ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ 《ᠮᠣᠨᠺᠣᠨᠳᠢ》 ᠰᠢᠬᠢᠷ᠂ ᠱᠣᠺᠣᠯᠠᠳ᠋᠂ ᠠᠮᠲᠠᠲᠠᠨ ᠤ ᠦᠢᠯᠡᠳᠪᠦᠷᠢ ᠳᠥ ᠠᠵᠢᠯᠯᠠᠯ᠎ᠠ᠃
ᠤᠷᠲᠤ ᠬᠤᠭᠤᠴᠠᠭ᠎ᠠ ᠲᠠᠢ᠂ ᠬᠥᠦ ᠪᠠᠭ᠎ᠠ ᠲᠠᠢ ᠵᠢᠭᠡᠯᠡ ᠳᠥ ᠬᠠᠮᠤᠷᠤᠭᠤᠯᠬᠤ᠂ 3-5 ᠵᠢᠯ ᠦᠨ ᠬᠤᠭᠤᠴᠠᠭᠠᠨ ᠳᠤ ᠲᠠᠲᠠᠪᠤᠷᠢ ᠢᠢᠨ ᠬᠥᠩ᠋ᠭᠡᠯᠡᠯᠲᠡ ᠦᠵᠡᠭᠦᠯᠬᠦ᠂ ᠲᠦᠭᠦᠬᠡᠢ ᠡᠳ᠋᠂ ᠲᠣᠨᠣᠭ ᠲᠥᠬᠥᠭᠡᠷᠦᠮᠵᠢ ᠢᠢ ᠭᠠᠢᠢᠯᠢ᠂ ᠨᠡᠮᠡᠭᠳᠡᠯ ᠥᠷᠲᠡᠭ ᠦᠨ ᠠᠯᠪᠠᠨ ᠲᠠᠲᠠᠪᠤᠷᠢ ᠠᠴᠠ ᠴᠢᠯᠦᠭᠡᠯᠡᠬᠦ ᠨᠢ ᠳᠣᠲᠣᠭᠠᠳᠤ ᠢᠢᠨ ᠦᠢᠯᠡᠳᠪᠦᠷᠢ ᠨᠦᠭᠦᠳ ᠲᠥ ᠲᠣᠮᠣᠬᠠᠨ ᠳᠡᠮᠵᠢᠯᠭᠡ ᠪᠣᠯᠤᠨ᠎ᠠ ᠭᠡᠳᠡᠭ ᠢ 《ᠪᠤᠰᠠ ᠬᠣᠯᠠᠳᠢᠨᠭ᠌ 》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ ᠍ ᠦᠨ ᠶᠡᠷᠦᠩᠬᠡᠢ ᠵᠠᠬᠢᠷᠤᠯ ᠪ ∙ ᠨᠠᠨᠳᠢᠨᠴᠢᠮᠡᠭ ᠬᠡᠯᠡᠯ᠎ᠡ᠃
ᠳᠣᠲᠣᠭᠠᠳᠤ ᠢᠢᠨ ᠵᠠᠬ᠎ᠠ ᠵᠡᠭᠡᠯᠢ ᠳ᠋ᠡᠬᠢ ᠰᠢᠬᠢᠷ ᠦᠨ 97 ᠬᠤᠪᠢ ᠨᠢ ᠢᠮᠫᠣᠷᠲ ᠤᠨ ᠪᠦᠲᠦᠭᠡᠭ᠍ᠳᠡᠬᠦᠨ ᠪᠠᠢᠢᠨ᠎ᠠ᠃ ᠬᠡᠷᠪᠡ ᠵᠢᠭᠡᠯᠡ ᠣᠯᠭᠤᠵᠤ᠂ ᠲᠠᠲᠠᠪᠤᠷᠢ ᠢᠢᠨ ᠪᠣᠳᠣᠯᠭ᠎ᠠ ᠪᠠᠷ ᠳᠡᠮᠵᠢᠪᠡᠯ 《ᠮᠣᠨ᠋ᠺᠣᠨᠳᠢ》 ᠦᠢᠯᠡᠳᠪᠦᠷᠢ ᠭᠡᠬᠦ ᠳᠥ ᠯᠠ ᠰᠢᠬᠢᠷ ᠦᠨ 15᠂ ᠱᠣᠺᠣᠯᠠᠳ᠋ᠠᠨ ᠤ 10᠂ ᠱᠣᠺᠣᠯᠠᠳ᠋ᠠᠨ ᠤ ᠺᠷᠧᠮ ᠦᠨ 20᠂ ᠥᠳᠬᠡᠷᠡᠭᠦᠯᠦᠭᠰᠡᠨ ᠰᠦᠨ ᠦ ᠲᠠᠪᠤᠨ ᠬᠤᠪᠢ ᠢ ᠳᠠᠩ ᠢᠶᠠᠷ ᠢᠶᠠᠨ ᠬᠠᠩ᠋ᠭᠠᠬᠤ ᠬᠦᠴᠦᠨ ᠴᠢᠳᠠᠯ ᠲᠠᠢ᠃
ᠥᠭᠡᠷ᠎ᠡ ᠪᠡᠷ ᠬᠡᠯᠡᠪᠡᠯ ᠨᠢᠭᠡ ᠴᠠᠭ ᠲᠤ ᠲᠤᠰ ᠪᠦᠷᠢ 300-500 ᠺᠢᠯᠣᠭ᠍ᠷᠠᠮ ᠬᠠᠲᠠᠭᠤ᠂ ᠵᠥᠭᠡᠯᠡᠨ ᠰᠢᠬᠢᠷ᠂ ᠱᠣᠺᠣᠯᠠᠳ᠋᠂ ᠱᠣᠺᠣᠯᠠᠳ᠋ᠠᠨ ᠤ ᠺᠷᠧᠮ᠂ ᠥᠳᠬᠡᠷᠡᠭᠦᠯᠦᠭᠰᠡᠨ ᠰᠦ᠋ᠨ ᠦᠢᠯᠡᠳᠪᠦᠷᠢᠯᠡᠨ᠎ᠡ ᠭᠡᠰᠡᠨ ᠦᠭᠡ ᠶᠤᠮ᠃
ᠢᠩ᠋ᠭᠢᠭ᠍ᠰᠡᠨ ᠢᠶᠡᠷ ᠵᠢᠷᠭᠤᠭᠠᠨ ᠰᠠᠶ᠎ᠠ ᠣᠷᠴᠢᠮ ᠠᠮ᠂ ᠳ᠋ᠣᠯᠯᠠᠷ ᠮᠣᠩ᠋ᠭᠣᠯ ᠤᠯᠤᠰ ᠲᠤ ᠦᠯᠳᠡᠬᠦ ᠡᠴᠡ ᠭᠠᠳᠠᠨ᠎ᠠ ᠪᠤᠰᠤᠳ ᠬᠦᠨᠡᠰᠦᠨ ᠦ ᠦᠢᠯᠡᠳᠪᠦᠷᠢ ᠢᠢᠨ ᠠᠩᠬᠠᠨ ᠱᠠᠲᠤᠨ ᠤ ᠲᠦᠭᠦᠬᠡᠢ ᠡᠳ᠋ ᠍ ᠢ ᠪᠣᠯᠪᠠᠰᠤᠷᠠᠭᠤᠯᠬᠤ ᠵᠠᠮ ᠢᠶᠠᠷ ᠺᠯᠠᠰᠲ᠋ᠸᠷ ᠬᠡᠯᠪᠡᠷᠢ ᠪᠡᠷ ᠬᠦᠭ᠍ᠵᠢᠬᠦ ᠪᠣᠯᠤᠮᠵᠢ ᠪᠥᠷᠢᠳᠬᠦ ᠶᠤᠮ ᠪᠠᠢᠢᠨ᠎ᠠ᠃
《ᠪᠤᠰᠠ ᠬᠣᠯᠠᠳᠢᠨᠭ᠌ 》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ 2020 ᠣᠨ ᠳᠤ 《ᠪᠤᠰᠠ ᠺᠣᠨᠳᠢᠲ᠋ᠧᠷ》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ᠍ ᠢ ᠡᠭᠦᠰᠬᠡᠨ ᠪᠠᠢᠢᠭᠤᠯᠵᠤ᠂ ᠰᠢᠬᠢᠷ ᠢ ᠶᠡᠬᠡ ᠬᠡᠮᠵᠢᠶ᠎ᠡ ᠪᠡᠷ ᠦᠢᠯᠡᠳᠪᠦᠷᠢᠯᠡᠬᠦ ᠲᠥᠰᠦᠯ ᠬᠡᠷᠡᠭᠵᠢᠭᠦᠯᠵᠦ ᠡᠬᠢᠯᠡᠵᠡᠢ᠃