ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠭᠠᠳᠠᠭᠠᠳᠤ ᠬᠠᠷᠢᠯᠴᠠᠭᠠᠨ ᠤ ᠶᠠᠮᠤᠨ᠂ 《ᠬᠢᠯᠢ ᠢᠢᠨ ᠴᠢᠨᠠᠳᠤ ᠳᠠᠬᠢ ᠮᠣᠩ᠋ᠭᠣᠯᠴᠤᠳ ᠤᠨ ᠵᠥᠪᠯᠡᠯ》ᠨ᠂ᠥ᠂ᠲ᠂ᠪ᠂ᠪ᠂ ᠬᠠᠮᠲᠤᠷᠠᠨ 2022 ᠣᠨ ᠤ 07 ᠳ᠋ᠤᠭᠠᠷ ᠰᠠᠷ᠎ᠠ ᠢᠢᠨ 03-05 ᠍ ᠤ ᠡᠳᠦᠷ 《ᠬᠢᠯᠢ ᠢᠢᠨ ᠴᠢᠨᠠᠳᠤ ᠳᠠᠬᠢ ᠮᠣᠩ᠋ᠭᠣᠯᠴᠤᠳ ᠤᠨ ᠨᠢᠭᠡᠳᠦᠭᠰᠡᠨ ᠴᠢᠭᠤᠯᠭ᠎ᠠ ᠠᠭᠤᠯᠵᠠᠯᠲᠠ》 ᠍ ᠢ ᠤᠯᠠᠭᠠᠨᠪᠠᠭᠠᠲᠤᠷ ᠬᠣᠲᠣᠨᠠ ᠵᠣᠬᠢᠶᠠᠨ ᠪᠠᠢᠢᠭᠤᠯᠤᠨ᠎ᠠ᠃
ᠴᠢᠭᠤᠯᠭ᠎ᠠ ᠠᠭᠤᠯᠵᠠᠯᠲᠠ ᠢᠢᠨ ᠬᠦᠷᠢᠶᠡᠨ ᠳᠥ᠄
《ᠭᠡᠷ ᠲᠥ ᠪᠡᠨ ᠬᠠᠷᠢᠬᠤ ᠵᠠᠮ-ᠡᠬᠡ ᠣᠷᠣᠨ ᠳᠤ ᠪᠠᠨ ᠬᠥᠷᠥᠩ᠋ᠭᠡ ᠣᠷᠣᠭᠤᠯᠤᠶ᠎ᠠ》 ᠬᠥᠷᠥᠩ᠋ᠭᠡ ᠣᠷᠣᠭᠤᠯᠤᠭᠴᠢᠳ ᠤᠨ ᠵᠥᠪᠯᠡᠭᠡᠨ᠂
《ᠮᠣᠩ᠋ᠭᠣᠯ ᠣᠷᠣᠨ ᠤ ᠬᠥᠭ᠍ᠵᠢᠯ ᠳ᠋ᠦ》 ᠲᠧᠭᠨᠣᠯᠣᠭᠢ ᠢᠢᠨ ᠵᠥᠪᠯᠡᠭᠡᠨ》᠂
ᠬᠢᠯᠢ ᠢᠢᠨ ᠴᠢᠨᠠᠳᠤ ᠳᠠᠬᠢ ᠡᠬᠡ ᠬᠡᠯᠡ᠂ ᠰᠤᠶᠤᠯ ᠤᠨ ᠪᠠᠭᠰᠢ ᠨᠠᠷ ᠤᠨ ᠵᠥᠪᠯᠡᠭᠡᠨ᠂
《ᠬᠢᠯᠢ ᠢᠢᠨ ᠴᠢᠨᠠᠳᠤ ᠳ᠋ᠠᠬᠢ ᠢᠷᠭᠡᠳ ᠦᠨ ᠡᠷᠬᠡ᠂ ᠨᠡᠢᠢᠭᠡᠮ ᠦᠨ ᠠᠰᠠᠭᠤᠳᠠᠯ ᠤᠳ》 ᠵᠥᠪᠯᠡᠭᠡᠨ᠂
《ᠬᠢᠯᠢ ᠢᠢᠨ ᠴᠢᠨᠠᠳᠤ ᠳ᠋ᠠᠬᠢ ᠮᠣᠩ᠋ᠭᠣᠯᠴᠤᠳ ᠤᠨ ᠵᠥᠪᠯᠡᠯ》ᠨ᠂ᠥ᠂ᠲ᠂ᠪ᠂ᠪ ᠍ ᠤᠨ IV ᠴᠢᠭᠤᠯᠭ᠎ᠠ ᠠᠭᠤᠯᠵᠠᠯᠲᠠ ᠭᠡᠰᠡᠨ ᠲᠠᠪᠤᠨ ᠰᠠᠯᠪᠤᠷᠢ ᠬᠤᠷᠠᠯᠳᠤᠭᠠᠨ ᠪᠣᠯᠤᠨ᠎ᠠ᠃
2022 ᠣᠨ ᠤ 07 ᠳ᠋ᠤᠭᠠᠷ ᠰᠠᠷ᠎ᠠ ᠢᠢᠨ 05 ᠍ ᠤ ᠡᠳᠦᠷ ᠪᠣᠯᠬᠤ ᠨᠢᠭᠡᠳᠦᠭᠰᠡᠨ ᠴᠢᠭᠤᠯᠭ᠎ᠠ ᠠᠭᠤᠯᠵᠠᠯᠲᠠ ᠪᠠᠷ ᠰᠠᠯᠪᠤᠷᠢ ᠬᠤᠷᠠᠯᠳᠤᠭᠠᠨ ᠨᠤᠭᠤᠳ ᠠᠴᠠ ᠳᠡᠪᠰᠢᠭᠦᠯᠦᠭᠰᠡᠨ ᠰᠠᠨᠠᠯ᠂ ᠵᠥᠪᠯᠡᠮᠵᠢ ᠢᠢ ᠬᠡᠯᠡᠯᠴᠡᠵᠦ᠂ ᠨᠢᠭᠡᠳᠦᠭᠰᠡᠨ ᠵᠥᠪᠯᠡᠮᠵᠢ ᠭᠠᠷᠭᠠᠬᠤ ᠶᠤᠮ᠃