Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬᠠ‍᠂ᠪᠠᠲᠤᠲᠤᠯᠭ᠎ᠠ 《ᠬᠠᠷᠠᠭᠠᠲᠤ ᠪᠤᠰᠤ ᠰᠡᠳᠬᠦᠯ ᠵᠦᠢ》 ᠦᠨᠳᠦᠰᠦᠨ ᠦ ᠹᠣᠷᠣᠢᠮ ᠳᠤ ᠣᠷᠣᠯᠴᠠᠭᠴᠢᠳ ᠲᠤ ᠢᠯᠡᠭᠡᠯᠲᠡ ᠶᠠᠪᠤᠭᠤᠯᠤᠯ᠎ᠠ

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ‍᠂ᠪᠠᠲᠤᠲᠤᠯᠭ᠎ᠠ ᠵᠢᠯ ᠪᠦᠷᠢ ᠤᠯᠠᠮᠵᠢᠯᠠᠯ ᠪᠣᠯᠭᠠᠨ ᠲᠡᠮᠳᠡᠭᠯᠡᠳᠡᠭ ᠳᠡᠯᠡᠬᠡᠢ ᠢᠢᠨ ᠬᠡᠪᠯᠡᠯ ᠦᠨ ᠡᠷᠬᠡ ᠴᠢᠯᠦᠭᠡᠨ ᠦ ᠡᠳᠦᠷ ᠲᠥ ᠵᠣᠷᠢᠭᠤᠯᠤᠨ ᠵᠣᠬᠢᠶᠠᠨ ᠪᠠᠢᠢᠭᠤᠯᠤᠭᠳᠠᠵᠤ ᠪᠤᠢ 《ᠬᠠᠷᠠᠭᠠᠲᠤ ᠪᠤᠰᠤ ᠰᠡᠳᠬᠦᠯ ᠵᠦᠢ》 ᠦᠨᠳᠦᠰᠦᠨ ᠦ ᠹᠣᠷᠣᠢᠮ ᠳᠤ ᠣᠷᠣᠯᠴᠠᠭᠴᠢᠳ ᠲᠤ ᠢᠯᠡᠭᠡᠯᠲᠡ ᠶᠠᠪᠤᠭᠤᠯᠤᠯ᠎ᠠ᠃

ᠢᠯᠡᠭᠡᠯᠲᠡ ᠢᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠬᠡᠪᠯᠡᠯ᠂ ᠮᠡᠳᠡᠭᠡᠯᠡᠯ ᠦᠨ ᠠᠯᠪᠠᠨ ᠤ ᠳᠠᠷᠤᠭ᠎ᠠ ᠵ᠂ ᠴᠡᠰᠡᠩ ᠤᠩᠰᠢᠵᠤ ᠲᠠᠨᠢᠯᠴᠠᠭᠤᠯᠪᠠ᠃

ᠢᠯᠡᠭᠡᠯᠲᠡ ᠳᠥ᠄

ᠬᠠᠷᠠᠭᠠᠲᠤ ᠪᠤᠰᠤ ᠰᠡᠳᠬᠦᠯ ᠵᠦᠢ》 ᠦᠨᠳᠦᠰᠦᠨ ᠦ ᠹᠣᠷᠣᠮ ᠳᠤ ᠣᠷᠣᠯᠴᠠᠭᠴᠢᠳ ᠲᠤ

ᠡᠷᠬᠢᠮ ᠰᠡᠳᠬᠦᠯᠴᠢ᠂ ᠬᠡᠪᠯᠡᠯ ᠮᠡᠳᠡᠭᠡᠯᠡᠯ ᠦᠨ ᠪᠠᠢᠢᠭᠤᠯᠤᠯᠭ᠎ᠠ ᠢᠢᠨ ᠠᠵᠢᠯᠲᠠᠨ ᠲᠠ ᠪᠦᠬᠦᠨ ᠳᠥ ᠳᠡᠯᠡᠬᠡᠢ ᠢᠢᠨ ᠬᠡᠪᠯᠡᠯ ᠦᠨ ᠡᠷᠬᠡ ᠴᠢᠯᠦᠭᠡᠨ ᠦ ᠡᠳᠦᠷ ᠦᠨ ᠮᠡᠨᠳᠦ ᠢᠢ ᠳᠡᠪᠰᠢᠭᠦᠯᠦᠶ᠎ᠡ᠃

ᠮᠣᠩᠭ᠋ᠣᠯ ᠤᠯᠤᠰ ᠤᠨ ᠦᠨᠳᠦᠰᠦᠨ ᠬᠠᠤᠯᠢ ᠳᠤ 《ᠮᠣᠩᠭ᠋ᠣᠯ ᠤᠯᠤᠰ ᠲᠤ ᠵᠠᠰᠠᠭ ᠤᠨ ᠪᠦᠬᠦ ᠡᠷᠬᠡ ᠠᠷᠠᠳ ᠲᠦᠮᠡᠨ ᠦ ᠮᠡᠳᠡᠯ ᠳᠥ ᠪᠠᠢᠢᠨ᠎ᠠ᠃ ᠮᠣᠩᠭ᠋ᠣᠯ ᠤᠨ ᠠᠷᠠᠳ ᠲᠦᠮᠡᠨ ᠲᠥᠷᠥ ᠢᠢᠨ ᠦᠢᠯᠡ ᠬᠡᠷᠡᠭ ᠲᠥ ᠰᠢᠭᠤᠳ ᠣᠷᠣᠯᠴᠠᠨ᠎ᠠ》 ᠭᠡᠵᠦ ᠵᠢᠭᠠᠭᠰᠠᠨ ᠪᠠᠢᠢᠳᠠᠭ᠃ ᠭᠡᠪᠡᠴᠦ ᠦᠨᠡᠨ ᠵᠥᠪ ᠮᠡᠳᠡᠭᠡᠯᠡᠯ ᠦᠭᠡᠢ ᠪᠡᠷ ᠢᠷᠭᠡᠳ ᠲᠥᠷᠥ ᠵᠠᠰᠠᠭ ᠲᠤ ᠬᠢᠨᠠᠯᠲᠠ ᠲᠠᠯᠪᠢᠵᠤ᠂ ᠲᠥᠷᠥ ᠢᠢᠨ ᠦᠢᠯᠡ ᠬᠡᠷᠡᠭ ᠲᠥ ᠰᠢᠭᠤᠳ ᠤᠷᠤᠯᠴᠠᠬᠤ ᠪᠣᠯᠤᠮᠵᠢ ᠬᠢᠵᠠᠭᠠᠷᠯᠠᠭᠳᠠᠮᠠᠯ ᠲᠤᠯᠠ ᠬᠦᠮᠦᠨ ᠦ ᠢᠵᠠᠭᠤᠷ ᠡᠷᠬᠡ ᠨᠦᠭᠦᠳ ᠦᠨ ᠨᠢᠭᠡ ᠪᠣᠯᠬᠤ ᠮᠡᠳᠡᠬᠦ ᠡᠷᠬᠡ ᠢᠢ ᠬᠠᠩᠭ᠋ᠠᠨ ᠠᠵᠢᠯᠯᠠᠬᠤ ᠨᠢ ᠲᠥᠷᠥ ᠢᠢᠨ ᠪᠣᠯᠤᠭᠠᠳ ᠬᠡᠪᠯᠡᠯ᠂ ᠮᠡᠳᠡᠭᠡᠯᠡᠯ ᠦᠨ ᠰᠠᠯᠪᠤᠷᠢ ᠢᠢᠨ ᠣᠨᠴᠠᠭᠠᠢ ᠡᠭᠦᠷᠭᠡ ᠶᠤᠮ᠃

ᠡᠨᠡ ᠵᠢᠯ ᠬᠡᠪᠯᠡᠯ᠂ ᠮᠡᠳᠡᠭᠡᠯᠡᠯ ᠦᠨ ᠪᠠᠢᠢᠭᠤᠯᠤᠯᠭ᠎ᠠ ᠨᠤᠭᠤᠳ 《ᠡᠷᠬᠡ ᠮᠡᠳᠡᠯ ᠦᠨ ᠬᠢᠨᠠᠯᠲᠠ》 ᠭᠡᠰᠡᠨ ᠦᠨᠳᠦᠰᠦᠨ ᠰᠡᠳᠦᠪ ᠢᠶᠡᠷ ᠶᠠᠷᠢᠯᠴᠠᠵᠤ ᠪᠠᠢᠢᠭ᠎ᠠ ᠨᠢ ᠴᠤ ᠦᠨᠳᠦᠰᠦᠨ ᠬᠠᠤᠯᠢ ᠢᠢᠨ ᠳᠡᠭᠡᠷᠡᠬᠢ ᠵᠢᠭᠠᠯᠲᠠ ᠲᠠᠢ ᠬᠣᠯᠪᠣᠭᠳᠠᠨ᠎ᠠ ᠭᠡᠵᠦ ᠣᠢᠢᠯᠠᠭᠠᠵᠤ ᠪᠠᠢᠢᠨ᠎ᠠ᠃ ᠡᠷᠬᠡ ᠮᠡᠳᠡᠯ ᠪᠣᠯᠤᠭᠠᠳ ᠬᠢᠨᠠᠯᠲᠠ ᠨᠢ ᠠᠯᠢ ᠴᠤ ᠤᠳᠬ᠎ᠠ ᠪᠠᠷ ᠢᠶᠠᠨ ᠲᠥᠷᠥ᠂ ᠬᠡᠪᠯᠡᠯ ᠮᠡᠳᠡᠭᠡᠯᠡᠯ ᠦᠨ ᠰᠠᠯᠪᠤᠷᠢ ᠢᠢᠨ ᠠᠵᠢᠯ ᠡᠭᠦᠷᠭᠡ ᠲᠡᠢ ᠰᠠᠯᠤᠰᠢ ᠦᠭᠡᠢ ᠬᠣᠯᠪᠣᠭ᠎ᠠ ᠲᠠᠢ ᠪᠥᠭᠡᠳ ᠲᠡᠷᠡ ᠳᠤᠮᠳᠠ ᠪᠠᠨ ᠬᠡᠪᠯᠡᠯ᠂ ᠮᠡᠳᠡᠭᠡᠯᠡᠯ ᠦᠨ ᠰᠠᠯᠪᠠᠷ ᠤᠨ ᠬᠢᠨ ᠤ ᠪᠠᠢᠢᠩᠭ᠋ᠤ ᠢᠢᠨ ᠠᠩᠬᠠᠷᠤᠯ ᠬᠠᠨᠳᠤᠭᠤᠯᠬᠤ ᠴᠢᠬᠤᠯᠠ ᠠᠰᠠᠭᠤᠳᠠᠯ ᠤᠨ ᠨᠢᠭᠡ ᠪᠢᠯᠡ᠃ ᠮᠥᠨ ᠰᠡᠳᠬᠦᠯ ᠵᠦᠢ ᠢᠢᠨ ᠰᠠᠯᠪᠤᠷᠢ ᠬᠦᠴᠦᠷᠬᠡᠭ᠌ ᠪᠠᠢᠢᠵᠤ᠂ ᠢᠷᠭᠡᠨ ᠦ ᠮᠡᠳᠡᠬᠦ ᠡᠷᠬᠡ ᠢᠢ ᠬᠠᠩᠭ᠋ᠠᠬᠤ ᠢᠢᠨ ᠲᠤᠯᠠᠳᠠ ᠥᠨᠳᠦᠷ ᠶᠣᠰᠣ ᠵᠦᠢ᠂ ᠬᠠᠷᠢᠭᠤᠴᠠᠯᠭ᠎ᠠ᠂ ᠪᠣᠯᠪᠠᠰᠤᠷᠠᠯ᠂ ᠬᠦᠮᠦᠨᠯᠢᠭ ᠴᠢᠨᠠᠷ ᠲᠤ ᠰᠠᠭᠤᠷᠢᠯᠠᠭᠰᠠᠨ ᠵᠠᠷᠴᠢᠮ᠂ ᠳᠣᠲᠣᠭᠠᠳᠤ ᠵᠢᠷᠤᠮ ᠢ ᠪᠠᠢᠢᠩᠭ᠋ᠤ ᠢᠢᠨ ᠮᠥᠷᠳᠡᠯᠭᠡ ᠪᠣᠯᠭᠠᠵᠤ ᠪᠠᠢᠢᠬᠤ ᠤᠴᠢᠷᠲᠠᠢ᠃

ᠮᠣᠩᠭ᠋ᠣᠯ ᠤᠯᠤᠰ ᠤᠨ ᠶᠡᠷᠦᠩᠬᠡᠢᠢᠯᠡᠭᠴᠢ ᠮᠢᠨᠦ ᠪᠡᠶ᠎ᠡ ᠡᠷᠬᠢᠮ ᠰᠡᠳᠬᠦᠯᠴᠢᠳ ᠲᠠ ᠪᠦᠬᠦᠨ ᠢ ᠤᠯᠤᠰ ᠣᠷᠣᠨ ᠤ ᠪᠠᠨ ᠬᠥᠭ᠍ᠵᠢᠯ ᠳᠡᠪᠰᠢᠯ᠂ ᠠᠷᠠᠳ ᠲᠦᠮᠡᠨ ᠦ ᠪᠡᠨ ᠨᠡᠢᠢᠲᠡᠯᠢᠭ ᠡᠷᠬᠡ ᠠᠰᠢᠭ᠂ ᠰᠢᠳᠤᠷᠭᠤ ᠶᠣᠰᠣ᠂ ᠣᠯᠠᠨ ᠤᠷᠭᠠᠯᠢᠴᠢ ᠦᠵᠡᠯ᠂ ᠢᠯᠡ ᠲᠣᠳᠣ ᠪᠠᠢᠢᠳᠠᠯ ᠤᠨ ᠡᠮᠦᠨ᠎ᠡ ᠬᠦᠯᠢᠶᠡᠭᠰᠡᠨ ᠡᠭᠦᠷᠭᠡ ᠬᠠᠷᠢᠭᠤᠴᠠᠯᠭ᠎ᠠ ᠪᠠᠨ ᠬᠦᠮᠦᠨ ᠪᠦᠷᠢ ᠭᠦᠨ᠎ᠡ ᠤᠬᠠᠮᠰᠠᠷᠯᠠᠨ᠂ ᠬᠤᠪᠢ ᠨᠡᠮᠡᠷᠢ ᠪᠡᠨ ᠣᠷᠣᠭᠤᠯᠵᠤ ᠠᠵᠢᠯᠯᠠᠨ᠎ᠠ ᠭᠡᠳᠡᠭ ᠲᠥ ᠢᠲᠡᠭᠡᠵᠦ ᠪᠠᠢᠢᠨ᠎ᠠ᠃

《ᠬᠠᠷᠠᠭᠠᠲᠤ ᠪᠤᠰᠤ ᠰᠡᠳᠬᠦᠯ ᠵᠦᠢ》 ᠦᠨᠳᠦᠰᠦᠨ ᠦ ᠹᠣᠷᠣᠢᠮ ᠳᠤ ᠣᠷᠣᠯᠴᠠᠭᠴᠢ ᠲᠠ ᠪᠦᠬᠦᠨ ᠳᠥ ᠦᠨᠡᠲᠦ ᠵᠦᠢᠯ᠂ ᠵᠠᠷᠴᠢᠮ ᠬᠣᠶᠠᠷ ᠲᠤ ᠲᠤᠯᠭᠠᠭᠤᠷᠢᠯᠠᠨ ᠢᠯᠡᠭᠦᠦ ᠶᠡᠬᠡ ᠠᠮᠵᠢᠯᠲᠠ ᠲᠠᠢ ᠠᠵᠢᠯᠯᠠᠬᠤ ᠢᠢ ᠬᠦᠰᠡᠨ ᠢᠷᠦᠭᠡᠶ᠎ᠡ᠃

105 ᠵᠢᠯ ᠦᠨ ᠲᠡᠦᠬᠡᠲᠦ ᠮᠣᠩᠭ᠋ᠣᠯ ᠤᠨ ᠰᠡᠳᠬᠦᠯ ᠵᠦᠢ ᠢᠢᠨ ᠰᠠᠯᠪᠠᠷ ᠤᠨ ᠬᠢᠨ ᠤ ᠦᠵᠦᠭ ᠬᠤᠷᠴᠠ᠂ ᠦᠨᠡᠨ ᠦ ᠲᠥᠯᠦᠭᠡᠬᠢ ᠳᠠᠭᠤᠤ ᠬᠣᠭᠣᠯᠠᠢ ᠢᠮᠠᠭᠲᠠ ᠬᠠᠷᠠᠭᠠᠲᠤ ᠪᠤᠰᠤ ᠪᠠᠢᠢᠵᠤ᠂ ᠵᠠᠭᠤᠨ ᠵᠠᠭᠤᠨ ᠢ ᠥᠷᠲᠡᠭᠡᠯᠡᠬᠦ ᠪᠣᠯᠲᠤᠭᠠᠢ》 ᠭᠡᠵᠡᠢ᠃

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ‍᠂ ᠪᠠᠲᠤᠲᠤᠯᠭ᠎ᠠ ᠢᠢᠨ ᠢᠯᠡᠭᠡᠯᠲᠡ ᠢᠢ ᠮᠣᠩᠭ᠋ᠣᠯ ᠤᠨ ᠰᠡᠳᠬᠦᠯᠴᠢᠳ ᠦᠨ ᠨᠢᠭᠡᠳᠦᠭᠰᠡᠨ ᠡᠪᠯᠡᠯ ᠦᠨ ᠶᠡᠷᠦᠩᠬᠡᠢᠢᠯᠡᠭᠴᠢ ᠬ ∙ ᠮᠠᠨᠳᠤᠬᠤᠪᠠᠶᠠᠷ ᠲᠤ ᠭᠠᠷᠳᠠᠭᠤᠯᠪᠠ᠃