Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠰᠢᠯᠢᠳᠡᠭ ᠪᠦᠲᠦᠭᠡᠯ ᠦᠳ ᠲᠥ ᠲᠥᠷᠦ ᠢᠢᠨ ᠱᠠᠩᠨᠠᠯ ᠬᠦᠷᠲᠡᠭᠡᠪᠡ

ᠭᠧᠣᠯᠣᠭᠢ᠂ ᠠᠭᠤᠯᠠ ᠠᠭᠤᠷᠬᠠᠢ ᠢᠢᠨ ᠦᠢᠯᠡᠳᠪᠦᠷᠢᠯᠡᠯ ᠦᠨ ᠰᠠᠭᠤᠷᠢ ᠨᠥᠬᠥᠴᠡᠯ ᠪᠣᠯᠬᠤ ᠠᠰᠢᠭᠲᠤ ᠮᠠᠯᠲᠠᠮᠠᠯ᠂ ᠣᠷᠳᠣ᠂ ᠠᠭᠤᠷᠬᠠᠢ ᠢᠢᠨ ᠠᠰᠢᠭᠯᠠᠯᠲᠠ ᠢᠢᠨ ᠲᠧᠭᠨᠣᠯᠣᠭᠢ᠂ ᠨᠡᠭᠡᠭᠡᠯᠲᠡ᠂ ᠬᠠᠭᠠᠯᠲᠠ ᠢᠢᠨ ᠮᠧᠨᠧᠵᠮᠧᠨᠲ᠂ ᠦᠢᠯᠡᠳᠪᠦᠷᠢᠯᠡᠯ ᠦᠨ ᠮᠧᠬᠠᠨᠢᠭᠵᠢᠭᠤᠯᠤᠯᠲᠠ᠂ ᠴᠠᠬᠢᠯᠭᠠᠨ ᠬᠠᠩ᠋ᠭᠠᠮᠵᠢ᠂ ᠠᠦ᠋ᠲ᠋ᠣᠮᠠᠲ᠋ᠵᠢᠭᠤᠯᠤᠯᠲᠠ᠂ ᠡᠺᠣᠯᠣᠭᠢ᠂ ᠪᠠᠢᠢᠭᠠᠯᠢ ᠣᠷᠴᠢᠨ ᠤ ᠬᠠᠮᠠᠭᠠᠯᠠᠯ᠂ ᠦᠢᠯᠡᠳᠪᠦᠷᠢᠯᠡᠯ ᠦᠨ ᠠᠶᠤᠯ ᠦᠭᠡᠢ ᠪᠠᠢᠢᠳᠠᠯ᠂ ᠡᠷᠡᠭᠦᠯ ᠠᠬᠤᠢ ᠵᠡᠷᠭᠡ ᠬᠠᠷᠢᠯᠴᠠᠨ ᠤᠶᠠᠯᠳᠤᠭ᠎ᠠ ᠲᠠᠢ ᠥᠷᠭᠡᠨ ᠬᠦᠷᠢᠶ ᠡ ᠲᠡᠢ ᠠᠰᠠᠭᠤᠳᠠᠯ ᠢ ᠴᠣᠭᠴᠠ ᠪᠠᠷ ᠨᠢ ᠰᠤᠳᠤᠯᠤᠨ᠂ ᠭᠧᠣᠯᠣᠭᠢ᠂ ᠠᠭᠤᠯᠠ ᠠᠭᠤᠷᠬᠠᠢ ᠢᠢᠨ ᠰᠠᠯᠪᠤᠷᠢ ᠢᠢᠨ ᠦᠢᠯᠡᠳᠪᠦᠷᠢᠯᠡᠯ᠂ ᠡᠷᠳᠡᠮ ᠰᠤᠳᠤᠯᠤᠯ᠂ ᠰᠤᠷᠭᠠᠯᠲᠠ ᠳᠤ ᠦᠨᠡᠲᠡᠢ ᠡᠬᠢ ᠰᠤᠷᠪᠤᠯᠵᠢ ᠪᠣᠯᠤᠭᠰᠠᠨ᠂ ᠣᠷᠴᠢᠨ ᠦᠶ᠎ᠡ ᠢᠢᠨ ᠭᠧᠣᠯᠣᠭᠢ᠂ ᠠᠭᠤᠯᠠ ᠠᠭᠤᠷᠬᠠᠢ ᠢᠢᠨ ᠰᠠᠯᠪᠤᠷᠢ ᠢᠢᠨ ᠬᠥᠭ᠍ᠵᠢᠯ ᠦᠨ ᠡᠳᠦᠭᠡ ᠪᠣᠯᠤᠨ ᠢᠷᠡᠭᠡᠳᠦᠢ ᠢᠢᠨ ᠬᠥᠭ᠍ᠵᠢᠯ ᠦᠨ ᠴᠢᠭ᠌ ᠬᠠᠨᠳᠤᠯᠭ᠎ᠠ ᠢᠢ ᠲᠣᠳᠣᠷᠬᠠᠢᠢᠯᠠᠵᠤ ᠬᠡᠷᠡᠭᠵᠢᠭᠦᠯᠬᠦ ᠳᠥ ᠰᠢᠨᠵᠢᠯᠡᠬᠦ ᠤᠬᠠᠭᠠᠨ ᠤ ᠦᠨᠳᠦᠰᠦᠯᠡᠯ᠂ ᠣᠨᠣᠯ᠂ ᠫᠷᠠᠺᠲ᠋ᠢᠭ ᠤᠨ ᠠᠴᠢ ᠬᠣᠯᠪᠣᠭᠳᠠᠯ ᠲᠠᠢ᠂ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ ᠢᠢᠨ ᠠᠭᠤᠯᠠ ᠠᠭᠤᠷᠬᠠᠢ ᠢᠢᠨ ᠰᠠᠯᠪᠤᠷᠢ ᠢᠢᠨ ᠲᠡᠷᠢᠭᠦᠯᠡᠬᠦ ᠡᠷᠳᠡᠮᠲᠡᠳ᠂ ᠫᠷᠣᠹᠧᠰᠰᠣᠷ ᠤᠳ ᠤᠨ ᠲᠤᠭᠤᠷᠪᠢᠭᠰᠠᠨ 《ᠠᠭᠤᠯᠠ ᠠᠭᠤᠷᠬᠠᠢ ᠢᠢᠨ ᠲᠧᠭᠨᠣᠯᠣᠭᠢ᠂ ᠡᠳ᠋ ᠍ ᠦᠨ ᠵᠠᠰᠠᠭ᠂ ᠡᠺᠣᠯᠣᠭᠢ》 ᠡᠷᠳᠡᠮ ᠰᠤᠳᠤᠯᠤᠯ ᠤᠨ ᠴᠣᠭᠴᠠ ᠳᠣᠯᠣᠭᠠᠨ ᠪᠣᠲᠢ ᠪᠦᠲᠦᠭᠡᠯ ᠳᠥ ᠮᠣᠩ᠋ᠭᠣᠯ ᠤᠯᠤᠰ ᠤᠨ ᠲᠥᠷᠥ ᠢᠢᠨ ᠱᠠᠩᠨᠠᠯ ᠬᠦᠷᠲᠡᠭᠡᠪᠡ᠃

ᠪᠦᠲᠦᠭᠡᠯ ᠦᠨ ᠶᠡᠷᠦᠩᠬᠡᠢ ᠡᠷᠬᠢᠯᠡᠭᠴᠢ᠄

ᠮᠣᠩ᠋ᠭᠣᠯ ᠤᠯᠤᠰ ᠤᠨ ᠶᠡᠷᠦᠩᠬᠡᠢᠢᠯᠡᠭᠴᠢ ᠠᠰᠠᠨ᠂ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ ᠢᠢᠨ ᠵᠦᠪᠯᠡᠬᠦ ᠫᠷᠣᠹᠧᠰᠰᠣᠷ᠂ ᠳ᠋ᠣᠺᠲ᠋ᠣᠷ᠂ ᠠᠺᠠᠳᠧᠮᠢᠴᠢ ᠫᠦᠩᠰᠠᠯᠮ᠎ᠠ ᠢᠢᠨ ᠸᠴᠢᠷᠪᠠᠲᠤ;

ᠪᠦᠲᠦᠭᠡᠯ ᠦᠨ ᠶᠡᠷᠦᠩᠬᠡᠢ ᠷᠧᠳᠠᠺᠲᠣᠷ᠄

ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ ᠢᠢᠨ ᠭᠧᠣᠯᠣᠭᠢ᠂ ᠠᠭᠤᠯᠠ ᠠᠭᠤᠷᠬᠠᠢ ᠢᠢᠨ ᠰᠤᠷᠭᠠᠭᠤᠯᠢ ᠢᠢᠨ ᠵᠠᠬᠢᠷᠤᠯ᠂ ᠳ᠋ᠣᠺᠲ᠋ᠣᠷ᠂ ᠲᠡᠷᠢᠭᠦᠯᠡᠬᠦ ᠫᠷᠣᠹᠧᠰᠰᠣᠷ ᡀᠠᠮᠣᠰᠦ᠋ᠷᠦᠩ ᠦᠨ ᠫᠦᠷᠪᠦ;

ᠬᠠᠮᠲᠤᠷᠠᠨ ᠵᠣᠬᠢᠶᠠᠭᠴᠢ;

ᠮᠣᠩ᠋ᠭᠣᠯ ᠤᠯᠤᠰ ᠤᠨ ᠭᠠᠪᠢᠶᠠᠲᠤ ᠪᠠᠭᠰᠢ᠂ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ ᠢᠢᠨ ᠵᠦᠪᠯᠡᠬᠦ ᠫᠷᠣᠹᠧᠰᠰᠣᠷ᠂ ᠳ᠋ᠣᠺᠲ᠋ᠣᠷ ᠰᠣᠳᠨᠠᠮ ᠤᠨ ᠴᠡᠷᠡᠩᠳᠣᠷᠵᠢ;

ᠮᠣᠩ᠋ᠭᠣᠯ ᠤᠯᠤᠰ ᠤᠨ ᠭᠠᠪᠢᠶᠠᠲᠤ ᠪᠠᠭᠰᠢ᠂ ᠰᠢᠨᠵᠢᠯᠡᠬᠦ ᠤᠬᠠᠭᠠᠨ ᠲᠧᠭᠨᠣᠯᠣᠭᠢ ᠢᠢᠨ ᠶᠡᠬᠡ ᠰᠤᠷᠭᠠᠭᠤᠯᠢ ᠢᠢᠨ ᠫᠷᠣᠹᠧᠰᠰᠣᠷ᠂ ᠳ᠋ᠣᠺᠲ᠋ᠣᠷ ᠵᠠᠮᠢᠶᠠᠨ᠍᠍᠋ᠭ᠍ᠠᠠᠣᠷᠯᠸ᠎ᠠ ᠢᠢᠨ ᠴᠡᠪᠡᠭ᠍ᠮᠢᠳ;

ᠮᠥᠨ᠄

ᠰᠤᠶᠤᠯ᠂ ᠤᠷᠠᠯᠢᠭ᠂ ᠤᠳᠬ᠎ᠠ ᠵᠣᠬᠢᠶᠠᠯ ᠤᠨ ᠰᠠᠯᠪᠤᠷᠢ ᠲᠤ ᠣᠯᠠᠨ ᠵᠢᠯ ᠦᠷ᠎ᠡ ᠪᠦᠲᠦᠭᠡᠯ ᠲᠡᠢ ᠠᠵᠢᠯᠯᠠᠵᠤ᠂ ᠡᠬᠡ ᠣᠷᠣᠨ᠂ ᠲᠤᠰᠠᠭᠠᠷ ᠲᠣᠭᠲᠠᠨᠢᠯ᠂ ᠶᠡᠬᠡ ᠲᠡᠦᠬᠡ᠂ ᠵᠠᠩ ᠵᠠᠩᠰᠢᠯ᠂ ᠥᠪ ᠰᠤᠶᠤᠯ ᠤᠨ ᠰᠡᠳᠦᠪᠲᠦ ᠣᠯᠠᠨ ᠠᠷᠪᠠᠨ ᠰᠢᠯᠦᠭ᠂ ᠨᠠᠢᠢᠷᠠᠭᠯᠠᠯ᠂ ᠵᠦᠵᠦᠭᠡ ᠢᠢᠨ ᠵᠣᠬᠢᠶᠠᠯ ᠪᠢᠴᠢᠭᠰᠡᠨ ᠰᠤᠶᠤᠯ ᠤᠨ ᠭᠠᠪᠢᠶᠠᠲᠤ ᠵᠢᠳᠬᠦᠯᠲᠡᠨ᠂ ᠳᠠ‍ ∙ ᠨᠠᠴᠤᠭᠳᠣᠷᠵᠢ ᠢᠢᠨ ᠨᠡᠷᠡᠮᠵᠢᠲᠦ ᠱᠠᠩᠨᠠᠯᠲᠤ ᠵᠣᠬᠢᠶᠠᠯᠴᠢ᠂ ᠢᠷᠠᠭᠤ ᠨᠠᠢᠢᠷᠠᠭᠴᠢ ᠱᠠᠭᠳᠤᠷᠰᠦ᠋ᠷᠦᠩ ᠦᠨ ᠭᠦᠷᠦᠪᠠᠽᠠᠷ ᠤᠨ ᠲᠤᠭᠤᠷᠪᠢᠭᠰᠠᠨ᠂ ᠡᠬᠡ ᠣᠷᠣᠨ ᠢᠶᠠᠨ ᠮᠠᠭᠲᠠᠨ ᠳᠠᠭᠤᠯᠠᠵᠤ᠂ ᠡᠬᠡ ᠣᠷᠣᠨᠴᠢ ᠰᠡᠳᠬᠢᠯᠭᠡ ᠢᠢ ᠤᠩᠰᠢᠭᠴᠢ ᠣᠯᠠᠨ ᠲᠦᠮᠡᠨ᠂ ᠬᠡᠦᠬᠡᠳ᠂ ᠵᠠᠯᠠᠭᠤᠰ ᠲᠤ ᠲᠦᠭᠡᠭᠡᠨ ᠳᠡᠯᠭᠡᠷᠡᠭᠦᠯᠦᠭᠰᠡᠨ 《ᠪᠢ ᠮᠣᠩ᠋ᠭᠣᠯ ᠢᠶᠠᠷ ᠢᠶᠠᠨ ᠭᠣᠶᠣᠳᠠᠭ》᠂ 《ᠪᠢ ᠮᠣᠩ᠋ᠭᠣᠯ ᠲᠠᠢ ᠪᠠᠨ ᠠᠳᠠᠯᠢᠬᠠᠨ》᠂ 《ᠮᠣᠩ᠋ᠭᠣᠯ ᠤᠨ ᠦᠨᠦᠷ ᠲᠡᠢ ᠰᠠᠯᠬᠢ》 ᠪᠦᠲᠦᠭᠡᠯ ᠦᠳ ᠲᠥ ᠮᠣᠩ᠋ᠭᠣᠯ ᠤᠯᠤᠰ ᠤᠨ ᠲᠥᠷᠥ ᠢᠢᠨ ᠱᠠᠩᠨᠠᠯ ᠬᠦᠷᠲᠡᠭᠡᠯ ᠡ᠃
ᠣᠶᠤᠨ ᠤᠬᠠᠭᠠᠨ᠂ ᠠᠪᠢᠶᠠᠰ ᠪᠢᠯᠢᠭ᠌ ᠢᠶᠡᠷ ᠢᠶᠡᠨ ᠮᠠᠩᠯᠠᠢᠢᠯᠠᠵᠤ᠂ ᠰᠢᠯᠢᠳᠡᠭ ᠪᠦᠲᠦᠭᠡᠯ ᠢᠶᠡᠷ ᠢᠶᠡᠨ ᠣᠨᠴᠠᠭᠠᠢᠢᠷᠠᠨ ᠰᠢᠯᠭᠠᠷᠠᠭᠰᠠᠨ ᠡᠷᠬᠢᠮ ᠦᠳ ᠲᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠠᠶᠠᠷ ᠬᠦᠷᠭᠡᠵᠦ᠂ ᠭᠡᠷ ᠪᠦᠯᠢ᠂ ᠦᠷ᠎ᠡ ᠬᠡᠦᠬᠡᠳ᠂ ᠬᠠᠮᠲᠤ ᠣᠯᠠᠨ ᠳᠤ ᠨᠢ ᠰᠠᠢᠢᠨ ᠰᠠᠢᠢᠬᠠᠨ ᠢ ᠬᠦᠰᠡᠨ ᠢᠷᠦᠭᠡᠪᠡ᠃