Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬᠠ‍᠂ ᠪᠠᠲᠤᠲᠤᠯᠭ᠎ᠠ ᠶᠢᠨ ᠮᠣᠩᠭᠣᠯ ᠪᠢᠴᠢᠭ ᠦᠨ ᠬᠡᠷᠡᠭᠯᠡᠭᠡ ᠶᠢ ᠨᠡᠮᠡᠭᠳᠡᠭᠦᠯᠬᠦ ᠠᠵᠢᠯ ᠢ ᠡᠷᠴᠢᠮᠵᠢᠭᠦᠯᠬᠦ ᠲᠤᠬᠠᠢ ᠵᠠᠷᠯᠢᠭ ᠢ ᠭᠠᠷᠳᠠᠭᠤᠯᠤᠯ᠎ᠠ

ᠮᠣᠩᠭ᠋᠋ᠤᠯ ᠤᠯᠤᠰ ᠤᠨ ᠶᠡᠷᠦᠩᠬᠡᠢᠢᠯᠡᠭᠴᠢ ᠬᠠ‍᠂ ᠪᠠᠲᠤᠲᠤᠯᠭ᠎ᠠ ᠦᠨᠳᠦᠰᠦᠨ ᠦ ᠪᠢᠴᠢᠭ᠌ ᠦᠰᠦᠭ ᠦᠨ ᠪᠠᠶᠠᠷ ᠢ ᠲᠣᠬᠢᠶᠠᠯᠳᠤᠭᠤᠯᠤᠨ 2018 ᠣᠨ ᠤ ᠲᠠᠪᠤᠳᠤᠭᠠᠷ ᠰᠠᠷ᠎ᠠ ᠢᠢᠨ 3 ᠍ ᠤ ᠡᠳᠦᠷ ᠮᠣᠩᠭ᠋᠋ᠤᠯ ᠪᠢᠴᠢᠭ᠌ ᠦᠨ ᠬᠡᠷᠡᠭᠯᠡᠭᠡ ᠢᠢ ᠨᠡᠮᠡᠭᠳᠡᠭᠦᠯᠬᠦ ᠠᠵᠢᠯ ᠢ ᠡᠷᠴᠢᠮᠵᠢᠭᠦᠯᠬᠦ ᠲᠤᠬᠠᠢ ᠵᠠᠷᠯᠢᠭ ᠭᠠᠷᠭᠠᠭᠰᠠᠨ ᠶᠤᠮ᠃

 

ᠵᠠᠷᠯᠢᠭ ᠢ ᠥᠨᠥᠳᠥᠷ ᠮᠣᠩᠭ᠋᠋ᠤᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵᠠ‍᠂ᠡᠩᠬᠡᠪᠣᠯᠤᠳ

  1. ᠪᠣᠯᠪᠠᠰᠤᠷᠠᠯ᠂ ᠰᠤᠶᠤᠯ᠂ ᠰᠢᠨᠵᠢᠯᠡᠬᠦ ᠤᠬᠠᠭᠠᠨ᠂ ᠰᠫᠣᠷᠲ ᠤᠨ ᠰᠠᠢᠢᠳ ᠴ ∙ ᠴᠣᠭᠵᠤᠯᠮ᠎ᠠ ᠪᠣᠯᠤᠨ ᠪᠣᠯᠪᠠᠰᠤᠷᠠᠯ᠂ ᠰᠤᠶᠤᠯ᠂ ᠰᠢᠨᠵᠢᠯᠡᠬᠦ ᠤᠬᠠᠭᠠᠨ᠂ ᠰᠫᠣᠷᠲ ᠤᠨ ᠶᠠᠮᠤᠨ ᠤ ᠲᠥᠷᠥ ᠢᠢᠨ ᠨᠠᠷᠢᠨ ᠪᠢᠴᠢᠭ᠌ ᠦᠨ ᠳᠠᠷᠤᠭ᠎ᠠ ᠯ᠂ᠴᠡᠳᠦᠪᠰᠦ᠋ᠷᠦᠩ᠂
  2. ᠤᠯᠠᠭᠠᠨᠪᠠᠭᠠᠲᠤᠷ ᠬᠣᠲᠠ ᠢᠢᠨ ᠶᠡᠷᠦᠩᠬᠡᠢ ᠮᠧᠨᠧᠵᠧᠷ ᠪᠥᠭᠡᠳ ᠵᠠᠬᠢᠷᠤᠭᠴᠢ ᠢᠢᠨ ᠠᠵᠢᠯ ᠤᠨ ᠠᠯᠪᠠᠨ ᠤ ᠳᠠᠷᠤᠭ᠎ᠠ ᠲ ∙ ᠭᠠᠩᠲᠡᠮᠦᠷ᠂
  3. ᠨᠡᠢᠢᠰᠯᠡᠯ ᠦᠨ ᠪᠠᠶᠠᠩᠭ᠋ᠣᠣᠯ ᠳᠡᠭᠦᠷᠭᠡ ᠢᠢᠨ ᠵᠠᠰᠠᠭ ᠳᠠᠷᠤᠭ᠎ᠠ ᠰ ∙ ᠣᠳᠣᠨᠲᠤᠶᠠᠭ᠎ᠠ᠂
  4. ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠦᠨ ᠲᠧᠭᠨᠣᠯᠣᠭᠢ ᠢᠢᠨ ᠭᠠᠵᠠᠷ ᠤᠨ ᠳᠠᠷᠤᠭ᠎ᠠ ᠪ ∙ ᠴᠢᠩᠪᠠᠳᠤ᠂
  5. ᠰᠢᠨᠵᠢᠯᠡᠬᠦ ᠤᠬᠠᠭᠠᠨ ᠤ ᠠᠺᠠᠳᠧᠮᠢ ᠢᠢᠨ ᠬᠡᠯᠡ᠂ ᠵᠣᠬᠢᠶᠠᠯ ᠤᠨ ᠬᠦᠷᠢᠶᠡᠯᠡᠩ ᠦᠨ ᠵᠠᠬᠢᠷᠤᠯ ᠭ ∙ ᠪᠢᠯᠢᠭᠦᠲᠡᠢ᠂
  6. ᠮᠣᠩᠭᠣᠯ ᠤᠯᠤᠰ ᠤᠨ ᠰᠢᠳᠠᠷ ᠰᠠᠢᠢᠳ ᠤᠨ ᠰᠲ᠋ᠠᠨ᠋ᠳᠠᠷᠲ᠋ᠴᠢᠯᠠᠯ ᠤᠨ ᠠᠰᠠᠭᠤᠳᠠᠯ ᠬᠠᠷᠢᠭᠤᠴᠠᠭᠰᠠᠨ ᠵᠥᠪᠯᠡᠬᠦ ᠰ‍᠂ᠶᠠᠩᠵᠢᠨᠰᠦ᠋ᠷᠦᠩ᠂
  7. ᠰᠲ᠋ᠠᠨ᠋ᠳᠠᠷᠲ᠋ᠴᠢᠯᠠᠯ᠂ ᠬᠡᠮᠵᠢᠯ ᠵᠦᠢ ᠢᠢᠨ ᠭᠠᠵᠠᠷ ᠤᠨ ᠳᠡᠳ᠋ ᠳᠠᠷᠤᠭ᠎ᠠ ᠪ ∙ ᠪᠢᠯᠢᠭᠦᠨ᠂
  8. ᠬᠡᠯᠡᠨ ᠦ ᠪᠣᠳᠣᠯᠭ᠎ᠠ ᠢᠢᠨ ᠦᠨᠳᠦᠰᠦᠨ ᠦ ᠵᠥᠪᠯᠡᠯ ᠦᠨ ᠠᠵᠢᠯ ᠤᠨ ᠠᠯᠪᠠᠨ ᠤ ᠳᠠᠷᠤᠭ᠎ᠠ ᠨ ∙ ᠨᠠᠷᠠᠨᠭᠡᠷᠡᠯ ᠂
  9. ᠪᠣᠯᠣᠷᠰᠣᠹᠲ ᠺᠣᠮᠫᠠᠨᠢ ᠢᠢᠨ ᠭᠦᠢᠴᠡᠳᠭᠡᠬᠦ ᠵᠠᠬᠢᠷᠤᠯ ᠴ ∙ ᠮᠥᠩᠬᠡᠨᠤᠷᠠᠨ᠂
  10. ᠺᠠᠯᠯᠢᠭ᠍ᠷᠠᠹᠢ ᠢᠢᠨ ᠮᠠᠰᠲ᠋ᠸᠷ ᠲ ∙ ᠵᠠᠮᠶᠠᠩᠰᠦ᠋ᠷᠦᠩ᠂
  11. ᠮᠣᠩᠭᠣᠯ ᠤᠨ ᠦᠨᠳᠦᠰᠦᠨ ᠦ ᠣᠯᠠᠨ ᠨᠡᠢᠢᠲᠡ ᠢᠢᠨ ᠲᠧᠯᠧᠸᠢᠽ ᠦᠨ ᠳᠡᠳ᠋ ᠵᠠᠬᠢᠷᠤᠯ ᠭ ∙ ᠭᠡᠷᠡᠯ᠂
  12. ᠮᠣᠩᠭᠣᠯ ᠤᠨ ᠰᠡᠳᠬᠦᠯᠴᠢᠳ ᠦᠨ ᠨᠢᠭᠡᠳᠦᠭᠰᠡᠨ ᠡᠪᠯᠡᠯ ᠦᠨ ᠬᠢᠨᠠᠯᠲᠠ ᠢᠢᠨ ᠵᠥᠪᠯᠡᠯ ᠦᠨ ᠳᠠᠷᠤᠭ᠎ᠠ ᠪ ∙ ᠴᠣᠣᠵᠢᠴᠢᠯᠠᠭᠤᠨᠴᠡᠴᠡᠭ᠂
  13. ᠨᠡᠢᠢᠰᠯᠡᠯ ᠦᠨ ᠪᠣᠯᠪᠠᠰᠤᠷᠠᠯ ᠤᠨ ᠭᠠᠵᠠᠷ ᠤᠨ ᠣᠷᠣᠯᠠᠭᠴᠢ ᠳᠠᠷᠤᠭ᠎ᠠ ᠴ ∙ ᠣᠳᠬᠠᠨᠴᠢᠮᠡᠭ ᠂
  14. ᠬᠥᠮᠥᠨ ᠪᠢᠴᠢᠭ᠌ ᠰᠣᠨᠢᠨ ᠤ ᠡᠷᠬᠢᠯᠡᠭᠴᠢ ᠪ ∙ ᠡᠯᠪᠡᠭ᠍ᠵᠠᠶᠠᠭ᠎ᠠ ᠨᠠᠷ ᠳᠤ ᠭᠠᠷᠳᠠᠭᠤᠯᠪᠠ᠃

 

ᠮᠣᠩᠭ᠋᠋ᠤᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢ ᠭᠠᠷᠳᠠᠭᠤᠯᠤᠭᠰᠠᠨ ᠤ ᠳᠠᠷᠠᠭ᠎ᠠ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵᠠ‍᠂ ᠡᠩᠬᠡᠪᠣᠯᠤᠳ᠄

 

《ᠲᠠ ᠪᠦᠬᠦᠨ ᠳᠥ ᠦᠨᠳᠦᠰᠦᠨ ᠦ ᠪᠢᠴᠢᠭ᠌ ᠦᠰᠦᠭ ᠦᠨ ᠪᠠᠶᠠᠷ ᠤᠨ ᠮᠡᠨᠳᠦ ᠢᠢ ᠳᠡᠪᠰᠢᠭᠦᠯᠦᠶ᠎ᠡ᠃ ᠮᠣᠩᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ 2004 ᠣᠨ ᠳᠤ ᠴᠢᠩᠭᠢᠰ ᠬᠠᠭᠠᠨ ᠤ ᠢᠭ᠍ᠭᠡᠭ᠍ᠰᠡᠨ ᠮᠣᠩᠭᠣᠯ ᠲᠥᠷᠥ ᠢᠢᠨ ᠪᠢᠴᠢᠭ᠌ ᠬᠡᠷᠡᠭᠯᠡᠭᠰᠡᠨ ᠦ 800 ᠵᠢᠯ ᠦᠨ ᠣᠢ ᠢᠢ ᠲᠡᠮᠳᠡᠭᠯᠡᠵᠦ ᠡᠬᠢᠯᠡᠭᠰᠡᠨ ᠡᠴᠡ ᠬᠣᠢᠢᠰᠢ ᠮᠣᠩᠭᠣᠯ ᠤᠯᠤᠰ 15 ᠳ᠋ᠠᠬᠢ ᠵᠢᠯ ᠳᠥ ᠪᠡᠨ ᠦᠨᠳᠦᠰᠦᠨ ᠦ ᠪᠢᠴᠢᠭ᠌ ᠦᠰᠦᠭ ᠦᠨ ᠪᠠᠶᠠᠷ ᠢ ᠵᠢᠯ ᠪᠦᠷᠢ ᠢᠢᠨ 5 ᠳ᠋ᠤᠭᠠᠷ ᠰᠠᠷ᠎ᠠ ᠢᠢᠨ ᠡᠬᠢᠨ ᠦ ᠨᠢᠮ᠎ᠠ ᠭᠠᠷᠠᠭ ᠲᠤ ᠲᠡᠮᠳᠡᠭᠯᠡᠵᠦ ᠪᠠᠢᠢᠨ᠎ᠠ᠃

 

ᠥᠨᠥ ᠵᠢᠯ ᠦᠨᠳᠦᠰᠦᠨ ᠦ ᠪᠢᠴᠢᠭ᠌ ᠦᠰᠦᠭ ᠦᠨ ᠪᠠᠶᠠᠷ ᠢ ᠲᠣᠬᠢᠶᠠᠯᠳᠤᠭᠤᠯᠤᠨ ᠮᠣᠩᠭᠣᠯ ᠤᠯᠤᠰ ᠤᠨ ᠶᠡᠷᠦᠩᠬᠡᠢᠢᠯᠡᠭᠴᠢ ᠬᠠ‍᠂ᠪᠠᠲᠤᠲᠤᠯᠭ᠎ᠠ 2018 ᠣᠨ ᠤ 5 ᠳ᠋ᠤᠭᠠᠷ ᠰᠠᠷ᠎ᠠ ᠢᠢᠨ 03 ᠍ ᠤ ᠡᠳᠦᠷ 《ᠮᠣᠩᠭᠣᠯ ᠪᠢᠴᠢᠭ᠌ ᠦᠨ ᠬᠡᠷᠡᠭᠯᠡᠭᠡ ᠢᠢ ᠨᠡᠮᠡᠭᠳᠡᠭᠦᠯᠬᠦ ᠠᠵᠢᠯ ᠢ ᠡᠷᠴᠢᠮᠵᠢᠭᠦᠯᠬᠦ ᠲᠤᠬᠠᠢ》 46 ᠳ᠋ᠤᠭᠠᠷ ᠵᠠᠷᠯᠢᠭ ᠭᠠᠷᠭᠠᠭᠰᠠᠨ ᠢ ᠵᠠᠷᠢᠮ ᠪᠠᠢᠢᠭᠤᠯᠤᠯᠭ᠎ᠠ ᠳᠤ ᠭᠠᠷᠳᠠᠭᠤᠯᠤᠨ ᠥᠭ᠍ᠭᠦᠯ᠎ᠡ᠃

 

ᠮᠣᠩᠭᠣᠯ ᠬᠡᠯᠡ ᠨᠢ ᠮᠣᠩᠭᠣᠯ ᠬᠦᠮᠦᠨ ᠦ ᠣᠶᠤᠨ ᠰᠡᠳᠬᠢᠯᠭᠡ ᠢᠢ ᠪᠦᠷᠢᠯᠳᠦᠭᠦᠯᠵᠦ᠂ ᠮᠣᠩᠭᠣᠯ ᠰᠤᠶᠤᠯ᠂ ᠮᠣᠩᠭᠣᠯ ᠬᠦᠮᠦᠨ ᠢ ᠪᠦᠲᠦᠭᠡᠳᠡᠭ ᠪᠣᠯ ᠮᠣᠩᠭᠣᠯ ᠪᠢᠴᠢᠭ᠌ ᠨᠢ ᠮᠣᠩᠭᠣᠯ ᠬᠡᠯᠡ᠂ ᠰᠡᠳᠬᠢᠯᠭᠡ᠂ ᠰᠤᠶᠤᠯ ᠢᠷᠭᠡᠨᠰᠢᠯ ᠦᠨ ᠠᠶᠤᠯ ᠦᠭᠡᠢ ᠪᠠᠢᠢᠳᠠᠯ ᠢ ᠬᠠᠳᠠᠭᠠᠯᠠᠨ ᠪᠠᠲᠤᠵᠢᠭᠤᠯᠤᠭᠴᠢ ᠪᠣᠯᠳᠠᠭ᠃ ᠮᠣᠩᠭᠣᠯ ᠤᠯᠤᠰ ᠤᠨ ᠦᠨᠳᠦᠰᠦᠨ ᠦ ᠠᠶᠤᠯ ᠦᠭᠡᠢ ᠪᠠᠢᠢᠳᠠᠯ ᠤᠨ ᠦᠵᠡᠯ ᠪᠠᠷᠢᠮᠲᠠᠯᠠᠯ ᠳᠤ 《ᠦᠨᠳᠦᠰᠦᠨ ᠦ ᠲᠡᠦᠬᠡ᠂ ᠬᠡᠯᠡ᠂ ᠰᠤᠶᠤᠯ᠂ ᠥᠪ ᠤᠯᠠᠮᠵᠢᠯᠠᠯ᠂ ᠵᠠᠩ ᠵᠠᠩᠰᠢᠯ ᠢᠶᠠᠨ ᠬᠠᠳᠠᠭᠠᠯᠠᠵᠤ᠂ ᠬᠠᠮᠠᠭᠠᠯᠠᠵᠤ ᠬᠥᠭ᠍ᠵᠢᠭᠦᠯᠬᠦ ᠨᠢ ᠮᠣᠩᠭᠣᠯ ᠦᠨᠳᠦᠰᠦᠲᠡᠨ ᠦ ᠣᠷᠣᠰᠢᠨ ᠲᠣᠭᠲᠠᠨᠢᠬᠤ ᠢᠢᠨ ᠦᠨᠳᠦᠰᠦ᠂ ᠠᠮᠢᠨ ᠴᠢᠬᠤᠯᠠ ᠳᠠᠷᠬᠠᠯᠠᠭ᠎ᠠ ᠮᠥᠨ ᠬᠡᠮᠡᠭᠡᠳ ᠮᠣᠩᠭᠣᠯ ᠬᠡᠯᠡ᠂ ᠪᠢᠴᠢᠭ᠌ ᠦᠨ ᠰᠤᠶᠤᠯ ᠢᠶᠠᠨ ᠬᠠᠮᠠᠭᠠᠯᠠᠨ ᠬᠥᠭ᠍ᠵᠢᠭᠦᠯᠵᠦ᠂ ᠤᠯᠠᠮᠵᠢᠯᠠᠯᠲᠤ ᠮᠣᠩᠭᠣᠯ ᠪᠢᠴᠢᠭ᠌ ᠦᠨ ᠰᠤᠷᠭᠠᠯᠲᠠ᠂ ᠬᠡᠷᠡᠭᠯᠡᠭᠡ ᠢᠢ ᠨᠡᠮᠡᠭᠳᠡᠭᠦᠯᠦᠨ᠎ᠡ》 ᠭᠡᠵᠦ ᠵᠢᠭᠠᠭᠰᠠᠨ ᠪᠠᠢᠢᠳᠠᠭ᠃ ᠮᠣᠩᠭᠣᠯ ᠤᠯᠤᠰ ᠤᠨ ᠶᠡᠷᠦᠩᠬᠡᠢᠢᠯᠡᠭᠴᠢ ᠬᠠ‍᠂ᠪᠠᠲᠤᠲᠤᠲᠤᠯᠭ᠎ᠠ 2017-2021 ᠣᠨ ᠳᠤ ᠬᠡᠷᠡᠭᠵᠢᠭᠦᠯᠬᠦ ᠪᠣᠳᠣᠯᠭ᠎ᠠ᠂ ᠦᠢᠯᠡ ᠠᠵᠢᠯᠯᠠᠭᠠᠨ ᠤ ᠬᠥᠲᠥᠯᠪᠦᠷᠢ ᠳᠦ ᠪᠡᠨ 《ᠳᠠᠶᠠᠭᠠᠷᠰᠢᠯ᠂ ᠲᠧᠭᠨᠣᠯᠣᠭᠢ ᠢᠢᠨ ᠬᠤᠷᠳᠤᠴᠠᠲᠠᠢ ᠬᠥᠭ᠍ᠵᠢᠯ ᠦᠨ ᠡᠷᠢᠨ ᠦᠶ᠎ᠡ ᠳᠥ ᠦᠨᠳᠦᠰᠦᠨ ᠦ ᠪᠡᠨ ᠲᠡᠦᠬᠡᠨ ᠤᠯᠠᠮᠵᠢᠯᠠᠯ᠂ ᠬᠡᠯᠡ᠂ ᠰᠤᠶᠤᠯ ᠤᠨ ᠳᠠᠷᠬᠠᠯᠠᠭ᠎ᠠ ᠢᠢ ᠬᠠᠮᠠᠭᠠᠯᠠᠬᠤ》 ᠵᠢᠭᠠᠯᠲᠠ ᠲᠤᠰᠬᠠᠭᠰᠠᠨ᠃

 

ᠰᠡᠭᠦᠯ ᠦᠨ ᠦᠶ᠎ᠡ ᠳᠥ ᠨᠡᠢᠢᠭᠡᠮ ᠤᠨ ᠰᠦᠯᠵᠢᠶᠡᠨ ᠳᠥ ᠣᠯᠠᠨ ᠨᠡᠢᠢᠲᠡ ᠢᠢ ᠬᠠᠮᠤᠷᠤᠭᠰᠠᠨ᠂ ᠲᠥᠷᠥ ᠵᠠᠰᠠᠭ ᠤᠨ ᠪᠠᠢᠢᠭᠤᠯᠤᠯᠭ᠎ᠠ ᠨᠤᠭᠤᠳ ᠤᠨ ᠠᠩᠬᠠᠷᠤᠯ ᠢ ᠱᠠᠭᠠᠷᠳᠠᠭᠰᠠᠨ ᠰᠡᠳᠦᠪ ᠪᠣᠯ ᠮᠣᠩᠭᠣᠯ ᠪᠢᠴᠢᠭ᠌ ᠦᠨ ᠶᠦᠨᠢᠺᠣᠳ᠋ ᠪᠤᠶᠤ ᠣᠯᠠᠨ ᠤᠯᠤᠰ ᠤᠨ ᠰᠲ᠋ᠠᠨ᠋ᠳᠠᠷᠲ ᠺᠣᠳ᠋ᠴᠢᠯᠠᠯ ᠤᠨ ᠠᠰᠠᠭᠤᠳᠠᠯ ᠪᠣᠯᠤᠯ᠎ᠠ᠃ ᠮᠠᠨ ᠤ ᠤᠯᠤᠰ ᠮᠣᠩᠭᠣᠯ ᠪᠢᠴᠢᠭ᠌ ᠦᠨ ᠴᠠᠬᠢᠮ ᠬᠡᠷᠡᠭᠯᠡᠭᠡᠨ ᠦ ᠦᠨᠳᠦᠰᠦᠨ ᠦ ᠰᠲ᠋ᠠᠨ᠋ᠳᠠᠷᠲ 《ᠮᠣᠩᠭ᠋ᠣᠯᠵᠢᠨ ᠪᠢᠴᠢᠭ᠌ ᠦᠨ ᠺᠣᠳ᠋ ᠍ ᠢ ᠬᠡᠷᠡᠭᠯᠡᠬᠦ ᠳᠦᠷᠢᠮ》 ᠍ ᠢ 2000 ᠣᠨ ᠳᠤ ᠪᠠᠲᠤᠯᠠᠭᠰᠠᠨ ᠠᠴᠠ ᠬᠣᠢᠢᠰᠢ ᠲᠥᠷᠥ ᠢᠢᠨ ᠬᠣᠯᠪᠣᠭ᠋ᠣᠳᠠᠬᠤ ᠪᠠᠢᠢᠭᠤᠯᠤᠯᠭ᠎ᠠ ᠨᠤᠭᠤᠳ ᠠᠩᠬᠠᠷᠤᠯ ᠬᠠᠨᠳᠤᠭᠤᠯᠵᠤ᠂ ᠶᠠᠮᠠᠷ ᠨᠢᠭᠡᠨ ᠰᠢᠨᠡᠴᠢᠯᠡᠨ ᠬᠥᠭ᠍ᠵᠢᠭᠦᠯᠬᠦ᠂ ᠵᠠᠰᠠᠵᠤ ᠰᠠᠢᠢᠵᠢᠷᠠᠭᠤᠯᠬᠤ ᠠᠵᠢᠯ ᠢ ᠬᠢᠭᠡ ᠦᠭᠡᠢ ᠥᠳᠥ ᠢᠢ ᠬᠦᠷᠦᠭᠰᠡᠨ ᠡᠴᠡ ᠮᠣᠩᠭᠣᠯ ᠤᠯᠤᠰ ᠤᠨ ᠦᠨᠳᠦᠰᠦᠨ ᠦ ᠰᠲ᠋ᠠᠨ᠋ᠳᠠᠷᠲ ᠬᠣᠴᠣᠷᠠᠭᠳᠠᠵᠤ᠂ ᠣᠳᠣ ᠢᠢᠨ ᠣᠯᠠᠨ ᠤᠯᠤᠰ ᠤᠨ ᠺᠣᠳ᠋ᠴᠢᠯᠠᠯ ᠠᠴᠠ ᠵᠥᠷᠢᠭᠦᠦ ᠲᠡᠢ᠂ ᠠᠯᠳᠠᠭ᠎ᠠ ᠲᠠᠢ ᠪᠣᠯᠤᠭᠰᠠᠨ ᠪᠠᠢᠢᠨ᠎ᠠ᠃

 

ᠤᠭ ᠠᠰᠠᠭᠤᠳᠠᠯ ᠲᠠᠢ ᠬᠣᠯᠪᠣᠭᠳᠠᠭᠤᠯᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠠᠴᠠ ᠮᠣᠩᠭᠣᠯ ᠬᠡᠯᠡᠨ ᠦ ᠲᠤᠬᠠᠢ ᠬᠠᠤᠯᠢ ᠢᠢᠨ ᠬᠡᠷᠡᠭᠵᠢᠯᠲᠡ ᠳᠥ ᠠᠨᠠᠯᠢᠽ ᠬᠢᠵᠦ ᠦᠵᠡᠬᠦ ᠳᠥ ᠬᠠᠤᠯᠢ ᠢᠢᠨ ᠬᠡᠷᠡᠭᠵᠢᠯᠲᠡ ᠲᠤᠩ ᠬᠠᠩᠭ᠋ᠠᠯᠲᠠ ᠦᠭᠡᠢ ᠪᠠᠢᠢᠨ᠎ᠠ᠃ ᠬᠠᠤᠯᠢ ᠮᠥᠷᠳᠡᠭᠳᠡᠵᠦ ᠡᠬᠢᠯᠡᠭᠡᠳ 3 ᠵᠢᠯ ᠦᠨ ᠬᠤᠭᠤᠴᠠᠭ᠎ᠠ ᠥᠩᠭᠡᠷᠡᠬᠦ ᠳᠥ ᠬᠠᠤᠯᠢ ᠪᠠᠷ ᠡᠭᠦᠷᠭᠡ ᠬᠦᠯᠢᠶᠡᠭᠰᠡᠨ ᠪᠠᠢᠢᠭᠤᠯᠤᠯᠭ᠎ᠠ ᠨᠤᠭᠤᠳ ᠡᠭᠦᠷᠭᠡᠲᠦ ᠠᠵᠢᠯ ᠢᠶᠠᠨ ᠬᠢᠵᠦ ᠡᠬᠢᠯᠡᠭᠦᠯᠦᠭᠡ ᠦᠭᠡᠢ᠂ ᠲᠡᠷᠡ ᠪᠠᠢᠢᠲᠤᠭᠠᠢ ᠥᠪᠡᠷ ᠦᠨ ᠡᠭᠦᠷᠭᠡ ᠬᠦᠯᠢᠶᠡᠭᠰᠡᠨ ᠵᠢᠭᠠᠯᠲᠠ ᠪᠠᠨ ᠴᠤ ᠮᠡᠳᠡᠬᠦ ᠦᠭᠡᠢ ᠬᠡᠮᠵᠢᠶᠡᠨ ᠳᠥ ᠪᠠᠢᠢᠭ᠎ᠠ ᠨᠢ ᠬᠠᠷᠠᠮᠰᠠᠯ ᠲᠠᠢ᠃

 

ᠡᠢᠢᠮᠦ ᠳᠥ ᠮᠣᠩᠭᠣᠯ ᠤᠯᠤᠰ ᠤᠨ ᠶᠡᠷᠦᠩᠬᠡᠢᠢᠯᠡᠭᠴᠢ ᠮᠣᠩᠭᠣᠯ ᠬᠡᠯᠡᠨ ᠦ ᠲᠤᠬᠠᠢ ᠬᠠᠤᠯᠢ ᠢᠢᠨ 9.1.3 ᠳ᠋ᠠᠬᠢ ᠵᠢᠭᠠᠯᠲᠠ ᠪᠠᠷ ᠬᠦᠯᠢᠶᠡᠭᠰᠡᠨ 《ᠮᠣᠩᠭᠣᠯ ᠬᠡᠯᠡ᠂ ᠪᠢᠴᠢᠭ᠌ ᠦᠰᠦᠭ ᠢᠶᠡᠨ ᠬᠡᠷᠡᠭᠯᠡᠬᠦ᠂ ᠡᠵᠡᠮᠰᠢᠬᠦ᠂ ᠬᠠᠮᠠᠭᠠᠯᠠᠬᠤ᠂ ᠬᠥᠭ᠍ᠵᠢᠭᠦᠯᠬᠦ ᠴᠢᠭᠯᠡᠯ ᠢᠶᠡᠷ ᠵᠠᠷᠯᠢᠭ ᠭᠠᠷᠭᠠᠬᠤ᠂ ᠲᠥᠷᠥ ᠢᠢᠨ ᠬᠣᠯᠪᠣᠭᠳᠠᠬᠤ ᠪᠠᠢᠢᠭᠤᠯᠤᠯᠭ᠎ᠠ ᠳᠤ ᠴᠢᠭᠯᠡᠯ ᠥᠭ᠍ᠬᠦ》 ᠡᠷᠬᠡ ᠡᠭᠦᠷᠭᠡ ᠢᠢᠨ ᠢᠶᠡᠨ ᠬᠦᠷᠢᠶᠡᠨ ᠳᠥ ᠦᠨᠳᠦᠰᠦᠨ ᠦ ᠪᠢᠴᠢᠭ᠌ ᠦᠰᠦᠭ ᠦᠨ ᠪᠠᠶᠠᠷ ᠢ ᠲᠣᠬᠢᠶᠠᠯᠳᠤᠭᠤᠯᠤᠨ ᠮᠣᠩᠭᠣᠯ ᠪᠢᠴᠢᠭ᠌ ᠦᠨ ᠬᠡᠷᠡᠭᠯᠡᠭᠡ ᠢᠢ ᠨᠡᠮᠡᠭᠳᠡᠭᠦᠯᠬᠦ ᠠᠵᠢᠯ ᠢ ᠡᠷᠴᠢᠮᠵᠢᠭᠦᠯᠬᠦ ᠲᠠᠯ᠎ᠠ ᠪᠠᠷ ᠵᠠᠷᠢᠮ ᠪᠠᠢᠢᠭᠤᠯᠤᠯᠭ᠎ᠠ ᠨᠤᠭᠤᠳ ᠲᠤ ᠳᠠᠷᠠᠭᠠᠬᠢ ᠡᠭᠦᠷᠭᠡ ᠴᠢᠭᠯᠡᠯ ᠥᠭ᠍ᠭᠦᠭᠰᠡᠨ ᠵᠠᠷᠯᠢᠭ ᠢ ᠭᠠᠷᠭᠠᠭᠰᠠᠨ ᠶᠤᠮ᠃

 

1  ᠳᠦᠭᠡᠷ ᠲᠥ᠄ ᠮᠣᠩᠭᠣᠯ ᠬᠡᠯᠡᠨ ᠦ ᠲᠤᠬᠠᠢ ᠬᠠᠤᠯᠢ ᠪᠠᠷ ᠮᠡᠳᠡᠭᠡᠯᠡᠯ᠂ ᠬᠠᠷᠢᠯᠴᠠᠭ᠎ᠠ ᠬᠣᠯᠪᠣᠭᠠᠨ ᠤ ᠠᠰᠠᠭᠤᠳᠠᠯ ᠡᠷᠬᠢᠯᠡᠭᠰᠡᠨ ᠲᠥᠷᠥ ᠢᠢᠨ ᠵᠠᠬᠢᠷᠭᠠᠨ ᠤ ᠪᠠᠢᠢᠭᠤᠯᠤᠯᠭ᠎ᠠ ᠪᠤᠶᠤ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠦᠨ ᠲᠧᠭᠨᠣᠯᠣᠭᠢ ᠢᠢᠨ ᠭᠠᠵᠠᠷ ᠨᠢ ᠴᠠᠬᠢᠮ ᠤᠷᠴᠢᠨ ᠳᠤ ᠮᠣᠩᠭᠣᠯ ᠬᠡᠯᠡ᠂ ᠪᠢᠴᠢᠭ᠌ ᠦᠨ ᠬᠡᠷᠡᠭᠯᠡᠭᠡ ᠢᠢ ᠨᠡᠮᠡᠭᠳᠡᠭᠦᠯᠬᠦ; ᠡᠷᠬᠡ ᠪᠦᠬᠦᠢ ᠰᠤᠳᠤᠯᠭᠠᠨ ᠤ ᠪᠠᠢᠢᠭᠤᠯᠤᠯᠭ᠎ᠠ ᠪᠤᠶᠤ ᠰᠢᠨᠵᠢᠯᠡᠬᠦ ᠤᠬᠠᠭᠠᠨ ᠤ ᠠᠺᠠᠳᠧᠮᠢ ᠢᠢᠨ ᠬᠡᠯᠡ᠂ ᠵᠣᠬᠢᠶᠠᠯ ᠤᠨ ᠬᠦᠷᠢᠶᠡᠯᠡᠩ ᠨᠢ ᠮᠣᠩᠭᠣᠯ ᠬᠡᠯᠡ᠂ ᠪᠢᠴᠢᠭ᠌ ᠦᠨ ᠵᠥᠪ ᠪᠢᠴᠢᠬᠦ ᠳᠦᠷᠢᠮ᠂ ᠬᠡᠷᠡᠭᠯᠡᠭᠡ ᠲᠡᠢ ᠬᠣᠯᠪᠣᠭᠠᠲᠠᠢ ᠰᠲ᠋ᠠᠨ᠋ᠳᠠᠷᠲ ᠢ ᠪᠣᠯᠪᠠᠰᠤᠷᠠᠭᠤᠯᠵᠤ᠂ ᠰᠲ᠋ᠠᠨ᠋ᠳᠠᠷᠲ᠋ᠴᠢᠯᠠᠯ᠂ ᠲᠣᠬᠢᠷᠠᠯ ᠤᠨ ᠦᠨᠡᠯᠡᠭᠡᠨ ᠦ ᠲᠤᠬᠠᠢ ᠬᠠᠤᠯᠢ ᠢᠢᠨ 6.5 ᠍ ᠳᠤ ᠵᠢᠭᠠᠭᠰᠠᠨ ᠤ ᠳᠠᠭᠠᠤ ᠪᠠᠲᠤᠯᠠᠭᠤᠯᠬᠤ ᠡᠭᠦᠷᠭᠡ ᠬᠦᠯᠢᠶᠡᠭᠰᠡᠨ᠃ ᠡᠳᠡᠭᠡᠷ ᠪᠠᠢᠢᠭᠤᠯᠤᠯᠭ᠎ᠠ ᠢᠢ ᠬᠠᠤᠯᠢ ᠪᠠᠷ ᠬᠦᠯᠢᠶᠡᠭᠰᠡᠨ ᠡᠭᠦᠷᠭᠡ ᠪᠡᠨ ᠪᠡᠶᠡᠯᠡᠭᠦᠯᠵᠦ᠂ ᠮᠣᠩᠭᠣᠯ ᠪᠢᠴᠢᠭ᠌ ᠦᠨ ᠴᠠᠬᠢᠮ ᠺᠣᠳ᠋ ᠍ ᠤᠨ ᠠᠰᠠᠭᠤᠳᠠᠯ ᠢ ᠦᠨᠳᠦᠰᠦᠨ ᠦ ᠬᠡᠮᠵᠢᠶᠡᠨ ᠳᠥ ᠰᠢᠭᠤᠷᠬᠠᠢ ᠰᠢᠢᠳᠪᠦᠷᠢᠯᠡᠵᠦ ᠪᠠᠲᠤᠯᠠᠭᠤᠯᠬᠤ᠂ 2000 ᠣᠨ ᠠᠴᠠ ᠬᠣᠢᠢᠰᠢ ᠥᠳᠥ ᠢᠢ ᠬᠦᠷᠲᠡᠯ᠎ᠡ ᠠᠩᠬᠠᠷᠤᠯ ᠦᠭᠡᠢ ᠣᠷᠬᠢᠭᠰᠠᠨ ᠰᠢᠭ ᠣᠷᠬᠢᠯ ᠦᠭᠡᠢ ᠪᠡᠷ ᠴᠢᠨᠠᠭᠰᠢᠳᠠ ᠬᠥᠭ᠍ᠵᠢᠭᠦᠯᠦᠯᠲᠡ ᠢᠢ ᠬᠠᠷᠢᠭᠤᠴᠠᠬᠤ ᠢᠢ ᠴᠢᠭᠯᠡᠯ ᠪᠣᠯᠭᠠᠭᠰᠠᠨ᠃ ᠦᠨᠳᠦᠰᠦᠨ ᠦ ᠰᠲ᠋ᠠᠨ᠋ᠳᠠᠷᠲ ᠢ ᠪᠠᠲᠤᠯᠠᠬᠤ ᠪᠣᠯᠤᠨ ᠣᠯᠠᠨ ᠤᠯᠤᠰ ᠤᠨ ᠰᠲ᠋ᠠᠨ᠋ᠳᠠᠷᠲ ᠲᠤ ᠰᠠᠨᠠᠯ ᠥᠭᠴᠦ ᠤᠷᠤᠯᠴᠠᠬᠤ ᠨᠢ ᠰᠲ᠋ᠠᠨ᠋ᠳᠠᠷᠲ᠋ᠴᠢᠯᠠᠯ᠂ ᠬᠡᠮᠵᠢᠯ ᠵᠦᠢ ᠢᠢᠨ ᠭᠠᠵᠠᠷ ᠤᠨ ᠬᠠᠤᠯᠢ ᠪᠠᠷ ᠬᠦᠯᠢᠶᠡᠭᠰᠡᠨ ᠡᠭᠦᠷᠭᠡ ᠪᠥᠭᠡᠳ ᠰᠲ᠋ᠠᠨ᠋ᠳᠠᠷᠲ ᠤᠨ ᠠᠰᠠᠭᠤᠳᠠᠯ ᠨᠢ ᠰᠢᠳᠠᠷ ᠰᠠᠢᠢᠳ ᠤᠨ ᠡᠷᠬᠢᠯᠡᠬᠦ ᠠᠰᠠᠭᠤᠳᠠᠯ ᠤᠨ ᠬᠦᠷᠢᠶᠡᠨ ᠳᠥ ᠪᠠᠭᠲᠠᠳᠠᠭ ᠲᠤᠯᠠ ᠤᠭ ᠠᠰᠠᠭᠤᠳᠠᠯ ᠢ ᠠᠩᠬᠠᠷᠤᠯ ᠳᠤ ᠪᠠᠨ ᠠᠪᠴᠤ᠂ ᠡᠴᠦᠰᠯᠡᠨ ᠰᠢᠢᠳᠪᠦᠷᠢᠯᠡᠬᠦ ᠢᠢ ᠳᠠᠭᠠᠭᠠᠯᠭᠠᠵᠤ ᠪᠠᠢᠢᠭ᠎ᠠ ᠶᠤᠮ᠃

 

2 ᠳ᠋ᠤᠭᠠᠷ ᠲᠤ᠄ 2025 ᠣᠨ ᠠᠴᠠ ᠲᠥᠷᠥ ᠢᠢᠨ ᠪᠣᠯᠤᠨ ᠣᠷᠣᠨ ᠨᠤᠲᠤᠭ ᠤᠨ ᠥᠪᠡᠷ ᠢᠶᠡᠨ ᠤᠳᠤᠷᠢᠳᠬᠤ ᠪᠠᠢᠢᠭᠤᠯᠤᠯᠭ᠎ᠠ ᠠᠯᠪᠠᠨ ᠪᠢᠴᠢᠭ᠌ ᠢᠶᠡᠨ ᠺᠢᠷᠢᠯ ᠪᠣᠯᠤᠨ ᠦᠨᠳᠦᠰᠦᠨ ᠦ ᠬᠣᠣᠰ ᠪᠢᠴᠢᠭ᠌ ᠢᠶᠡᠷ ᠬᠥᠲᠥᠯᠦᠨ ᠶᠠᠪᠤᠭᠤᠯᠬᠤ ᠢᠢᠨ ᠦᠨᠳᠦᠰᠦᠨ ᠪᠡᠯᠡᠳᠬᠡᠯ ᠨᠢ ᠮᠣᠩᠭᠣᠯ ᠪᠢᠴᠢᠭ᠌ ᠦᠨ ᠳᠤᠮᠳᠠ ᠪᠣᠯᠤᠨ ᠤᠷᠲᠤ ᠬᠤᠭᠤᠴᠠᠭᠠᠨ ᠤ ᠦᠨᠳᠦᠰᠦᠨ ᠦ ᠬᠥᠲᠥᠯᠪᠦᠷᠢ ᠢᠢ ᠪᠣᠯᠪᠠᠰᠤᠷᠠᠭᠤᠯᠤᠨ ᠬᠡᠷᠡᠭᠵᠢᠭᠦᠯᠬᠦ ᠭᠡᠳ ᠬᠠᠤᠯᠢ ᠳᠤ ᠵᠢᠭᠠᠭᠰᠠᠨ ᠠᠲᠠᠯ᠎ᠠ ᠬᠠᠤᠯᠢ ᠮᠥᠷᠳᠡᠭᠳᠡᠵᠦ ᠡᠬᠢᠯᠡᠭᠡᠳ 3 ᠵᠢᠯ ᠪᠣᠯᠬᠤ ᠳᠤ ᠪᠣᠯᠪᠠᠰᠤᠷᠠᠯ ᠤᠨ ᠶᠠᠮᠤ ᠤᠭ ᠬᠥᠲᠥᠯᠪᠦᠷᠢ ᠢᠢ ᠪᠣᠯᠪᠠᠰᠤᠷᠠᠭᠤᠯᠵᠤ ᠪᠠᠲᠤᠯᠠᠭ᠎ᠠ ᠦᠭᠡᠢ ᠪᠠᠢᠢᠨ᠎ᠠ᠃ ᠲᠡᠢᠢᠮᠦ ᠡᠴᠡ 2018 ᠣᠨ ᠳᠤ ᠪᠠᠭᠲᠠᠭᠠᠨ ᠮᠣᠩᠭᠣᠯ ᠪᠢᠴᠢᠭ᠌ ᠦᠨ ᠳᠤᠮᠳᠠ ᠪᠣᠯᠤᠨ ᠤᠷᠲᠤ ᠬᠤᠭᠤᠴᠠᠭᠠᠨ ᠤ ᠦᠨᠳᠦᠰᠦᠨ ᠦ ᠬᠥᠲᠥᠯᠪᠦᠷᠢ ᠢᠢ ᠪᠣᠯᠪᠠᠰᠤᠷᠠᠭᠤᠯᠤᠨ ᠪᠠᠲᠤᠯᠠᠵᠤ᠂ ᠬᠡᠷᠡᠭᠵᠢᠭᠦᠯᠬᠦ ᠬᠡᠷᠡᠭᠲᠡᠢ᠃ ᠮᠣᠩᠭᠣᠯ ᠪᠢᠴᠢᠭ᠌ ᠢᠶᠡᠷ ᠤᠩᠰᠢᠵᠤ᠂ ᠪᠢᠴᠢᠬᠦ ᠪᠣᠯ ᠮᠡᠳᠡᠯᠭᠡ ᠡᠴᠡ ᠬᠡᠲᠦᠷᠬᠦ ᠦᠭᠡᠢ᠃ ᠣᠷᠴᠢᠨ ᠴᠠᠭ ᠲᠤ ᠮᠣᠩᠭᠣᠯ ᠪᠢᠴᠢᠭ᠌ ᠦᠨ ᠬᠡᠷᠡᠭᠯᠡᠭᠡ ᠴᠠᠬᠢᠮ ᠤᠷᠴᠢᠨ ᠳᠤ ᠰᠠᠭᠤᠷᠢᠯᠠᠨ᠎ᠠ᠃ ᠲᠡᠢᠢᠮᠦ ᠡᠴᠡ ᠴᠠᠬᠢᠮ ᠤᠷᠴᠢᠨ ᠳᠤ ᠮᠣᠩᠭᠣᠯ ᠪᠢᠴᠢᠭ᠌ ᠢ ᠠᠰᠢᠭᠯᠠᠬᠤ᠂ ᠪᠢᠴᠢᠪᠦᠷᠢ ᠪᠣᠯᠪᠠᠰᠤᠷᠠᠭᠤᠯᠬᠤ ᠪᠦᠷᠢᠨ ᠴᠢᠳᠠᠮᠵᠢ ᠢᠢ ᠪᠦᠬᠦ ᠱᠠᠲᠤᠨ ᠤ ᠪᠣᠯᠪᠠᠰᠤᠷᠠᠯ ᠤᠨ ᠬᠥᠲᠥᠯᠪᠦᠷᠢ ᠪᠡᠷ ᠡᠵᠡᠮᠰᠢᠳᠡᠭ ᠪᠠᠢᠢᠬᠤ ᠵᠠᠢᠢᠯᠠᠰᠢ ᠦᠭᠡᠢ ᠱᠠᠭᠠᠷᠳᠠᠯᠭ᠎ᠠ ᠲᠠᠢ᠃ ᠢᠷᠭᠡᠳ᠂ ᠪᠠᠭᠰᠢ ᠨᠠᠷ᠂ ᠡᠷᠳᠡᠮᠲᠡᠨ ᠰᠤᠳᠤᠯᠤᠭᠠᠴᠢᠳ ᠠᠴᠠ ᠬᠠᠮᠤᠭ ᠤᠨ ᠶᠡᠬᠡ ᠪᠡᠷ ᠭᠠᠷᠴᠤ ᠪᠤᠢ ᠰᠠᠨᠠᠯ ᠪᠣᠯ ᠡᠯᠰᠡᠯᠲᠡ ᠢᠢᠨ ᠰᠢᠯᠭᠠᠯᠲᠠ ᠳᠤ ᠵᠠᠪᠠᠯ ᠠᠪᠴᠤ ᠪᠤᠢ ᠮᠣᠩᠭᠣᠯ ᠬᠡᠯᠡ᠂ ᠪᠢᠴᠢᠭ᠌ ᠦᠨ ᠰᠢᠯᠭᠠᠯᠲᠠ ᠳᠤ ᠪᠣᠱᠤᠭᠤ ᠣᠨᠣᠭ᠎ᠠ ᠲᠣᠭᠲᠠᠭᠠᠬᠤ ᠠᠰᠠᠭᠤᠳᠠᠯ ᠶᠤᠮ᠃ ᠪᠣᠱᠤᠭᠤ ᠣᠨᠣᠭ᠎ᠠ ᠲᠠᠯᠪᠢᠬᠤ ᠦᠭᠡᠢ ᠶᠤᠮ ᠪᠣᠯ ᠰᠢᠯᠭᠠᠯᠲᠠ ᠠᠪᠴᠤ ᠢᠷᠭᠡᠳ ᠦᠨ ᠲᠠᠲᠠᠪᠤᠷᠢ ᠢᠢᠨ ᠮᠥᠩᠭᠥ᠂ ᠣᠯᠠᠨ ᠪᠠᠭᠰᠢ᠂ ᠠᠵᠢᠯᠲᠠᠨ ᠤ ᠬᠦᠴᠦ ᠬᠥᠳᠡᠯᠮᠦᠷᠢ ᠢᠢ ᠦᠷ᠎ᠡ ᠦᠭᠡᠢ ᠵᠠᠷᠤᠬᠤ ᠢᠢᠨ ᠬᠡᠷᠡᠭ ᠪᠠᠢᠢᠬᠤ ᠦᠭᠡᠢ᠃ ᠮᠣᠩᠭᠣᠯ ᠪᠢᠴᠢᠭ᠌ ᠦᠨ ᠤᠯᠤᠰ ᠤᠨ ᠣᠯᠢᠮᠫᠢᠶᠠᠳ᠋ ᠨᠡᠷ᠎ᠡ ᠲᠡᠢ ᠣᠯᠢᠮᠫᠢᠶᠠᠳ᠋ ᠍ ᠤᠳ ᠪᠠᠢᠢᠭ᠎ᠠ ᠨᠢ ᠦᠨᠡᠨ ᠳᠥ ᠪᠡᠨ ᠨᠢᠭᠡ ᠰᠤᠷᠭᠠᠭᠤᠯᠢ᠂ ᠬᠡᠪᠯᠡᠯ ᠮᠡᠳᠡᠭᠡᠯᠡᠯ ᠦᠨ ᠪᠣᠯᠤᠨ ᠲᠥᠷᠥ ᠢᠢᠨ ᠪᠤᠰᠤ ᠪᠠᠢᠢᠭᠤᠯᠤᠯᠭ᠎ᠠ ᠢᠢᠨ ᠬᠡᠮᠵᠢᠶᠡᠨ ᠡᠴᠡ ᠬᠡᠲᠦᠷᠬᠦ ᠦᠭᠡᠢ ᠪᠠᠢᠢᠨ᠎ᠠ᠃ ᠡᠨᠡ ᠬᠢᠷᠢ ᠪᠡᠷ ᠮᠣᠩᠭᠣᠯ ᠬᠡᠯᠡ᠂ ᠪᠢᠴᠢᠭ᠌ ᠦᠨ ᠦᠨᠡᠯᠡᠮᠵᠢ ᠤᠨᠠᠵᠤ ᠪᠠᠢᠢᠨ᠎ᠠ᠃ ᠡᠢᠢᠮᠦ ᠳᠥ ᠡᠯᠰᠡᠯᠲᠡ ᠢᠢᠨ ᠰᠢᠯᠭᠠᠯᠲᠠ ᠳᠤ ᠪᠣᠱᠤᠭᠤ ᠣᠨᠣᠭ᠎ᠠ ᠲᠣᠭᠲᠠᠭᠠᠬᠤ᠂ ᠲᠥᠷᠥ ᠡᠴᠡ ᠤᠯᠤᠰ ᠤᠨ ᠣᠯᠢᠮᠫᠢᠶᠠᠳ᠋ ᠠᠯᠪᠠᠨ ᠶᠣᠰᠣᠭᠠᠷ ᠵᠣᠬᠢᠶᠠᠨ ᠪᠠᠢᠢᠭᠤᠯᠬᠤ᠂ ᠪᠠᠭᠰᠢ ᠨᠠᠷ ᠢ ᠦᠨᠡᠯᠡᠵᠦ ᠤᠷᠮᠠᠰᠢᠭᠤᠯᠬᠤ ᠨᠢ ᠡᠬᠡ ᠬᠡᠯᠡ᠂ ᠦᠨᠳᠦᠰᠦᠨ ᠦ ᠪᠢᠴᠢᠭ᠌ ᠦᠨ ᠦᠨᠡᠯᠡᠮᠵᠢ ᠢᠢ ᠰᠡᠷᠭᠦᠭᠡᠵᠦ᠂ ᠰᠤᠷᠤᠭᠴᠢᠳ ᠲᠤ ᠡᠬᠡ ᠣᠷᠣᠨᠴᠢ ᠬᠦᠮᠦᠵᠢᠯ ᠣᠯᠭᠤᠬᠤ ᠢᠢᠨ ᠡᠬᠢᠯᠡᠯ ᠪᠠᠢᠢᠬᠤ ᠤᠴᠢᠷᠲᠠᠢ᠃ ᠶᠠᠮᠤᠨ ᠤ ᠡᠷᠬᠡ ᠵᠦᠢ ᠢᠢᠨ ᠪᠠᠢᠢᠳᠠᠯ ᠤᠨ ᠲᠤᠬᠠᠢ ᠬᠠᠤᠯᠢ ᠪᠠᠷ 《ᠶᠡᠷᠦᠩᠬᠡᠢᠢᠯᠡᠭᠴᠢ ᠢᠢᠨ ᠵᠠᠷᠯᠢᠭ ᠰᠢᠢᠳᠪᠦᠷᠢ ᠢᠢᠨ ᠪᠡᠶᠡᠯᠡᠯᠲᠡ ᠢᠢ ᠬᠠᠩᠭ᠋ᠠᠬᠤ᠂ ᠰᠠᠢᠢᠳ ᠤᠨ ᠡᠷᠬᠢᠯᠡᠬᠦ ᠠᠰᠠᠭᠤᠳᠠᠯ ᠤᠨ ᠬᠦᠷᠢᠶᠡᠨ ᠦ ᠴᠢᠭᠯᠡᠯ ᠢᠶᠡᠷ ᠶᠡᠷᠦᠩᠬᠡᠢᠢᠯᠡᠭᠴᠢ ᠢᠢᠨ ᠥᠭ᠍ᠭᠦᠭ᠍ᠰᠡᠨ ᠡᠭᠦᠷᠭᠡ ᠳᠠᠭᠠᠭᠠᠯᠭᠠᠪᠤᠷᠢ ᠢᠢ ᠪᠡᠶᠡᠯᠡᠭᠦᠯᠵᠦ ᠠᠵᠢᠯᠯᠠᠬᠤ》 ᠍ ᠢ ᠵᠢᠭᠠᠭᠰᠠᠨ ᠪᠠᠢᠢᠳᠠᠭ ᠲᠤᠯᠠ ᠪᠣᠯᠪᠠᠰᠤᠷᠠᠯ ᠤᠨ ᠶᠠᠮᠤᠨ ᠳᠤ ᠡᠳᠡᠭᠡᠷ ᠠᠵᠢᠯ ᠢ ᠬᠡᠷᠡᠭᠵᠢᠭᠦᠯᠬᠦ ᠢᠢ ᠡᠭᠦᠷᠭᠡ ᠪᠣᠯᠭᠠᠵᠤ ᠪᠠᠢᠢᠨ᠎ᠠ᠃

 

3 ᠳ᠋ᠤᠭᠠᠷ ᠲᠤ᠄ ᠬᠡᠷᠡᠭᠯᠡᠭᠡ ᠪᠠᠢᠢᠬᠤ ᠦᠭᠡᠢ ᠶᠤᠮ ᠤᠰᠠᠳᠴᠤ ᠳᠣᠷᠣᠢᠢᠲᠠᠳᠠᠭ᠃ ᠠᠯᠪᠠᠨ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠪᠠᠷᠢᠯᠭ᠎ᠠ ᠪᠠᠢᠢᠭᠤᠯᠤᠮᠵᠢ᠂ ᠭᠤᠳᠤᠮᠵᠢ᠂ ᠲᠠᠯᠠᠪᠠᠢ ᠢᠢᠨ ᠨᠡᠷ᠎ᠡ ᠬᠠᠶᠢᠭ᠂ ᠪᠦᠲᠦᠭᠡᠭ᠍ᠳᠡᠬᠦᠨ ᠦ ᠱᠣᠰᠢᠭ᠎ᠠ᠂ ᠪᠡᠯᠭᠡ ᠲᠡᠮᠳᠡᠭ᠂ ᠵᠠᠷ ᠰᠤᠷᠲᠠᠯᠴᠢᠯᠠᠭ᠎ᠠ ᠵᠡᠷᠭᠡ ᠢᠢ ᠦᠨᠳᠦᠰᠦᠨ ᠦ ᠪᠢᠴᠢᠭ᠌ ᠢᠶᠡᠷ ᠪᠢᠴᠢᠵᠦ ᠬᠡᠪᠰᠢᠭᠦᠯᠬᠦ ᠭᠡᠳᠡᠭ ᠪᠣᠯ ᠬᠡᠷᠡᠭᠯᠡᠭᠡ᠃ ᠬᠡᠷᠡᠭᠯᠡᠭᠡ ᠢᠢ ᠪᠤᠢ ᠪᠣᠯᠭᠠᠬᠤ ᠠᠵᠢᠯ ᠢᠶᠠᠨ ᠬᠠᠤᠯᠢ ᠢᠢᠨ ᠳᠠᠭᠠᠭᠤ ᠪᠦᠬᠦ ᠱᠠᠲᠤᠨ ᠤ ᠵᠠᠰᠠᠭ ᠳᠠᠷᠤᠭ᠎ᠠ ᠨᠠᠷ ᠬᠡᠷᠡᠭᠵᠢᠭᠦᠯᠬᠦ ᠢᠢ ᠤᠷᠢᠶᠠᠯᠠᠵᠤ ᠪᠠᠢᠢᠭ᠎ᠠ᠃

 

ᠡᠴᠦᠰ ᠦᠨ ᠳ᠋ᠦᠩ ᠳᠥ ᠪᠡᠨ ᠤᠭ ᠵᠠᠷᠯᠢᠭ ᠨᠢ ᠮᠣᠩᠭᠣᠯ ᠬᠡᠯᠡᠨ ᠦ ᠲᠤᠬᠠᠢ ᠬᠠᠤᠯᠢ ᠢᠢ ᠬᠡᠷᠡᠭᠵᠢᠭᠦᠯᠵᠦ᠂ ᠮᠣᠩᠭᠣᠯ ᠤᠯᠤᠰ ᠤᠨ ᠢᠷᠭᠡᠨ ᠦ ᠦᠨᠳᠦᠰᠦᠨ ᠦ ᠪᠢᠴᠢᠭ᠌ ᠢᠶᠡᠨ ᠰᠤᠷᠴᠤ ᠰᠤᠳᠤᠯᠬᠤ᠂ ᠥᠪᠯᠡᠬᠦ᠂ ᠥᠪᠯᠡᠭᠦᠯᠬᠦ᠂ ᠡᠵᠡᠮᠰᠢᠬᠦ᠂ ᠬᠡᠷᠡᠭᠯᠡᠬᠦ᠂ ᠬᠠᠮᠠᠭᠠᠯᠠᠬᠤ᠂ ᠬᠥᠭ᠍ᠵᠢᠭᠦᠯᠬᠦ ᠬᠠᠤᠯᠢ ᠪᠠᠷ ᠣᠯᠭᠣᠭᠳᠠᠭᠰᠠᠨ ᠡᠷᠬᠡ᠂ ᠪᠣᠯᠤᠮᠵᠢ᠂ ᠨᠥᠬᠥᠴᠡᠯ ᠢ ᠬᠠᠩᠭ᠋ᠠᠬᠤ ᠲᠥᠷᠥ ᠢᠢᠨ ᠡᠭᠦᠷᠭᠡ ᠢᠢ ᠪᠡᠶᠡᠯᠡᠭᠦᠯᠬᠦ; 2025 ᠣᠨ ᠠᠴᠠ ᠲᠥᠷᠥ ᠢᠢᠨ ᠪᠣᠯᠤᠨ ᠣᠷᠣᠨ ᠨᠤᠲᠤᠭ ᠤᠨ ᠥᠪᠡᠷ ᠢᠶᠡᠨ ᠤᠳᠤᠷᠢᠳᠬᠤ ᠪᠠᠢᠢᠭᠤᠯᠤᠯᠭ᠎ᠠ ᠠᠯᠪᠠᠨ ᠪᠢᠴᠢᠭ᠌ ᠢᠶᠡᠨ ᠺᠢᠷᠢᠯ ᠪᠣᠯᠤᠨ ᠦᠨᠳᠦᠰᠦᠨ ᠦ ᠬᠣᠣᠰ ᠪᠢᠴᠢᠭ᠌ ᠢᠶᠡᠷ ᠬᠥᠲᠥᠯᠦᠨ ᠶᠠᠪᠤᠭᠤᠯᠬᠤ ᠪᠡᠯᠡᠳᠬᠡᠯ ᠢ ᠬᠠᠩᠭ᠋ᠠᠬᠤ ᠳᠤ ᠴᠢᠭᠯᠡᠭᠳᠡᠵᠦ ᠪᠠᠢᠢᠭ᠎ᠠ ᠶᠤᠮ᠃

 

ᠡᠨᠡ ᠲᠠᠰᠢᠷᠠᠮ ᠳᠤ ᠥᠨᠥᠳᠥᠷ ᠡᠴᠡ ᠮᠣᠩᠭᠣᠯ ᠤᠯᠤᠰ ᠤᠨ ᠶᠡᠷᠦᠩᠬᠡᠢᠢᠯᠡᠭᠴᠢ ᠢᠢᠨ ᠴᠠᠬᠢᠮ ᠬᠠᠭᠤᠳᠠᠰᠤᠨ ᠤ ᠮᠣᠩᠭᠣᠯ ᠪᠢᠴᠢᠭ᠌ ᠦᠨ ᠬᠤᠪᠢᠯᠪᠤᠷᠢ ᠰᠢᠨ᠎ᠡ ᠪᠡᠷ ᠨᠡᠭᠡᠭᠡᠭᠳᠡᠵᠦ ᠪᠠᠢᠢᠭ᠎ᠠ ᠢᠢ ᠲᠠ ᠪᠦᠬᠦᠨ ᠳᠦ ᠳᠠᠭᠤᠯᠭᠠᠶ᠎ᠠ᠃

 

ᠮᠣᠩᠭᠣᠯ ᠬᠡᠯᠡ ᠪᠢᠴᠢᠭ᠌᠂ ᠲᠡᠦᠬᠡ ᠰᠤᠶᠤᠯ ᠤᠯᠠᠮ ᠳᠡᠯᠭᠡᠷᠡᠨ ᠪᠠᠲᠤᠵᠢᠵᠤ᠂ ᠮᠥᠩᠬᠡ ᠤᠷᠤᠰᠢᠬᠤ ᠪᠣᠯᠲᠤᠭᠠᠢ》 ᠭᠡᠪᠡ᠃

 

ᠮᠣᠩᠭ᠋᠋ᠤᠯ ᠤᠯᠤᠰ ᠤᠨ ᠶᠡᠷᠦᠩᠬᠡᠢᠢᠯᠡᠭᠴᠢ ᠬᠠ‍᠂ ᠪᠠᠲᠤᠲᠤᠯᠭ᠎ᠠ ᠢᠢᠨ ᠮᠣᠩᠭ᠋᠋ᠤᠯ ᠪᠢᠴᠢᠭ᠌ ᠦᠨ ᠬᠡᠷᠡᠭᠯᠡᠭᠡ ᠢᠢ ᠨᠡᠮᠡᠭᠳᠡᠭᠦᠯᠬᠦ ᠠᠵᠢᠯ ᠢ ᠡᠷᠴᠢᠮᠵᠢᠭᠦᠯᠬᠦ ᠲᠤᠬᠠᠢ ᠵᠠᠷᠯᠢᠭ᠄

 

ᠮᠣᠩᠭ᠋᠋ᠤᠯ ᠪᠢᠴᠢᠭ᠌ ᠪᠣᠯ ᠮᠣᠩᠭ᠋᠋ᠤᠯ ᠦᠨᠳᠦᠰᠦᠲᠡᠨ ᠦ ᠣᠶᠤᠨ ᠤ ᠰᠤᠶᠤᠯ ᠤᠨ ᠦᠨᠡᠲᠡᠢ ᠪᠥᠭᠡᠳ ᠪᠠᠬᠠᠷᠬᠠᠯᠳᠤ ᠥᠪ᠂ ᠮᠣᠩᠭ᠋᠋ᠤᠯ ᠬᠡᠯᠡ᠂ ᠰᠡᠳᠬᠢᠯᠭᠡ᠂ ᠰᠤᠶᠤᠯ ᠢᠷᠭᠡᠨᠰᠢᠯ ᠦᠨ ᠠᠶᠤᠯ ᠦᠭᠡᠢ ᠪᠠᠢᠢᠳᠠᠯ ᠢ ᠬᠠᠳᠠᠭᠠᠯᠠᠨ ᠪᠠᠲᠤᠵᠢᠭᠤᠯᠤᠭᠴᠢ ᠮᠥᠨ ᠭᠡᠵᠦ ᠦᠵᠡᠵᠦ; ᠮᠣᠩᠭ᠋᠋ᠤᠯ ᠤᠯᠤᠰ ᠤᠨ ᠢᠷᠭᠡᠨ ᠦ ᠦᠨᠳᠦᠰᠦᠨ ᠦ ᠪᠢᠴᠢᠭ᠌ ᠢᠶᠡᠨ ᠰᠤᠷᠴᠤ ᠰᠤᠳᠤᠯᠬᠤ᠂ ᠥᠪᠯᠡᠬᠦ᠂ ᠥᠪᠯᠡᠭᠦᠯᠬᠦ᠂ ᠡᠵᠡᠮᠰᠢᠬᠦ᠂ ᠬᠡᠷᠡᠭᠯᠡᠬᠦ᠂ ᠬᠠᠮᠠᠭᠠᠯᠠᠬᠤ᠂ ᠬᠥᠭ᠍ᠵᠢᠭᠦᠯᠬᠦ ᠬᠠᠤᠯᠢ ᠪᠠᠷ ᠣᠯᠭᠣᠭᠳᠠᠭᠰᠠᠨ ᠡᠷᠬᠡ᠂ ᠪᠣᠯᠤᠮᠵᠢ᠂ ᠨᠥᠬᠥᠴᠡᠯ ᠢ ᠬᠠᠩᠭ᠋ᠠᠬᠤ ᠲᠥᠷᠥ ᠢᠢᠨ ᠡᠭᠦᠷᠭᠡ ᠢᠢ ᠪᠡᠶᠡᠯᠡᠭᠦᠯᠬᠦ᠂ ᠮᠣᠩᠭ᠋᠋ᠤᠯ ᠬᠡᠯᠡᠨ ᠦ ᠲᠤᠬᠠᠢ ᠬᠠᠤᠯᠢ ᠢᠢ ᠬᠡᠷᠡᠭᠵᠢᠭᠦᠯᠬᠦ ᠡᠭᠦᠳᠡᠨ ᠡᠴᠡ; 2025 ᠣᠨ ᠠᠴᠠ ᠲᠥᠷᠥ ᠢᠢᠨ ᠪᠣᠯᠤᠨ ᠣᠷᠣᠨ ᠨᠤᠲᠤᠭ ᠤᠨ ᠥᠪᠡᠷ ᠢᠶᠡᠨ ᠤᠳᠤᠷᠢᠳᠬᠤ ᠪᠠᠢᠢᠭᠤᠯᠤᠯᠭ᠎ᠠ ᠠᠯᠪᠠᠨ ᠪᠢᠴᠢᠭ᠌ ᠢᠶᠡᠨ ᠺᠢᠷᠢᠯ ᠪᠣᠯᠤᠨ ᠦᠨᠳᠦᠰᠦᠨ ᠦ ᠬᠣᠣᠰ ᠪᠢᠴᠢᠭ᠌ ᠢᠶᠡᠷ ᠬᠥᠲᠥᠯᠦᠨ ᠶᠠᠪᠤᠭᠤᠯᠬᠤ ᠪᠡᠯᠡᠳᠬᠡᠯ ᠢ ᠬᠠᠩᠭ᠋ᠠᠬᠤ ᠢᠢ ᠤᠳᠤᠷᠢᠳᠤᠯᠭ᠎ᠠ ᠪᠣᠯᠭᠠᠨ᠂ ᠮᠣᠩᠭ᠋᠋ᠤᠯ ᠪᠢᠴᠢᠭ᠌ ᠦᠨ ᠬᠡᠷᠡᠭᠯᠡᠭᠡ ᠢᠢ ᠨᠡᠮᠡᠭᠳᠡᠭᠦᠯᠬᠦ ᠠᠵᠢᠯ ᠢ ᠡᠷᠴᠢᠮᠵᠢᠭᠦᠯᠬᠦ ᠵᠣᠷᠢᠯᠭ᠎ᠠ ᠪᠠᠷ᠂

 

ᠮᠣᠩᠭ᠋᠋ᠤᠯ ᠤᠯᠤᠰ ᠤᠨ ᠦᠨᠳᠦᠰᠦᠨ ᠬᠠᠤᠯᠢ ᠢᠢᠨ ᠭᠤᠴᠢᠨ ᠳᠥᠷᠪᠡᠳᠦᠭᠡᠷ ᠵᠦᠢᠯ ᠦᠨ 1᠂ ᠮᠣᠩᠭ᠋᠋ᠤᠯ ᠤᠯᠤᠰ ᠤᠨ ᠶᠡᠷᠦᠩᠬᠡᠢᠢᠯᠡᠭᠴᠢ ᠢᠢᠨ ᠲᠤᠬᠠᠢ ᠬᠠᠤᠯᠢ ᠢᠢᠨ 9  ᠳᠦᠭᠡᠷ ᠵᠦᠢᠯ ᠦᠨ 1 ᠳ᠋ᠡᠬᠢ ᠬᠡᠰᠡᠭ᠂ ᠮᠣᠩᠭ᠋᠋ᠤᠯ ᠤᠯᠤᠰ ᠤᠨ ᠦᠨᠳᠦᠰᠦᠨ ᠦ ᠠᠶᠤᠯ ᠦᠭᠡᠢ ᠪᠠᠢᠢᠳᠠᠯ ᠤᠨ ᠦᠵᠡᠯ ᠪᠠᠷᠢᠮᠲᠠᠯᠠᠯ ᠤᠨ 1.1.6᠂ 3.1.4.2᠂ ᠮᠣᠩᠭ᠋᠋ᠤᠯ ᠬᠡᠯᠡᠨ ᠦ ᠲᠤᠬᠠᠢ ᠬᠠᠤᠯᠢ ᠢᠢᠨ 9  ᠳᠦᠭᠡᠷ ᠵᠦᠢᠯ ᠦᠨ 9.1.3  ᠳᠠᠬᠢ ᠵᠢᠭᠠᠯᠲᠠ ᠢᠢ ᠲᠤᠰ ᠲᠤᠰ ᠦᠨᠳᠦᠰᠦᠯᠡᠨ ᠵᠡᠷᠯᠢᠭ᠋ ᠪᠣᠯᠭᠠᠬᠤ ᠨᠢ᠄

 

  1. ᠮᠣᠩᠭ᠋᠋ᠤᠯ ᠪᠢᠴᠢᠭ᠌ ᠦᠨ ᠴᠠᠬᠢᠮ ᠺᠣᠳ᠋ ᠍ ᠢ ᠬᠡᠷᠡᠭᠯᠡᠬᠦ ᠦᠨᠳᠦᠰᠦᠨ ᠦ ᠰᠲ᠋ᠠᠨ᠋ᠳᠠᠷᠲ ᠢ ᠬᠣᠯᠪᠣᠭᠳᠠᠬᠤ ᠮᠡᠷᠭᠡᠵᠢᠯᠲᠡᠨ ᠨᠦᠭᠦᠳ ᠦᠨ ᠰᠠᠨᠠᠯ ᠢ ᠲᠤᠰᠬᠠᠨ ᠰᠢᠭᠤᠷᠬᠠᠢ ᠪᠣᠯᠪᠠᠰᠤᠷᠠᠭᠤᠯᠵᠤ᠂ ᠬᠠᠤᠯᠢ ᠳᠤ ᠵᠢᠭᠠᠭᠰᠠᠨ ᠤ ᠳᠠᠭᠠᠭᠤ ᠪᠠᠲᠤᠯᠠᠭᠤᠯᠬᠤ᠂ ᠴᠢᠨᠠᠭᠰᠢᠳᠠ ᠬᠥᠭ᠍ᠵᠢᠭᠦᠯᠦᠨ ᠲᠣᠭᠲᠠᠪᠤᠷᠢᠲᠠᠢ ᠪᠠᠢᠢᠳᠠᠯ ᠢ ᠬᠠᠩᠭ᠋ᠠᠵᠤ᠂ ᠴᠠᠬᠢᠮ ᠤᠷᠴᠢᠨ ᠳᠤ ᠦᠨᠳᠦᠰᠦᠨ ᠦ ᠪᠢᠴᠢᠭ᠌ ᠦᠨ ᠬᠡᠷᠡᠭᠯᠡᠭᠡ ᠢᠢ ᠨᠡᠮᠡᠭᠳᠡᠭᠦᠯᠬᠦ ᠲᠠᠯ᠎ᠠ ᠪᠠᠷ ᠪᠣᠳᠣᠯᠭ᠎ᠠ᠂ ᠲᠥᠯᠥᠪᠯᠡᠭᠡ ᠭᠠᠷᠭᠠᠨ ᠠᠵᠢᠯᠯᠠᠬᠤ ᠢᠢ ᠮᠡᠳᠡᠭᠡᠯᠡᠯ᠂ ᠬᠠᠷᠢᠯᠴᠠᠭ᠎ᠠ ᠬᠣᠯᠪᠣᠭᠠᠨ ᠤ ᠠᠰᠠᠭᠤᠳᠠᠯ ᠡᠷᠬᠢᠯᠡᠭᠰᠡᠨ ᠲᠥᠷᠥ ᠢᠢᠨ ᠵᠠᠬᠢᠷᠭᠠᠨ ᠤ ᠪᠠᠢᠢᠭᠤᠯᠤᠯᠭ᠎ᠠ ᠪᠣᠯᠤᠨ ᠮᠣᠩᠭ᠋᠋ᠤᠯ ᠬᠡᠯᠡᠨ ᠦ ᠲᠤᠬᠠᠢ ᠬᠠᠤᠯᠢ ᠪᠠᠷ ᠡᠭᠦᠷᠭᠡ ᠬᠦᠯᠢᠶᠡᠭᠰᠡᠨ ᠡᠷᠬᠡ ᠪᠦᠬᠦᠢ ᠰᠤᠳᠤᠯᠭᠠᠨ ᠤ ᠪᠠᠢᠢᠭᠤᠯᠤᠯᠭ᠎ᠠ ᠳᠤ; ᠦᠨᠳᠦᠰᠦᠨ ᠦ ᠰᠲ᠋ᠠᠨ᠋ᠳᠠᠷᠲ ᠢ ᠪᠣᠯᠪᠠᠰᠤᠷᠠᠭᠤᠯᠬᠤ ᠠᠵᠢᠯ ᠳᠤ ᠬᠢᠨᠠᠯᠲᠠ ᠲᠠᠯᠪᠢᠵᠤ᠂ ᠪᠣᠯᠪᠠᠰᠤᠷᠠᠭᠤᠯᠤᠭᠰᠠᠨ ᠰᠲ᠋ᠠᠨ᠋ᠳᠠᠷᠲ ᠢ ᠰᠤᠳᠤᠯᠵᠤ ᠪᠠᠲᠤᠯᠠᠬᠤ᠂ ᠣᠯᠠᠨ ᠤᠯᠤᠰ ᠤᠨ ᠪᠠᠢᠢᠭᠤᠯᠤᠯᠭ᠎ᠠ ᠨᠤᠭᠤᠳ ᠲᠠᠢ ᠬᠠᠮᠲᠤᠷᠠᠨ ᠠᠵᠢᠯᠯᠠᠵᠤ᠂ ᠮᠣᠩᠭ᠋᠋ᠤᠯ ᠪᠢᠴᠢᠭ᠌ ᠦᠨ ᠴᠠᠬᠢᠮ ᠺᠣᠳ᠋ᠴᠢᠯᠠᠯ ᠤᠨ ᠣᠯᠠᠨ ᠤᠯᠤᠰ ᠤᠨ ᠰᠲ᠋ᠠᠨ᠋ᠳᠠᠷᠲ ᠲᠤ ᠦᠨᠳᠦᠰᠦᠨ ᠦ ᠰᠲ᠋ᠠᠨ᠋ᠳᠠᠷᠲ ᠢ ᠬᠡᠯᠡᠯᠴᠡᠭᠦᠯᠬᠦ᠂ ᠪᠠᠲᠤᠯᠠᠭᠤᠯᠬᠤ ᠠᠵᠢᠯ ᠢ ᠵᠣᠬᠢᠶᠠᠨ ᠪᠠᠢᠢᠭᠤᠯᠬᠤ ᠢᠢ ᠰᠲ᠋ᠠᠨ᠋ᠳᠠᠷᠲ᠋ᠴᠢᠯᠠᠯ᠂ ᠲᠣᠬᠢᠷᠠᠯ ᠤᠨ ᠦᠨᠡᠯᠡᠭᠡᠨ ᠦ ᠠᠰᠠᠭᠤᠳᠠᠯ ᠡᠷᠬᠢᠯᠡᠭᠰᠡᠨ ᠲᠥᠷᠥ ᠢᠢᠨ ᠵᠠᠬᠢᠷᠭᠠᠨ ᠤ ᠪᠠᠢᠢᠭᠤᠯᠤᠯᠭ᠎ᠠ ᠪᠣᠯᠤᠨ ᠮᠣᠩᠭ᠋᠋ᠤᠯ ᠤᠯᠤᠰ ᠤᠨ ᠰᠢᠳᠠᠷ ᠰᠠᠢᠢᠳ ᠲᠤ ᠴᠢᠭᠯᠡᠯ ᠪᠣᠯᠭᠠᠰᠤᠭᠠᠢ᠃

 

  1. ᠮᠣᠩᠭ᠋᠋ᠤᠯ ᠪᠢᠴᠢᠭ᠌ ᠦᠨ ᠳᠤᠮᠳᠠ ᠪᠣᠯᠤᠨ ᠤᠷᠲᠤ ᠬᠤᠭᠤᠴᠠᠭᠠᠨ ᠤ ᠦᠨᠳᠦᠰᠦᠨ ᠦ ᠬᠥᠲᠥᠯᠪᠦᠷᠢ ᠢᠢ ᠪᠣᠯᠪᠠᠰᠤᠷᠠᠭᠤᠯᠤᠨ ᠪᠠᠲᠤᠯᠠᠵᠤ᠂ 2018 ᠣᠨ ᠳᠤ ᠪᠠᠭᠲᠠᠭᠠᠨ ᠬᠡᠷᠡᠭᠵᠢᠭᠦᠯᠵᠦ ᠡᠬᠢᠯᠡᠬᠦ; ᠪᠦᠬᠦ ᠱᠠᠲᠤᠨ ᠤ ᠪᠣᠯᠪᠠᠰᠤᠷᠠᠯ ᠤᠨ ᠰᠤᠷᠭᠠᠯᠲᠠ ᠢᠢᠨ ᠪᠠᠢᠢᠭᠤᠯᠤᠯᠭ᠎ᠠ ᠢᠢᠨ ᠰᠤᠷᠤᠯᠴᠠᠭᠴᠢ ᠬᠢᠴᠢᠶᠡᠯ ᠦᠨ ᠬᠥᠲᠥᠯᠪᠦᠷᠢ ᠪᠡᠷ ᠮᠣᠩᠭ᠋᠋ᠤᠯ ᠬᠡᠯᠡ᠂ ᠪᠢᠴᠢᠭ᠌ ᠦᠨ ᠬᠢᠴᠢᠶᠡᠯ ᠢ ᠰᠤᠳᠤᠯᠬᠤ ᠳᠤ ᠪᠠᠨ ᠴᠠᠬᠢᠮ ᠤᠷᠴᠢᠨ ᠳᠤ ᠮᠣᠩᠭ᠋᠋ᠤᠯ ᠪᠢᠴᠢᠭ᠌ ᠢ ᠠᠰᠢᠭᠯᠠᠬᠤ᠂ ᠪᠢᠴᠢᠪᠦᠷᠢ ᠪᠣᠯᠪᠠᠰᠤᠷᠠᠭᠤᠯᠬᠤ ᠪᠦᠷᠢᠨ ᠴᠢᠳᠠᠮᠵᠢᠲᠠᠢ ᠪᠣᠯᠵᠤ ᠲᠡᠭᠦᠰᠳᠡᠭ ᠪᠠᠢᠢᠬᠤ; ᠮᠣᠩᠭ᠋᠋ᠤᠯ ᠪᠢᠴᠢᠭ᠌ ᠦᠨ ᠬᠢᠴᠢᠶᠡᠯ ᠢᠶᠡᠷ ᠤᠯᠤᠰ ᠤᠨ ᠲᠥᠷᠦᠯᠵᠢᠭᠰᠡᠨ ᠣᠯᠢᠮᠫᠢᠶᠠᠳ᠋ ᠍ ᠢ ᠵᠣᠬᠢᠶᠠᠨ ᠪᠠᠢᠢᠭᠤᠯᠵᠤ ᠬᠡᠪᠰᠢᠬᠦ; ᠡᠯᠰᠡᠯᠲᠡ ᠢᠢᠨ ᠶᠡᠷᠦᠩᠬᠡᠢ ᠰᠢᠯᠭᠠᠯᠲᠠ ᠥᠭ᠍ᠬᠦ ᠢᠷᠭᠡᠨ ᠡᠴᠡ ᠵᠠᠪᠠᠯ ᠠᠪᠬᠤ ᠮᠣᠩᠭ᠋᠋ᠤᠯ ᠬᠡᠯᠡ᠂ ᠪᠢᠴᠢᠭ᠌ ᠦᠨ ᠰᠢᠯᠭᠠᠯᠲᠠ ᠳᠤ ᠪᠣᠱᠤᠭᠤ ᠣᠨᠣᠭ᠎ᠠ ᠲᠣᠭᠲᠠᠭᠠᠬᠤ; ᠮᠣᠩᠭ᠋᠋ᠤᠯ ᠬᠡᠯᠡ᠂ ᠪᠢᠴᠢᠭ᠌ ᠦᠨ ᠬᠢᠴᠢᠶᠡᠯ ᠢ ᠦᠷ᠎ᠡ ᠪᠦᠲᠦᠭᠡᠯ ᠲᠡᠢ ᠵᠢᠭᠠᠨ ᠰᠤᠷᠭᠠᠵᠤ᠂ ᠠᠮᠵᠢᠯᠲᠠ ᠭᠠᠷᠭᠠᠵᠤ ᠪᠤᠢ ᠪᠠᠭᠰᠢ ᠨᠠᠷ ᠢ ᠤᠷᠮᠠᠰᠢᠭᠤᠯᠵᠤ ᠠᠵᠢᠯᠯᠠᠬᠤ ᠢᠢ ᠪᠣᠯᠪᠠᠰᠤᠷᠠᠯ ᠤᠨ ᠠᠰᠠᠭᠤᠳᠠᠯ ᠡᠷᠬᠢᠯᠡᠭᠰᠡᠨ ᠲᠥᠷᠥ ᠢᠢᠨ ᠵᠠᠬᠢᠷᠭᠠᠨ ᠤ ᠲᠥᠪ ᠪᠠᠢᠢᠭᠤᠯᠤᠯᠭ᠎ᠠ ᠳᠤ ᠡᠭᠦᠷᠭᠡ ᠪᠣᠯᠭᠠᠰᠤᠭᠠᠢ᠃

 

  1. ᠠᠯᠪᠠᠨ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠪᠠᠷᠢᠯᠭ᠎ᠠ ᠪᠠᠢᠢᠭᠤᠯᠤᠮᠵᠢ᠂ ᠭᠤᠳᠤᠮᠵᠢ᠂ ᠲᠠᠯᠠᠪᠠᠢ ᠢᠢᠨ ᠨᠡᠷ᠎ᠡ ᠬᠠᠶᠢᠭ᠂ ᠪᠦᠲᠦᠭᠡᠭ᠍ᠳᠡᠬᠦᠨ ᠦ ᠱᠣᠰᠢᠭ᠎ᠠ᠂ ᠪᠡᠯᠭᠡ ᠲᠡᠮᠳᠡᠭ᠂ ᠵᠠᠷ ᠰᠤᠷᠲᠠᠯᠴᠢᠯᠠᠭ᠎ᠠ ᠵᠡᠷᠭᠡ ᠢᠢ ᠦᠨᠳᠦᠰᠦᠨ ᠦ ᠪᠢᠴᠢᠭ᠌ ᠢᠶᠡᠷ ᠪᠢᠴᠢᠵᠦ ᠬᠡᠪᠰᠢᠭᠦᠯᠬᠦ ᠠᠵᠢᠯ ᠢ ᠵᠣᠬᠢᠶᠠᠨ ᠪᠠᠢᠢᠭᠤᠯᠬᠤ; ᠦᠨᠳᠦᠰᠦᠨ ᠦ ᠪᠢᠴᠢᠭ᠌ ᠦᠨ ᠬᠡᠷᠡᠭᠯᠡᠭᠡ ᠢᠢ ᠨᠡᠮᠡᠭᠳᠡᠭᠦᠯᠵᠦ᠂ ᠲᠦᠭᠡᠭᠡᠨ ᠳᠡᠯᠭᠡᠷᠡᠭᠦᠯᠬᠦ ᠳᠥ ᠴᠢᠭᠯᠡᠭᠰᠡᠨ ᠤᠭ ᠦᠢᠯᠡ ᠠᠵᠢᠯᠯᠠᠭ᠎ᠠ᠂ ᠠᠯᠢᠪᠠ ᠢᠳᠡᠪᠬᠢ ᠰᠠᠨᠠᠭᠠᠴᠢᠯᠠᠭ᠎ᠠ ᠢᠢ ᠬᠥᠬᠢᠭᠦᠯᠦᠨ ᠳᠡᠮᠵᠢᠵᠦ᠂ ᠤᠷᠮᠠᠰᠢᠭᠤᠯᠵᠤ ᠠᠵᠢᠯᠯᠠᠬᠤ ᠢᠢ ᠪᠦᠬᠦ ᠱᠠᠲᠤᠨ ᠤ ᠵᠠᠰᠠᠭ ᠳᠠᠷᠤᠭ᠎ᠠ ᠨᠠᠷ᠂ ᠬᠣᠯᠪᠣᠭᠳᠠᠬᠤ ᠲᠥᠷᠥ ᠢᠢᠨ ᠪᠠᠢᠢᠭᠤᠯᠤᠯᠭ᠎ᠠ ᠨᠤᠭᠤᠳ ᠲᠤ ᠴᠢᠭᠯᠡᠯ ᠪᠣᠯᠭᠠᠰᠤᠭᠠᠢ᠃

 

  1. ᠡᠨᠡᠬᠦ ᠵᠠᠷᠯᠢᠭ ᠲᠤ ᠳᠤᠷᠠᠳᠤᠭᠰᠠᠨ ᠠᠵᠢᠯ ᠤᠳ ᠲᠤ ᠪᠣᠯᠤᠨ ᠮᠣᠩᠭ᠋᠋ᠤᠯ ᠬᠡᠯᠡ᠂ ᠪᠢᠴᠢᠭ᠌ ᠦᠰᠦᠭ ᠢᠶᠡᠨ ᠰᠤᠷᠴᠤ ᠰᠤᠳᠤᠯᠬᠤ᠂ ᠥᠪᠯᠡᠬᠦ᠂ ᠥᠪᠯᠡᠭᠦᠯᠬᠦ᠂ ᠡᠵᠡᠮᠰᠢᠬᠦ᠂ ᠬᠡᠷᠡᠭᠯᠡᠬᠦ᠂ ᠬᠠᠮᠠᠭᠠᠯᠠᠬᠤ᠂ ᠬᠥᠭ᠍ᠵᠢᠭᠦᠯᠬᠦ ᠲᠠᠯ᠎ᠠ ᠪᠠᠷ ᠢᠳᠡᠪᠬᠢ ᠰᠠᠨᠠᠭᠠᠴᠢᠯᠠᠭ᠎ᠠ ᠭᠠᠷᠭᠠᠨ ᠠᠵᠢᠯᠯᠠᠬᠤ ᠢᠢ ᠢᠷᠭᠡᠳ ᠣᠯᠠᠨ ᠨᠡᠢᠢᠲᠡ᠂ ᠡᠷᠳᠡᠮᠲᠡᠨ ᠰᠤᠳᠤᠯᠤᠭᠠᠴᠢᠳ᠂ ᠰᠢᠨᠵᠢᠯᠡᠬᠦ ᠤᠬᠠᠭᠠᠨ ᠤ ᠪᠠ ᠬᠡᠪᠯᠡᠯ ᠮᠡᠳᠡᠭᠡᠯᠡᠯ ᠦᠨ ᠪᠠᠢᠢᠭᠤᠯᠤᠯᠭ᠎ᠠ᠂ ᠲᠥᠷᠥ ᠢᠢᠨ ᠪᠠ ᠲᠥᠷᠥ ᠢᠢᠨ ᠪᠤᠰᠤ ᠪᠠᠢᠢᠭᠤᠯᠤᠯᠭ᠎ᠠ ᠨᠤᠭᠤᠳ ᠲᠤ ᠤᠷᠢᠶᠠᠯᠠᠰᠤᠭᠠᠢ᠃