Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠤᠯᠤᠰ ᠤᠨ ᠮᠠᠯ ᠡᠮᠨᠡᠯᠭᠡ᠂ ᠠᠷᠢᠭᠤᠨ ᠴᠡᠪᠡᠷ ᠦᠨ ᠲᠥᠪ ᠯᠠᠪᠣᠷᠠᠲ᠋ᠣᠷᠢ ᠲᠤ ᠠᠵᠢᠯᠯᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠬᠦᠨᠡᠰᠦᠨ ᠦ ᠦᠢᠯᠡᠳᠪᠦᠷᠢ᠂ ᠡᠷᠳᠡᠮ ᠰᠢᠨᠵᠢᠯᠡᠭᠡ᠂ ᠰᠤᠳᠤᠯᠭ᠎ᠠ᠂ ᠰᠤᠷᠭᠠᠯᠲᠠ ᠢᠢᠨ ᠪᠠᠢᠢᠭᠤᠯᠤᠯᠭ᠎ᠠ᠂ ᠯᠠᠪᠤᠷᠠᠲ᠋ᠣᠷᠢ ᠨᠤᠭᠤᠳ ᠲᠤ ᠠᠵᠢᠯᠯᠠᠵᠤ ᠪᠠᠢᠢᠨ᠎ᠠ᠃

ᠲᠡᠷᠡ ᠪᠡᠷ ᠮᠠᠯ ᠡᠮᠨᠡᠯᠭᠡ ᠢᠢᠨ ᠶᠡᠷᠦᠩᠬᠡᠢ ᠭᠠᠵᠠᠷ ᠤᠨ ᠬᠠᠷᠢᠶ᠎ᠠ ᠤᠯᠤᠰ ᠤᠨ ᠮᠠᠯ ᠡᠮᠨᠡᠯᠭᠡ᠂ ᠠᠷᠢᠭᠤᠨ ᠴᠡᠪᠡᠷ ᠦᠨ ᠲᠥᠪ ᠯᠠᠪᠤᠷᠠᠲ᠋ᠣᠷᠢ ᠪᠠᠷ ᠣᠷᠣᠯ᠎ᠠ᠃

ᠲᠥᠪ ᠯᠠᠪᠤᠷᠠᠲ᠋ᠣᠷᠢ ᠮᠠᠯ᠂ ᠠᠮᠢᠲᠠᠨ ᠤ ᠭᠣᠴᠣ ᠬᠠᠯᠳᠠᠪᠤᠷᠢᠲᠤ᠂ ᠬᠠᠯᠳᠠᠪᠤᠷᠢᠲᠤ᠂ ᠫᠠᠷᠠᠽᠢᠲ᠂ ᠬᠠᠯᠳᠠᠪᠤᠷᠢ ᠦᠭᠡᠢ᠂ ᠬᠣᠣᠷᠠᠳᠠᠯᠭ᠎ᠠ ᠳᠤ ᠡᠪᠡᠳᠴᠢᠨ ᠢ ᠢᠯᠡᠷᠡᠭᠦᠯᠬᠦ᠂ ᠣᠨᠣᠰᠢᠯᠠᠬᠤ᠂ ᠣᠨᠣᠰᠢ ᠪᠠᠲᠤᠯᠠᠭᠠᠵᠢᠭᠤᠯᠬᠤ᠂ ᠲᠡᠳᠡᠭᠡᠷ ᠡᠴᠡ ᠤᠷᠢᠳᠴᠢᠯᠠᠨ ᠰᠡᠷᠭᠡᠢᠢᠯᠡᠬᠦ ᠠᠷᠭ᠎ᠠ ᠬᠡᠮᠵᠢᠶ᠎ᠡ ᠢᠢ ᠵᠦᠪᠯᠡᠬᠦ᠂ ᠬᠡᠷᠡᠭᠵᠢᠭᠦᠯᠬᠦ᠂ ᠡᠺᠰᠫᠣᠷᠲ᠂ ᠢᠮᠫᠣᠷᠲ ᠤᠨ ᠮᠠᠯ᠂ ᠠᠮᠢᠲᠠᠨ᠂ ᠲᠦᠭᠦᠬᠡᠢ ᠡᠳ᠋᠂ ᠪᠦᠲᠦᠭᠡᠭ᠍ᠳᠡᠬᠦᠨ ᠳᠥ ᠮᠠᠯ ᠡᠮᠨᠡᠯᠭᠡ᠂ ᠡᠷᠡᠭᠦᠯ ᠠᠬᠤᠢ ᠢᠢᠨ ᠪᠠᠲᠤᠯᠠᠭ᠎ᠠ ᠭᠠᠷᠭᠠᠬᠤ᠂ ᠠᠢᠢᠮᠠᠭ ᠨᠡᠢᠢᠰᠯᠡᠯ᠂ ᠰᠤᠮᠤ ᠳᠡᠭᠦᠷᠭᠡ ᠢᠢᠨ ᠮᠠᠯ ᠡᠮᠨᠡᠯᠭᠡ ᠢᠢᠨ ᠯᠠᠪᠤᠷᠠᠲ᠋ᠣᠷᠢ ᠢᠢ ᠨᠢᠭᠡᠳᠦᠭᠰᠡᠨ ᠠᠷᠭ᠎ᠠ ᠵᠦᠢ᠂ ᠠᠷᠭ᠎ᠠ᠂ ᠠᠷᠭᠠᠴᠢᠯᠠᠯ ᠢᠶᠠᠷ ᠬᠠᠩ᠋ᠭᠠᠳᠠᠭ ᠶᠤᠮ᠃

2021 ᠣᠨ ᠳᠤ ᠮᠠᠯ᠂ ᠠᠮᠢᠲᠠᠨ ᠤ ᠭᠣᠴᠣ ᠬᠠᠯᠳᠠᠪᠤᠷᠢᠲᠤ ᠰᠢᠯᠦᠬᠡᠢ᠂ ᠮᠢᠯᠵᠠᠩ᠂ ᠴᠡᠴᠡᠭ ᠪᠣᠯᠤᠨ ᠡᠮᠦᠨ᠎ᠡ ᠨᠢ ᠮᠣᠩ᠋ᠭᠣᠯ ᠣᠷᠣᠨ ᠳᠤ ᠭᠠᠷᠴᠤ ᠪᠠᠢᠢᠭ᠎ᠠ ᠦᠭᠡᠢ ᠦᠬᠡᠷ ᠦᠨ ᠠᠷᠠᠰᠤ ᠲᠣᠪᠣᠷᠤᠤᠲᠤᠬᠤ ᠡᠪᠡᠳᠴᠢᠨ ᠢ ᠳᠠᠷᠤᠵᠤ᠂ ᠬᠠᠯᠳᠠᠪᠤᠷᠢ ᠢᠢᠨ ᠲᠠᠷᠬᠠᠯᠲᠠ ᠢᠢ ᠪᠥᠷᠢᠨ ᠬᠢᠨᠠᠯᠲᠠ ᠳᠤ ᠠᠪᠤᠭᠠᠳ ᠪᠠᠢᠢᠭ᠎ᠠ ᠢᠢ ᠮᠣᠩ᠋ᠭᠣᠯ ᠤᠯᠤᠰ ᠤᠨ ᠮᠠᠯ ᠤᠨ ᠶᠡᠷᠦᠩᠬᠡᠢ ᠡᠮᠴᠢ ᠳ ∙ ᠪᠠᠲᠤᠴᠢᠯᠠᠭᠤᠨ ᠲᠠᠨᠢᠯᠴᠠᠭᠤᠯᠤᠯ᠎ᠠ᠃
ᠳᠡᠯᠡᠬᠡᠢ ᠢᠢᠨ ᠮᠠᠯ᠂ ᠠᠮᠢᠲᠠᠨ ᠤ ᠡᠷᠡᠭᠦᠯ ᠮᠡᠨᠳᠦ ᠢᠢᠨ ᠪᠠᠢᠢᠭᠤᠯᠤᠯᠭ᠎ᠠ ᠮᠣᠩ᠋ᠭᠣᠯ ᠤᠯᠤᠰ ᠢ ᠦᠬᠡᠷ ᠦᠨ ᠴᠡᠭᠡᠵᠢ ᠡᠪᠡᠳᠴᠢᠨ ᠦ ᠪᠠᠢᠢᠭᠠᠯ ᠤᠨ ᠬᠠᠯᠳᠠᠪᠤᠷᠢ ᠦᠭᠡᠢ ᠢᠢ ᠣᠯᠠᠨ ᠤᠯᠤᠰ ᠤᠨ ᠬᠡᠮᠵᠢᠶᠡᠨ ᠳᠥ ᠪᠠᠲᠤᠯᠠᠭᠠᠵᠢᠭᠤᠯᠤᠭᠰᠠᠨ ᠰᠢᠢᠳᠪᠦᠷᠢ ᠭᠠᠷᠭᠠᠭᠰᠠᠨ ᠪᠠᠢᠢᠨ᠎ᠠ᠃

ᠴᠢᠨᠠᠭᠰᠢᠳᠠ ᠨᠡᠢᠢᠲᠡ ᠨᠤᠲᠤᠭ ᠢ ᠢᠮᠠᠭᠠᠨ ᠤ ᠭᠣᠳᠣᠷᠣᠩ ᠡᠪᠡᠳᠴᠢᠨ ᠢᠶᠡᠷ ᠲᠠᠢᠢᠪᠤᠩ᠂ ᠡᠮᠦᠨᠡᠭᠣᠪᠢ ᠠᠢᠢᠮᠠᠭ ᠤᠨ ᠮᠠᠯ ᠰᠦᠷᠦᠭ ᠢ ᠪᠷᠤᠼᠧᠯᠯᠦᠶᠣᠵᠠ ᠡᠪᠡᠳᠴᠢᠨ ᠢᠶᠡᠷ ᠲᠠᠢᠢᠪᠤᠩ᠂ ᠳᠠᠷᠬᠠᠨ-ᠠᠭᠤᠯᠠ᠂ ᠰᠡᠯᠡᠩ᠋ᠭᠡ ᠠᠢᠢᠮᠠᠭ ᠤᠨ ᠦᠬᠡᠷ ᠰᠦᠷᠦᠭ ᠢ ᠰᠦᠷᠢᠶ᠎ᠡ᠂ ᠯᠧᠢᠺᠦᠽ ᠡᠪᠡᠳᠴᠢᠨ ᠢᠶᠡᠷ ᠲᠠᠢᠢᠪᠤᠩ ᠪᠣᠯᠬᠤ ᠢᠢ ᠪᠠᠲᠤᠯᠠᠭᠠᠵᠢᠭᠤᠯᠬᠤ ᠵᠣᠷᠢᠯᠲᠠ ᠲᠠᠯᠪᠢᠵᠠᠢ᠃

ᠣᠢᠢᠷ᠎ᠠ ᠢᠢᠨ ᠲᠠᠪᠤᠨ ᠵᠢᠯ ᠳᠥ ᠮᠠᠯ ᠤᠨ ᠭᠣᠴᠣ ᠬᠠᠯᠳᠠᠪᠤᠷᠢᠲᠤ ᠡᠪᠡᠳᠴᠢᠨ ᠡᠴᠡ ᠡᠷᠡᠭᠦᠯ᠂ ᠲᠠᠢᠢᠪᠤᠩ ᠪᠠᠢᠢᠳᠠᠯ ᠢ ᠲᠣᠭᠲᠠᠭᠠᠬᠤ ᠵᠣᠷᠢᠯᠭ᠎ᠠ ᠪᠠᠷ 《ᠮᠠᠯ ᠡᠷᠡᠭᠦᠯᠵᠢᠭᠦᠯᠬᠦ ᠭᠤᠷᠪᠠᠳᠤᠭᠠᠷ ᠱᠠᠲᠤᠨ ᠤ ᠬᠥᠲᠥᠯᠪᠦᠷᠢ》᠍ ᠢ ᠬᠡᠷᠡᠭᠵᠢᠭᠦᠯᠬᠦ᠂ ᠬᠦᠨᠡᠰᠦᠨ ᠦ ᠠᠶᠤᠯ ᠦᠭᠡᠢ ᠪᠠᠢᠢᠳᠠᠯ ᠤᠨ ᠪᠠᠲᠤᠯᠠᠭ᠎ᠠ᠂ ᠬᠢᠨᠠᠯᠲᠠ ᠢᠢ ᠰᠠᠢᠢᠵᠢᠷᠠᠭᠤᠯᠬᠤ᠂ ᠢᠲᠡᠭᠡᠮᠵᠢᠯᠡᠭᠳᠡᠭᠰᠡᠨ ᠯᠠᠪᠤᠷᠠᠲ᠋ᠣᠷᠢ ᠨᠤᠭᠤᠳ ᠤᠨ ᠬᠦᠴᠦᠨ ᠴᠢᠳᠠᠯ ᠢ ᠨᠡᠮᠡᠬᠦ᠂ ᠠᠩᠬᠠᠨ ᠱᠠᠲᠤᠨ ᠤ ᠮᠠᠯ ᠡᠮᠨᠡᠯᠭᠡ ᠢᠢᠨ ᠪᠠᠢᠢᠭᠤᠯᠤᠯᠭ᠎ᠠ ᠢᠢ ᠪᠡᠬᠢᠵᠢᠭᠦᠯᠬᠦ᠂ ᠠᠵᠢᠯᠯᠠᠭᠰᠠᠳ ᠤᠨ ᠠᠵᠢᠯᠯᠠᠬᠤ ᠣᠷᠴᠢᠨ ᠨᠥᠬᠥᠴᠡᠯ᠂ ᠴᠠᠯᠢᠩ ᠬᠥᠯᠥᠰᠥ᠂ ᠨᠡᠢᠢᠭᠡᠮ ᠤᠨ ᠠᠰᠠᠭᠤᠳᠠᠯ ᠳᠤ ᠨᠢ ᠠᠩᠬᠠᠷᠠᠬᠤ ᠵᠡᠷᠭᠡ ᠳᠥ ᠳᠡᠮᠵᠢᠯᠭᠡ ᠦᠵᠡᠭᠦᠯᠬᠦ ᠢᠢ ᠬᠦᠰᠡᠯ᠎ᠡ᠃

ᠮᠥᠨ 《ᠪᠢᠣᠺᠣᠮᠪᠢᠨᠠᠲ》 ᠲᠥᠷᠦ ᠢᠢᠨ ᠥᠮᠴᠢ ᠢᠢᠨ ᠬᠤᠪᠢᠴᠠᠭᠠᠲᠤ ᠺᠣᠮᠫᠠᠨᠢ ᠢ ᠰᠢᠨᠡᠳᠭᠡᠬᠦ ᠵᠠᠮ ᠢᠶᠠᠷ ᠮᠠᠯ ᠤᠨ ᠭᠣᠴᠣ ᠬᠠᠯᠳᠠᠪᠤᠷᠢᠲᠤ ᠡᠪᠡᠳᠴᠢᠨ ᠡᠴᠡ ᠤᠷᠢᠳᠴᠢᠯᠠᠨ ᠰᠡᠷᠭᠡᠢᠢᠯᠡᠬᠦ ᠸᠠᠺᠼᠢᠨ ᠢ ᠣᠯᠠᠨ ᠤᠯᠤᠰ ᠤᠨ ᠰᠲ᠋ᠠᠨ᠋ᠳᠠᠷᠲ ᠲᠤ ᠨᠡᠢᠢᠴᠡᠭᠦᠯᠦᠨ ᠦᠢᠯᠡᠳᠪᠦᠷᠢᠯᠡᠬᠦ᠂ ᠳᠣᠲᠣᠭᠠᠳᠤ ᠢᠢᠨ ᠬᠡᠷᠡᠭᠴᠡᠭᠡ ᠪᠡᠨ ᠪᠥᠷᠢᠨ ᠬᠠᠩ᠋ᠭᠠᠬᠤ ᠱᠠᠭᠠᠷᠳᠠᠯᠭ᠎ᠠ ᠪᠠᠢᠢᠭ᠎ᠠ ᠢᠢ ᠬᠡᠯᠡᠵᠦ ᠪᠠᠢᠢᠯ᠎ᠠ᠃

ᠳᠡᠭᠡᠷᠡᠬᠢ ᠠᠰᠠᠭᠤᠳᠠᠯ ᠤᠳ ᠢ ᠦᠶ᠎ᠡ ᠱᠠᠲᠤ ᠲᠠᠢ ᠰᠢᠢᠳᠪᠦᠷᠢᠯᠡᠵᠦ᠂ ᠢᠷᠡᠬᠦ ᠲᠠᠪᠤᠨ ᠵᠢᠯ ᠳᠥ ᠮᠠᠯ ᠤᠨ ᠡᠪᠡᠳᠴᠢᠨ ᠦᠭᠡᠢ᠂ ᠡᠷᠡᠭᠦᠯ ᠪᠦᠰᠡ ᠪᠣᠯᠬᠤ ᠢᠢᠨ ᠲᠥᠯᠦᠭᠡ ᠬᠠᠮᠲᠤᠷᠠᠵᠤ ᠠᠵᠢᠯᠯᠠᠨ᠎ᠠ᠃ ᠡᠭᠦᠨ ᠳᠥ ᠲᠥᠷᠥ᠂ ᠵᠠᠰᠠᠭ ᠠᠴᠠ ᠪᠣᠯᠤᠮᠵᠢᠲᠤ ᠪᠦᠬᠦ ᠲᠠᠯ᠎ᠠ ᠢᠢᠨ ᠲᠤᠰᠠᠯᠠᠯᠴᠠᠭ᠎ᠠ᠂ ᠳᠡᠮᠵᠢᠯᠭᠡ ᠦᠵᠡᠭᠦᠯᠦᠨ᠎ᠡ ᠭᠡᠳᠡᠭ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠡᠯᠡᠯ᠎ᠡ᠃

ᠤᠯᠤᠰ ᠤᠨ ᠮᠠᠯ ᠡᠮᠨᠡᠯᠭᠡ᠂ ᠠᠷᠢᠭᠤᠨ ᠴᠡᠪᠡᠷ ᠦᠨ ᠲᠥᠪ ᠯᠠᠪᠣᠷᠠᠲ᠋ᠣᠷᠢ ᠨᠢ ᠰᠢᠨᠵᠢᠯᠡᠭᠡᠨ ᠳᠦ ᠳᠠᠪᠬᠤᠷᠳᠠᠭᠰᠠᠨ ᠲᠣᠭ᠎ᠠ ᠪᠠᠷ 450 ᠭᠠᠷᠤᠢ ᠲᠥᠷᠦᠯ ᠦᠨ ᠪᠠᠭᠠᠵᠢ ᠲᠣᠨᠣᠭ ᠲᠥᠬᠦᠭᠡᠷᠦᠮᠵᠢ᠂ 750 ᠭᠠᠷᠤᠢ ᠨᠡᠷ᠎ᠡ ᠢᠢᠨ ᠣᠨᠣᠰᠢᠯᠠᠭᠤᠷ ᠤᠷᠪᠠᠯᠵᠢ ᠪᠣᠳᠠᠰ᠂ 850 ᠭᠠᠷᠤᠢ ᠨᠡᠷ᠎ᠡ ᠲᠥᠷᠦᠯ ᠦᠨ ᠲᠤᠰᠯᠠᠬᠤ ᠬᠡᠷᠡᠭᠯᠡᠭᠳᠡᠬᠦᠨ ᠬᠡᠷᠡᠭᠯᠡᠳᠡᠭ᠃ ᠢᠯᠡᠷᠡᠭᠦᠯᠬᠦ᠂ ᠣᠨᠣᠰᠢᠯᠠᠬᠤ᠂ ᠪᠠᠲᠤᠯᠠᠭᠠᠵᠢᠭᠤᠯᠬᠤ ᠰᠢᠨᠵᠢᠯᠡᠭᠡ ᠢᠢ ᠵᠢᠯ ᠳᠦ 40-50 ᠮᠢᠩ᠋ᠭᠠᠨ ᠳᠡᠭᠡᠵᠢᠨ ᠳᠦ ᠤᠯᠤᠰ ᠤᠨ ᠲᠥᠰᠥᠪ ᠦᠨ ᠬᠥᠷᠥᠩ᠋ᠭᠡ᠂ ᠲᠥᠰᠥᠯ ᠬᠥᠲᠥᠯᠪᠦᠷᠢ ᠢᠢᠨ ᠰᠠᠩᠬᠦᠵᠢᠯᠲᠡ᠂ ᠠᠵᠤ ᠠᠬᠤᠢ ᠢᠢᠨ ᠨᠢᠭᠡᠴᠡ ᠢᠢᠨ ᠵᠠᠬᠢᠶᠠᠯᠠᠭ᠎ᠠ ᠪᠠᠷ ᠭᠦᠢᠴᠡᠳᠭᠡᠳᠡᠭ ᠶᠤᠮ᠃