦ ᠢᠢ ᠱᠠᠭᠠᠷᠳᠠᠵᠤ ᠪᠠᠢᠢᠨ᠎ᠠ᠃

ᠡᠨᠡ ᠪᠣᠯ ᠤᠯᠤᠰ ᠣᠷᠣᠨ ᠤ ᠦᠨᠳᠦᠰᠦᠨ ᠦ ᠠᠶᠤᠯ ᠦᠭᠡᠢ ᠪᠠᠢᠢᠳᠠᠯ ᠲᠠᠢ ᠰᠢᠭᠤᠳ ᠬᠣᠯᠪᠣᠭ᠎ᠠ ᠲᠠᠢ ᠠᠰᠠᠭᠤᠳᠠᠯ ᠭᠡᠳᠡᠭ ᠢ ᠲᠠ ᠪᠦᠬᠦᠨ ᠤᠬᠠᠭᠠᠷᠠᠨ ᠮᠡᠳᠡᠵᠦ ᠪᠠᠢᠢᠭ᠎ᠠ᠃

ᠨᠥᠭᠥᠭᠡ ᠲᠠᠯ᠎ᠠ ᠪᠠᠷ ᠮᠠᠨ ᠤ ᠤᠯᠤᠰ ᠲᠤ ᠠᠯᠳᠠᠵᠤ ᠦᠯᠦ ᠪᠣᠯᠬᠤ ᠰᠢᠨ᠎ᠡ ᠪᠣᠯᠤᠮᠵᠢ ᠨᠡᠭᠡᠭᠡᠭ᠍ᠳᠡᠵᠦ ᠪᠠᠢᠢᠬᠤ ᠢᠢ ᠦᠭᠡᠢᠢᠰᠬᠡᠬᠦ ᠦᠭᠡᠢ᠃

ᠳᠡᠯᠡᠬᠡᠢ ᠢᠢᠨ ᠳᠣᠯᠣᠭᠠᠨ ᠲᠡᠷᠪᠤᠮ ᠬᠦᠮᠦᠨ ᠠᠮᠠ ᠢᠢᠨ 1.6 ᠲᠡᠷᠪᠤᠮ ᠨᠢ ᠮᠠᠨ ᠤ ᠤᠯᠤᠰ ᠢ ᠲᠣᠭᠣᠷᠢᠨ ᠠᠮᠢᠳᠤᠷᠠᠵᠤ ᠪᠠᠢᠢᠨ᠎ᠠ᠃ ᠴᠢᠨᠠᠭᠰᠢᠳᠠ ᠴᠤ ᠳᠡᠯᠡᠬᠡᠢ  ᠢᠢᠨ ᠬᠦᠮᠦᠨ ᠠᠮᠠ ᠬᠤᠷᠳᠤᠴᠠ ᠲᠠᠢ ᠥᠰᠬᠦ ᠨᠢ ᠲᠣᠳᠣᠷᠬᠠᠢ ᠪᠥᠭᠡᠳ ᠬᠦᠨᠡᠰᠦᠨ ᠦ ᠠᠰᠠᠭᠤᠳᠠᠯ ᠴᠤ ᠬᠤᠷᠴᠠ ᠪᠠᠷ ᠲᠠᠯᠪᠢᠭᠳᠠᠬᠤ ᠨᠢ ᠣᠢᠢᠯᠠᠭᠠᠮᠵᠢᠲᠠᠢ ᠪᠣᠯᠤᠯ᠎ᠠ᠃

ᠪᠢᠳᠡ ᠤᠰᠤᠨ ᠳᠠᠯᠠᠢ ᠳᠤ ᠭᠠᠷᠤᠴᠠ ᠦᠭᠡᠢ ᠴᠤ᠂ ᠬᠦᠮᠦᠨ ᠳᠠᠯᠠᠢ ᠳᠤ ᠭᠠᠷᠴᠠ ᠲᠠᠢ ᠠᠷᠠᠳ ᠲᠦᠮᠡᠨ᠃ ᠡᠨᠡ ᠪᠣᠯ ᠮᠣᠩ᠋ᠭᠣᠯᠴᠤᠳ ᠪᠢᠳᠡᠨ ᠢ ᠲᠣᠭᠣᠷᠢᠭᠰᠠᠨ ᠠᠭᠤᠤ ᠲᠣᠮᠣ ᠵᠠᠬ᠎ᠠ ᠵᠡᠭᠡᠯᠢ ᠶᠤᠮ᠃ ᠮᠣᠩ᠋ᠭᠣᠯᠴᠤᠳ ᠪᠢᠳᠡ ᠡᠨᠡ ᠵᠠᠬ᠎ᠠ ᠵᠡᠭᠡᠯᠢ ᠷᠤᠦ ᠭᠠᠷᠬᠤ ᠶᠣᠰᠣᠲᠠᠢ᠃ ᠢᠩ᠋ᠭᠢᠵᠦ ᠴᠢᠳᠠᠪᠠᠯ ᠪᠢᠳᠡ ᠠᠮᠵᠢᠯᠲᠠ ᠣᠯᠤᠨ᠎ᠠ᠃