ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠮᠣᠩ᠋ᠭᠣᠯ ᠤᠷᠠᠨ ᠳᠠᠷᠬᠠᠨ ᠤ 《ᠲᠦᠮᠡᠨ ᠡᠷᠳᠡᠨᠢᠰ》 ᠨᠢᠭᠡᠳᠦᠭᠰᠡᠨ ᠬᠣᠯᠪᠣᠭ᠎ᠠ ᠬᠠᠮᠲᠤᠷᠠᠨ 《ᠮᠣᠩ᠋ᠭᠣᠯ ᠳᠠᠷᠬᠠᠨ》 ᠦᠵᠡᠰᠬᠦᠯᠡᠩ ᠢ ᠤᠷᠠᠨ ᠵᠢᠷᠤᠭ ᠤᠨ ᠭᠠᠯᠧᠷᠧᠢ ᠳᠤ ᠵᠣᠬᠢᠶᠠᠨ ᠪᠠᠢᠢᠭᠤᠯᠵᠤ ᠪᠠᠢᠢᠨ᠎ᠠ᠃ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠦᠵᠡᠰᠬᠦᠯᠡᠩ ᠦᠨ ᠨᠡᠭᠡᠭᠡᠯᠲᠡ ᠳᠥ ᠣᠷᠣᠯᠴᠠᠯ᠎ᠠ᠃
ᠲᠡᠷᠡ ᠪᠡᠷ ᠮᠣᠩ᠋ᠭᠣᠯ ᠳᠠᠷᠬᠠᠴᠤᠳ ᠤᠨ ᠤᠷᠠᠯᠠᠵᠤ ᠢᠷᠡᠭᠰᠡᠨ ᠡᠳ᠋ᠯᠡᠯ ᠬᠡᠷᠡᠭᠰᠡᠯ ᠦᠭᠡᠢ ᠪᠡᠷ ᠨᠡᠭᠦᠳᠡᠯ ᠦᠨ ᠰᠤᠶᠤᠯ ᠢᠷᠭᠡᠨᠰᠢᠯ ᠢ᠂ ᠵᠡᠷ ᠵᠡᠪᠰᠡᠭ ᠦᠭᠡᠢ ᠪᠡᠷ ᠮᠣᠩ᠋ᠭᠣᠯ ᠤᠨ ᠡᠵᠡᠨᠲᠦ ᠭᠦᠷᠦᠨ ᠢ᠂ ᠪᠤᠷᠬᠠᠨ ᠰᠢᠲᠦᠭᠡᠨ ᠦᠭᠡᠢ ᠪᠡᠷ ᠮᠣᠩ᠋ᠭᠣᠯᠴᠤᠳ ᠤᠨ ᠢᠲᠡᠭᠡᠯ ᠦᠨᠡᠮᠰᠢᠯ ᠢ᠂ ᠴᠢᠨᠠᠭᠰᠢᠯᠠᠭᠠᠳ ᠥᠨᠢ ᠡᠷᠲᠡᠨ ᠦ ᠲᠡᠦᠬᠡ ᠲᠡᠢ ᠨᠡᠭᠦᠳᠡᠯ ᠦᠨ ᠰᠤᠶᠤᠯ ᠢᠷᠭᠡᠨᠰᠢᠯ᠂ ᠳᠠᠶᠠᠩ ᠳᠡᠯᠡᠬᠡᠢ ᠢᠢ ᠡᠩᠬᠡᠵᠢᠭᠦᠯᠦᠭᠰᠡᠨ ᠮᠣᠩ᠋ᠭᠣᠯ ᠤᠨ ᠡᠵᠡᠨᠲᠦ ᠭᠦᠷᠦᠨ᠂ ᠮᠣᠩ᠋ᠭᠣᠯᠴᠤᠳ ᠤᠨ ᠭᠦᠨ ᠪᠠᠲᠤ ᠢᠲᠡᠭᠡᠯ ᠦᠨᠡᠮᠰᠢᠯ ᠦᠭᠡᠢ ᠪᠡᠷ ᠥᠨᠥᠳᠥᠷ ᠦᠨ ᠮᠣᠩ᠋ᠭᠣᠯ ᠤᠯᠤᠰ ᠢ ᠲᠥᠰᠥᠭᠯᠡᠬᠦ ᠠᠷᠭ᠎ᠠ ᠦᠭᠡᠢ ᠢᠢ ᠣᠨᠴᠠᠯᠠᠯ᠎ᠠ᠃
ᠮᠣᠩ᠋ᠭᠣᠯ ᠳᠠᠷᠬᠠᠴᠤᠳ ᠤᠨ ᠤᠷᠠᠨ ᠨᠠᠷᠢᠨ ᠬᠢᠴᠡ ᠲᠡᠢ᠂ ᠲᠡᠭᠦᠰ ᠲᠡᠭᠦᠯᠳᠡᠷ ᠪᠦᠲᠦᠭᠡᠯ ᠦᠳ ᠥᠷᠦᠨ᠎ᠡ ᠳᠣᠷᠣᠨ᠎ᠠ ᠳᠤ ᠱᠠᠭᠰᠢᠭᠳᠠᠵᠤ᠂ ᠮᠣᠩ᠋ᠭᠣᠯ ᠤᠨ ᠤᠷᠠᠯᠢᠭ ᠢ ᠳᠡᠯᠡᠬᠡᠢ ᠳ᠋ᠠᠬᠢᠨ ᠳᠤ ᠲᠠᠨᠢᠭᠤᠯᠬᠤ ᠳᠤ ᠴᠢᠬᠤᠯᠠ ᠬᠤᠪᠢ ᠨᠡᠮᠡᠷᠢ ᠣᠷᠣᠭᠤᠯᠵᠤ ᠪᠠᠢᠢᠭ᠎ᠠ ᠢᠢ ᠳᠤᠷᠠᠳᠪᠠ᠃
ᠠᠩᠬᠠᠳᠤᠭᠠᠷ ᠪᠣᠭᠳᠠ ᠥᠨᠳᠥᠷ ᠭᠡᠭᠡᠨ ᠵᠠᠨᠠᠪᠠᠵᠠᠷ ᠤᠨ ᠪᠦᠲᠦᠭᠡᠯ ᠦᠳ ᠭᠡᠬᠦ ᠳᠥ ᠯᠠ ᠳᠡᠯᠡᠬᠡᠢ ᠢᠢᠨ ᠰᠣᠩ᠋ᠭᠣᠳᠠᠭ ᠪᠦᠲᠦᠭᠡᠯ ᠦᠳ ᠲᠡᠢ ᠡᠩ ᠵᠡᠷᠭᠡᠴᠡᠬᠦ ᠰᠣᠳᠣ ᠪᠦᠲᠦᠭᠡᠯ ᠬᠡᠮᠡᠨ ᠰᠤᠳᠤᠯᠤᠭᠠᠴᠢ᠂ ᠮᠡᠷᠭᠡᠵᠢᠯᠲᠡᠨ ᠨᠦᠭᠦᠳ ᠥᠨᠳᠥᠷ ᠢᠶᠡᠷ ᠦᠨᠡᠯᠡᠳᠡᠭ ᠨᠢ ᠮᠣᠩ᠋ᠭᠣᠯ ᠳᠠᠷᠬᠠᠨ ᠤ ᠤᠷ᠎ᠠ ᠤᠬᠠᠭᠠᠨ᠂ ᠠᠪᠢᠶᠠᠰ ᠪᠢᠯᠢᠭ᠌ ᠮᠣᠩ᠋ᠭᠣᠯᠴᠤᠳ ᠲᠡᠳᠦᠢ ᠦᠭᠡᠢ ᠬᠦᠮᠦᠨ ᠲᠥᠷᠥᠯᠬᠢᠲᠡᠨ ᠳᠥ ᠶᠠᠮᠠᠷ ᠦᠨ᠎ᠡ ᠴᠡᠨ᠎ᠡ ᠲᠡᠢ ᠢᠢ ᠬᠠᠷᠠᠭᠤᠯᠵᠤ ᠪᠠᠢᠢᠳᠠᠭ ᠢ ᠲᠣᠳᠣᠳᠬᠠᠪᠠ᠃
ᠴᠢᠨᠠᠭᠰᠢᠳᠠ ᠮᠣᠩ᠋ᠭᠣᠯ ᠳᠠᠷᠬᠠᠨ ᠤ ᠤᠷᠠᠯᠢᠭ ᠢ ᠳᠡᠮᠵᠢᠨ ᠬᠥᠭ᠍ᠵᠢᠭᠦᠯᠬᠦ ᠢᠢᠨ ᠲᠤᠯᠠᠳᠠ ᠤᠯᠠᠮᠵᠢᠯᠠᠯᠲᠤ ᠭᠠᠷ ᠤᠷᠠᠯᠠᠯ ᠤᠨ ᠠᠷᠭ᠎ᠠ᠂ ᠲᠧᠭᠨᠣᠯᠣᠭᠢ ᠢᠢ ᠬᠠᠳᠠᠭᠠᠯᠠᠨ ᠬᠠᠮᠠᠭᠠᠯᠠᠬᠤ᠂ ᠣᠯᠠᠨ ᠤᠯᠤᠰ ᠲᠤ ᠬᠦᠯᠢᠶᠡᠨ ᠵᠥᠪᠰᠢᠶᠡᠷᠡᠭᠦᠯᠬᠦ᠂ ᠥᠷᠭᠡᠵᠢᠭᠦᠯᠬᠦ ᠴᠢᠭᠯᠡᠯ ᠢᠶᠡᠷ ᠲᠥᠷᠥ᠂ ᠵᠠᠰᠠᠭ ᠤᠨ ᠬᠣᠯᠪᠣᠭᠳᠠᠬᠤ ᠪᠠᠢᠢᠭᠤᠯᠤᠯᠭ᠎ᠠ ᠨᠤᠭᠤᠳ ᠨᠢᠭᠡᠳᠦᠭᠰᠡᠨ ᠪᠣᠳᠣᠯᠭ᠎ᠠ ᠪᠠᠷ ᠠᠵᠢᠯᠯᠠᠬᠤ ᠶᠣᠰᠣᠲᠠᠢ ᠢᠢ ᠬᠡᠯᠡᠯ᠎ᠡ᠃
《ᠮᠣᠩ᠋ᠭᠣᠯ ᠳᠠᠷᠬᠠᠨ-2022》 ᠦᠵᠡᠰᠬᠦᠯᠡᠩ ᠳᠥ 100 ᠭᠠᠷᠤᠢ ᠤᠷᠠᠨ ᠳᠠᠷᠬᠠᠨ ᠤ 150 ᠭᠠᠷᠤᠢ ᠪᠦᠲᠦᠭᠡᠯ ᠢ ᠲᠣᠯᠢᠯᠠᠭᠤᠯᠵᠤ ᠪᠠᠢᠢᠨ᠎ᠠ᠃
ᠲᠡᠷᠢᠭᠦᠨ ᠪᠠᠢᠢᠷᠢ ᠳᠤ᠄
《ᠳᠠᠯᠠᠢᠢᠴᠣᠢᠢᠩᠬᠣᠷ ᠬᠡᠲᠡ ᠬᠢᠲᠤᠭ᠎ᠠ》 ᠪᠦᠲᠦᠭᠡᠯ ᠢᠶᠡᠷ ᠭ ∙ ᠬᠠᠳᠠᠬᠦᠦ᠂
《ᠲᠩᠷᠢ ᠵᠠᠶᠠᠭ᠎ᠠ》 ᠪᠦᠲᠦᠭᠡᠯ ᠢᠶᠡᠷ ᠳ ∙ ᠭᠡᠷᠡᠯ᠂
《ᠬᠠᠩ᠋ᠭᠠᠷᠤᠳᠢ ᠬᠣᠣᠰ ᠵᠠᠪᠢᠶ᠎ᠠ》 ᠪᠦᠲᠦᠭᠡᠯ ᠢᠶᠡᠷ ᠪ ∙ ᠣᠳᠬᠣᠨᠪᠠᠭᠠᠲᠤᠷ ᠨᠠᠷ ᠰᠢᠯᠭᠠᠷᠠᠭᠰᠠᠨ ᠪᠠᠢᠢᠨ᠎ᠠ᠃
ᠮᠣᠩ᠋ᠭᠣᠯ ᠤᠯᠤᠰ ᠤᠨ ᠲᠡᠦᠬᠡ ᠰᠤᠶᠤᠯ ᠤᠨ ᠬᠣᠣᠰ ᠦᠭᠡᠢ ᠦᠨᠡᠲᠦ ᠳᠤᠷᠠᠰᠬᠠᠯᠲᠤ ᠵᠦᠢᠯ ᠦᠨ ᠵᠡᠷᠭᠡᠯᠡᠯ ᠳᠥ 778 ᠳᠤᠷᠠᠰᠬᠠᠯ ᠪᠠᠢᠢᠳᠠᠭ ᠠᠴᠠ 60 ᠣᠷᠴᠢᠮ ᠬᠤᠪᠢ ᠨᠢ ᠵᠣᠭᠣᠰ ᠮᠥᠩ᠋ᠭᠥᠨ ᠲᠡᠮᠳᠡᠭᠲᠦ᠂ ᠤᠭᠰᠠᠭᠠᠲᠠᠨ ᠤ ᠪᠣᠯᠤᠨ ᠪᠤᠷᠬᠠᠨ ᠤ ᠱᠠᠰᠢᠨ ᠤ ᠤᠷᠠᠨ ᠳᠠᠷᠬᠠᠨ ᠤ ᠪᠦᠲᠦᠭᠡᠯ ᠶᠤᠮ᠃
ᠬᠠᠷᠢᠨ ᠰᠤᠶᠤᠯ ᠤᠨ ᠪᠡᠶᠡᠲᠦ ᠪᠤᠰᠤ ᠥᠪ ᠦᠨ ᠦᠨᠳᠦᠰᠦᠨ ᠦ ᠪᠦᠷᠢᠳᠬᠡᠯ ᠳᠥ ᠤᠷᠠᠨ ᠳᠠᠷᠬᠠᠨ ᠤ ᠤᠯᠠᠮᠵᠢᠯᠠᠯᠲᠤ ᠮᠡᠳᠡᠯᠭᠡ᠂ ᠠᠷᠭ᠎ᠠ ᠤᠬᠠᠭᠠᠨ ᠲᠠᠢ ᠬᠣᠯᠪᠣᠭ᠎ᠠ ᠲᠠᠢ ᠨᠠᠢᠢᠮᠠ (ᠮᠥᠩ᠋ᠭᠥᠨ ᠠᠶᠠᠭ᠎ᠠ ᠬᠢᠬᠦ ᠤᠷᠠᠯᠠᠯ᠂ ᠬᠡᠲᠡ ᠬᠢᠲᠤᠭ᠎ᠠ ᠤᠷᠠᠯᠠᠯ᠂ ᠮᠣᠩ᠋ᠭᠣᠯ ᠡᠮᠡᠭᠡᠯ ᠬᠢᠬᠦ ᠤᠷᠠᠯᠠᠯ᠂ ᠮᠣᠩ᠋ᠭᠣᠯ ᠳᠠᠷᠬᠠᠨ ᠤ ᠴᠢᠳᠬᠤᠭᠤᠷ ᠤᠨ ᠤᠷᠠᠯᠠᠯ᠂ ᠴᠠᠬᠢᠭᠤᠷ ᠪᠤᠤ ᠬᠢᠬᠦ ᠲᠧᠭᠨᠣᠯᠣᠭᠢ᠂ ᠳᠠᠷᠬᠠᠨ᠂ ᠮᠤᠵᠢᠶᠠᠨᠭ᠌ ᠤ ᠪᠠᠭᠠᠵᠢ ᠬᠡᠷᠡᠭᠰᠡᠯ ᠤᠷᠠᠯᠠᠯ᠂ ᠬᠥᠳᠡᠯᠮᠦᠷᠢ ᠢᠢᠨ ᠪᠠᠭᠠᠵᠢ ᠵᠡᠪᠰᠡᠭ ᠤᠷᠠᠯᠠᠯ) ᠥᠪ ᠦᠨ ᠲᠥᠷᠥᠯ ᠵᠦᠢᠯ᠂ ᠥᠪᠯᠡᠨ ᠤᠯᠠᠮᠵᠢᠯᠠᠭᠴᠢ ᠪᠠᠷ 160 ᠭᠠᠷᠤᠢ ᠤᠷᠠᠨ ᠳᠠᠷᠬᠠᠨ ᠪᠦᠷᠢᠳᠬᠡᠭ᠍ᠳᠡᠵᠡᠢ᠃
2016 ᠣᠨ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠷᠠᠨ ᠳᠠᠷᠬᠠᠨ ᠤ ᠤᠷᠠᠯᠢᠭ ᠢ ᠳᠡᠮᠵᠢᠬᠦ ᠲᠤᠬᠠᠢ ᠵᠠᠷᠯᠢᠭ ᠭᠠᠷᠭᠠᠭᠰᠠᠨ ᠪᠥᠭᠡᠳ ᠡᠨᠡ ᠬᠦᠷᠢᠶᠡᠨ ᠳᠥ 《ᠮᠣᠩ᠋ᠭᠣᠯ ᠳᠠᠷᠬᠠᠨ》 ᠦᠵᠡᠰᠬᠦᠯᠡᠩ ᠢ ᠭᠤᠷᠪᠠᠨ ᠵᠢᠯ ᠲᠤᠲᠤᠮ ᠳᠤ ᠨᠢᠭᠡ ᠤᠳᠠᠭ᠎ᠠ ᠵᠣᠬᠢᠶᠠᠨ ᠪᠠᠢᠢᠭᠤᠯᠬᠤ ᠪᠠᠷ ᠲᠣᠭᠲᠠᠭᠰᠠᠨ ᠶᠤᠮ᠃