ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠳᠥ ᠬᠢᠯᠢ ᠬᠠᠮᠠᠭᠠᠯᠠᠬᠤ ᠪᠠᠢᠢᠭᠤᠯᠤᠯᠭ᠎ᠠ ᠨᠢᠭᠡᠳᠦᠯ ᠡ᠃ ᠬᠥᠳᠡᠯᠭᠡᠭᠡᠨ ᠦ ᠬᠦᠷᠢᠶᠡᠨ ᠳᠥ 《ᠨᠣᠭᠣᠭᠠᠨ ᠬᠡᠷᠡᠮ-2》 ᠳᠡᠳ᠋ ᠲᠥᠰᠦᠯ ᠦᠨ ᠮᠣᠳᠣ ᠦᠷᠡᠵᠢᠭᠦᠯᠭᠡ ᠢᠢᠨ ᠠᠾᠷᠣᠫᠠᠷᠺ ᠤᠨ ᠨᠡᠭᠡᠭᠡᠯᠲᠡ ᠪᠣᠯᠵᠤ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊ ∙ ᠰᠣᠳᠤᠪᠠᠭᠠᠲᠤᠷ ᠣᠷᠣᠯᠴᠠᠯ᠎ᠠ᠃
《ᠪᠠᠶᠠᠨᠴᠢᠨᠳᠠᠮᠠᠨᠢ ᠮᠣᠳᠣ ᠦᠷᠡᠵᠢᠭᠦᠯᠭᠡ ᠢᠢᠨ ᠠᠾᠷᠣᠫᠠᠷᠺ》 ᠳᠤ ᠨᠠᠷᠠᠰᠤ᠂ ᠰᠢᠨᠡᠰᠦ᠂ ᠤᠯᠠᠢᠢᠰ᠂ ᠬᠠᠢᠢᠯᠠᠰᠤ᠂ ᠪᠤᠷᠭᠠᠰᠤ᠂ ᠦᠬᠡᠷ ᠦᠨ ᠨᠢᠳᠦ ᠵᠡᠷᠭᠡ 13 ᠨᠡᠷ᠎ᠡ ᠲᠥᠷᠥᠯ ᠦᠨ 200 ᠭᠠᠷᠤᠢ ᠮᠢᠩ᠋ᠭᠠᠨ ᠰᠠᠭᠤᠯᠭᠠᠴᠠ᠂ ᠦᠷ᠎ᠡ ᠢᠢᠨ ᠲᠠᠷᠢᠶᠠᠯᠠᠯᠲᠠ ᠪᠠᠷ 130 ᠣᠷᠴᠢᠮ ᠮᠢᠩ᠋ᠭᠠᠨ ᠦᠷᠡᠰᠯᠡᠭᠡ ᠪᠡᠯᠡᠳᠬᠡᠵᠦ ᠪᠠᠢᠢᠨ᠎ᠠ᠃
ᠠᠾᠷᠣᠫᠠᠷᠺ ᠤᠨ ᠨᠡᠭᠡᠭᠡᠯᠲᠡ ᠢᠢᠨ ᠦᠶ᠎ᠡ ᠪᠡᠷ 《ᠤᠪᠲ ᠭᠠᠷᠳᠧᠨ》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ《ᠨᠣᠭᠣᠭᠠᠨ ᠬᠡᠷᠡᠮ》 ᠲᠥᠰᠦᠯ ᠳᠥ ᠨᠢᠭᠡᠳᠴᠦ᠂ ᠨᠢᠭᠡ ᠰᠠᠶ᠋ ᠠ ᠮᠣᠳᠣᠨ ᠤ ᠰᠠᠭᠤᠯᠭᠠᠴᠠ ᠢᠢ ᠦᠨ᠎ᠡ ᠲᠥᠯᠦᠪᠦᠷᠢ ᠦᠭᠡᠢ ᠨᠡᠢᠢᠯᠡᠭᠦᠯᠬᠦ ᠪᠡᠨ ᠮᠡᠳᠡᠭᠳᠡᠵᠡᠢ᠃
ᠰᠢᠷᠤᠢᠢᠨ ᠰᠢᠭᠤᠷᠭ᠎ᠠ ᠵᠡᠷᠭᠡ ᠪᠠᠢᠢᠭᠠᠯᠢ ᠢᠢᠨ ᠭᠠᠮᠰᠢᠭ᠌ ᠲᠤ ᠦᠵᠡᠭᠳᠡᠯ ᠪᠣᠯᠤᠨ ᠡᠯᠡᠰᠦᠨ ᠦ ᠨᠡᠭᠦᠳᠡᠯ ᠡᠴᠡ ᠬᠠᠮᠠᠭᠠᠯᠠᠬᠤ ᠵᠣᠷᠢᠯᠭ᠎ᠠ ᠪᠠᠷ ᠬᠢᠯᠢ ᠢᠢᠨ ᠬᠡᠰᠡᠭ ᠲᠥ ᠲᠤᠰ ᠠᠾᠷᠣᠫᠠᠷᠺ ᠲᠤ ᠪᠣᠢᠢᠵᠢᠭᠤᠯᠤᠭᠰᠠᠨ 6.9 ᠰᠠᠶ᠎ᠠ ᠮᠣᠳᠣ ᠢᠢ 960 ᠭᠠ᠂ ᠲᠠᠯᠠᠪᠠᠢ ᠳᠤ ᠲᠠᠷᠢᠨ᠎ᠠ᠃
ᠮᠥᠨ ᠣᠢ ᠢᠢᠨ ᠵᠤᠷᠪᠤᠰ ᠪᠦᠬᠦᠢ ᠬᠠᠮᠠᠭᠠᠯᠠᠯᠲᠠ ᠢᠢᠨ ᠨᠣᠭᠣᠭᠠᠨ ᠬᠡᠷᠡᠮ ᠪᠠᠢᠢᠭᠤᠯᠬᠤ᠂ ᠠᠩ᠋ᠭᠢ᠂ ᠰᠠᠯᠪᠤᠷᠢ᠂ ᠪᠣᠭᠣᠮᠲᠠ ᠢᠢᠨ ᠨᠣᠭᠣᠭᠠᠨ ᠪᠠᠢᠢᠭᠤᠯᠤᠮᠵᠢ ᠢᠢ ᠨᠡᠮᠡᠭᠳᠡᠭᠦᠯᠬᠦ᠂ ᠭᠣᠪᠢ ᠢᠢᠨ ᠪᠦᠰᠡ ᠢᠢᠨ ᠪᠤᠯᠠᠭ᠂ ᠱᠠᠩᠳᠠ ᠪᠦᠬᠦᠢ ᠪᠠᠶᠠᠨ ᠪᠦᠷᠢᠳᠦ ᠢᠢ ᠬᠠᠮᠠᠭᠠᠯᠠᠬᠤ ᠪᠠᠷ ᠲᠥᠯᠦᠪᠯᠡᠭᠡᠳ ᠪᠠᠢᠢᠨ᠎ᠠ᠃
ᠬᠢᠯᠢ ᠢᠢᠨ ᠳᠠᠭᠠᠭᠤ ᠮᠣᠳᠣ ᠲᠠᠷᠢᠵᠤ᠂ ᠨᠣᠭᠣᠭᠠᠨ ᠬᠡᠷᠡᠮ ᠪᠠᠢᠢᠭᠤᠯᠬᠤ ᠳᠤ ᠱᠠᠭᠠᠷᠳᠠᠭᠳᠠᠬᠤ 16 ᠰᠠᠶ᠎ᠠ ᠮᠣᠳᠣ ᠢᠢ ᠬᠠᠩ᠋ᠭᠠᠬᠤ ᠢᠢᠨ ᠲᠤᠯᠠᠳᠠ ᠬᠢᠯᠢ ᠢᠢᠨ ᠴᠡᠷᠢᠭ ᠦᠨ 24 ᠠᠩ᠋ᠭᠢ ᠳᠤ 《ᠮᠣᠳᠣ ᠦᠷᠡᠵᠢᠭᠦᠯᠭᠡ ᠢᠢᠨ ᠲᠥᠪ》᠂ ᠲᠠᠪᠤᠨ ᠠᠩ᠋ᠭᠢᠳᠠ ᠮᠣᠳᠣ ᠦᠷᠡᠵᠢᠭᠦᠯᠭᠡ ᠢᠢᠨ ᠠᠾᠷᠣᠫᠠᠷᠺ ᠪᠠᠢᠢᠭᠤᠯᠵᠠᠢ᠃
ᠡᠳᠡᠭᠡᠷ ᠢ ᠥᠷᠭᠡᠵᠢᠭᠦᠯᠦᠨ᠂ ᠵᠢᠯ ᠳᠥ ᠳᠤᠮᠳᠠᠴᠢ ᠪᠠᠷ 1᠂5-2 ᠰᠠᠶ᠎ᠠ ᠦᠷᠡᠰᠯᠡᠭᠡ ᠪᠡᠯᠡᠳᠬᠡᠵᠦ᠂ 2030 ᠣᠨ ᠭᠡᠬᠦ ᠳᠥ ᠳᠡᠪᠰᠢᠭᠦᠯᠦᠭᠰᠡᠨ ᠵᠣᠷᠢᠯᠲᠠ ᠪᠠᠨ ᠪᠡᠶᠡᠯᠡᠭᠦᠯᠬᠦ ᠪᠣᠯᠤᠮᠵᠢ ᠲᠠᠢ ᠭᠡᠰᠡᠨ ᠲᠣᠭᠠᠴᠠᠭ᠎ᠠ ᠭᠠᠷᠭᠠᠭᠰᠠᠨ ᠪᠠᠢᠢᠨ᠎ᠠ᠃