Та "Internet explorer"-ийн сүүлийн хувилбар болох "Microsoft edge"-г ашиглана уу

Хэрэв "Microsoft edge"-г татах бол энд дарж татаж авна уу

ᠰᠣᠶᠣᠯ ᠤᠨ ᠭᠠᠪᠢᠶᠠᠲᠤ ᠵᠢᠳᠬᠦᠯᠲᠡᠨ ᠬᠤ‍᠃ ᠴᠡᠪᠡᠯ᠎ᠡ᠂ 《ᠡᠷᠳᠡᠨᠢᠲᠦ ᠦᠢᠯᠡᠳᠪᠦᠷᠢ》 ᠲᠥᠷᠥ ᠢᠢᠨ ᠥᠮᠴᠢᠲᠤ ᠦᠢᠯᠡᠳᠪᠦᠷᠢ ᠢᠢᠨ ᠭᠠᠵᠠᠷ ᠤᠨ ᠶᠡᠷᠦᠩᠬᠡᠢ ᠵᠠᠬᠢᠷᠤᠯ ᠬᠤ‍ ∙ ᠪᠠᠳᠮᠠᠰᠦ᠋ᠷᠦᠩ ᠨᠠᠷ ᠲᠤ ᠬᠥᠳᠡᠯᠮᠦᠷᠢ ᠢᠢᠨ ᠪᠠᠭᠠᠲᠤᠷ ᠴᠣᠯᠠ ᠬᠦᠷᠲᠡᠭᠡᠪᠡ

ᠲᠤᠯᠭᠤᠷ ᠲᠥᠷᠦ ᠢᠢᠨ 2230᠂ 2231᠂ ᠶᠡᠬᠡ ᠮᠣᠩ᠋ᠭᠣᠯ ᠤᠯᠤᠰ ᠪᠠᠢᠢᠭᠤᠯᠤᠭᠳᠠᠰᠤᠨ ᠤ 815᠂ 816᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 110᠂ 111᠂ ᠠᠷᠠᠳ ᠤᠨ ᠬᠤᠪᠢᠰᠬᠠᠯ ᠤᠨ 100᠂ 101 ᠵᠢᠯ ᠦᠨ ᠣᠢ ᠢᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠭᠠᠷᠭᠠᠨ ᠨᠡᠷ᠎ᠡ ᠪᠦᠬᠦᠢ ᠬᠦᠮᠦᠰ ᠢ ᠲᠥᠷᠦ ᠢᠢᠨ ᠳᠡᠭᠡᠳᠦ ᠴᠣᠯᠠ᠂ ᠣᠳᠤᠨ᠂ ᠮᠧᠳᠠᠯ ᠢᠶᠠᠷ ᠱᠠᠩᠨᠠᠯ᠎ᠠ᠃

ᠮᠣᠩ᠋ᠭᠣᠯ ᠤᠯᠤᠰ ᠤᠨ ᠬᠥᠳᠡᠯᠮᠦᠷᠢ ᠢᠢᠨ ᠪᠠᠭᠠᠲᠤᠷ ᠴᠣᠯᠠ ᠢᠢ᠄
ᠲᠥᠷᠥ᠂ ᠨᠡᠢᠢᠭᠡᠮ ᠤᠨ ᠨᠡᠷᠡᠲᠦ ᠵᠢᠳᠬᠦᠯᠲᠡᠨ᠂ ᠰᠤᠶᠤᠯ ᠤᠨ ᠭᠠᠪᠢᠶᠠᠲᠤ ᠵᠢᠳᠬᠦᠯᠲᠡᠨ ᠬᠣᠷᠯᠤ᠎ᠠ ᠢᠢᠨ ᠴᠡᠪᠡᠯ᠎ᠡ᠂
《ᠡᠷᠳᠡᠨᠢᠲᠦ ᠦᠢᠯᠡᠳᠪᠦᠷᠢ》 ᠲᠥᠷᠥ ᠢᠢᠨ ᠥᠮᠴᠢᠲᠤ ᠦᠢᠯᠡᠳᠪᠦᠷᠢ ᠢᠢᠨ ᠭᠠᠵᠠᠷ ᠤᠨ ᠶᠡᠷᠦᠩᠬᠡᠢ ᠵᠠᠬᠢᠷᠤᠯ ᠬᠣᠤᠬᠣᠷ ᠤᠨ ᠪᠠᠳᠮᠠᠰᠦ᠋ᠷᠦᠩ ᠨᠠᠷ ᠲᠤ ᠬᠦᠷᠲᠡᠭᠡᠪᠡ᠃
ᠠᠷᠠᠳ ᠤᠨ ᠡᠮᠴᠢ ᠴᠣᠯᠠ ᠢᠢ᠄
《ᠰᠠᠷᠭᠤᠨ-ᠠᠰᠠᠷᠠᠩ᠋ᠭᠤᠢ》 ᠡᠮᠨᠡᠯᠭᠡ ᠢᠢᠨ ᠵᠦᠪᠯᠡᠬᠦ ᠡᠮᠴᠢ᠂ ᠬᠦᠮᠦᠨ ᠦ ᠭᠠᠪᠢᠶᠠᠲᠤ ᠡᠮᠴᠢ ᠵᠠᠭᠠᠳᠠ ᠢᠢᠨ ᠰᠠᠷᠠᠢᠢᠳᠠᠮᠪᠠ;
ᠭᠠᠪᠢᠶᠠᠲᠤ ᠳᠠᠰᠬᠠᠯᠵᠢᠭᠤᠯᠤᠭᠴᠢ ᠴᠣᠯᠠ ᠢᠢ᠄
ᠮᠣᠩ᠋ᠭᠣᠯ ᠤᠨ ᠳᠤᠭᠤᠢ ᠢᠢᠨ ᠬᠣᠯᠪᠣᠭᠠᠨ ᠤ ᠵᠥᠪᠯᠡᠬᠦ ᠳᠠᠰᠬᠠᠯᠵᠢᠭᠤᠯᠤᠭᠴᠢ ᠶᠠᠩᠵᠢᠩ ᠦᠨ ᠪᠠᠭᠠᠲᠤᠷ;
ᠭᠠᠪᠢᠶᠠᠲᠤ ᠬᠠᠤᠯᠢᠴᠢ ᠴᠣᠯᠠ ᠢᠢ᠄
ᠫᠷᠣᠺᠤᠢᠷᠣᠷ ᠤᠨ ᠪᠠᠢᠢᠭᠤᠯᠤᠯᠭ᠎ᠠ ᠢᠢᠨ ᠠᠬᠠᠮᠠᠳ ᠠᠵᠢᠯᠲᠠᠨ᠂ ᠬᠠᠤᠯᠢᠴᠢ ᠴᠡᠨᠳᠡ ᠢᠢᠨ ᠳᠠᠮᠳᠢᠨ;
ᠠᠵᠤ ᠦᠢᠯᠡᠳᠪᠦᠷᠢ ᠢᠢᠨ ᠭᠠᠪᠢᠶᠠᠲᠤ ᠠᠵᠢᠯᠲᠠᠨ ᠴᠣᠯᠠ ᠢᠢ᠄
《ᠮᠣᠩᠢᠤ‍ ᠎ᠹᠢᠽᠢᠺ》 ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ ᠢᠢᠨ ᠭᠦᠢᠴᠡᠳᠭᠡᠬᠦ ᠵᠠᠬᠢᠷᠤᠯ᠂ ᠭᠧᠣᠹᠢᠽᠢᠺᠴᠢ ᠪᠤᠳ᠋ᠵᠠᠪ ᠤᠨ ᠳᠡᠩᠳᠥᠪᠴᠢᠯᠠᠭᠤᠨ;
ᠭᠠᠪᠢᠶᠠᠲᠤ ᠡᠳ᠋ ᠍ ᠦᠨ ᠵᠠᠰᠠᠭᠴᠢ ᠴᠣᠯᠠ ᠢᠢ᠄
ᠮᠣᠩ᠋ᠭᠣᠯ ᠤᠯᠤᠰ ᠤᠨ ᠶᠡᠷᠦᠩᠬᠡᠢ ᠠᠦ᠋ᠳᠢᠲ᠋ᠣᠷ ᠠᠰᠠᠨ ᠴᠣᠢᠢᠵᠠᠮᠴᠤ ᠢᠢᠨ ᠷᠠᠳᠨᠠ;
ᠤᠯᠠᠭᠠᠨᠪᠠᠭᠠᠲᠤᠷ ᠬᠣᠲᠠ ᠢᠢᠨ ᠣᠯᠠᠨ ᠤᠯᠤᠰ ᠤᠨ ᠨᠢᠰᠬᠦ ᠣᠩ᠋ᠭᠣᠴᠠᠨ ᠤ ᠰᠢᠨ᠎ᠡ ᠪᠠᠭᠤᠳᠠᠯ ᠪᠠᠷᠢᠬᠤ ᠲᠥᠰᠥᠯ ᠬᠡᠷᠡᠭᠵᠢᠭᠦᠯᠬᠦ ᠨᠢᠭᠡᠴᠡ ᠢᠢᠨ ᠲᠥᠰᠥᠯ ᠦᠨ ᠵᠠᠬᠢᠷᠤᠯ ᠨᠠᠸᠠᠩᠴᠡᠳᠡᠩ ᠦᠨ ᠡᠩᠬᠡᠪᠠᠲᠤ;
ᠡᠷᠡᠭᠦᠯ ᠢ ᠬᠠᠮᠠᠭᠠᠯᠠᠬᠤ ᠢᠢᠨ ᠭᠠᠪᠢᠶᠠᠲᠤ ᠠᠵᠢᠯᠲᠠᠨ ᠴᠣᠯᠠ ᠪᠠᠷ᠄
ᠡᠷᠡᠭᠦᠯ ᠮᠡᠨᠳᠦ ᠢᠢᠨ ᠶᠠᠮᠤᠨ ᠤ ᠡᠷᠡᠭᠦᠯ ᠮᠡᠨᠳᠦ ᠢᠢᠨ ᠪᠠᠢᠢᠭᠤᠯᠤᠯᠭ᠎ᠠ ᠢᠢᠨ ᠮᠠᠭᠠᠳᠯᠠᠨ ᠢᠲᠡᠭᠡᠮᠵᠢᠯᠡᠯ ᠦᠨ ᠰᠢᠨᠵᠢᠭᠡᠴᠢ ᠰᠡᠳᠡᠳ ᠦᠨ ᠠᠶᠤᠤᠷᠪᠤᠨᠢᠶ᠎ᠠ;
ᠭᠠᠪᠢᠶᠠᠲᠤ ᠪᠠᠷᠢᠯᠭᠠᠴᠢᠨ ᠴᠣᠯᠠ ᠢᠢ᠄
ᠮᠣᠩ᠋ᠭᠣᠯ ᠤᠨ ᠠᠷᠬᠢᠲ᠋ᠧᠺᠲ᠋ᠣᠷ ᠤᠨ ᠬᠣᠯᠪᠣᠭᠠᠨ ᠤ ᠶᠡᠷᠦᠩᠬᠡᠢᠢᠯᠡᠭᠴᠢ᠂ ᠵᠦᠪᠯᠡᠬᠦ ᠠᠷᠬᠢᠲ᠋ᠧᠺᠲ᠋ᠣᠷ ᠡᠷᠳᠡᠨᠢᠰᠠᠢᠢᠬᠠᠨ ᠤ ᠬᠦᠷᠡᠡᠯᠪᠠᠭᠠᠲᠤᠷ;
ᠰᠤᠶᠤᠯ ᠤᠨ ᠭᠠᠪᠢᠶᠠᠲᠤ ᠵᠢᠳᠬᠦᠯᠲᠡᠨ ᠴᠣᠯᠠ ᠢᠢ
ᠮᠣᠩ᠋ᠭᠣᠯ ᠤᠨ ᠦᠨᠳᠦᠰᠦᠨ ᠦ ᠣᠯᠠᠨ ᠨᠡᠢᠢᠲᠡ ᠢᠢᠨ ᠷᠠᠳᠢᠣ᠋᠂ ᠲᠧᠯᠧᠸᠢᠰ ᠦᠨ 《ᠮᠣᠩ᠋ᠭᠣᠯ ᠤᠨ ᠮᠡᠳᠡᠭᠡ》 ᠰᠤᠪᠠᠭ ᠤᠨ ᠨᠡᠪᠲᠡᠷᠡᠭᠦᠯᠦᠭᠴᠢ ᠴᠢᠮᠡᠳᠳᠠᠮᠪᠠ ᠢᠢᠨ ᠢᠴᠢᠨᠬᠣᠷᠯᠸ᠎ᠠ;
ᠦᠨᠳᠦᠰᠦᠨ ᠦ ᠨᠣᠮ ᠤᠨ ᠰᠠᠩ ᠤᠨ ᠵᠠᠬᠢᠷᠤᠯ ᠪᠠᠶᠠᠷᠬᠦᠦ ᠢᠢᠨ ᠢᠴᠢᠨᠬᠣᠷᠯᠸ᠎ᠠ;

ᠭᠠᠪᠢᠶᠠᠲᠤ ᠵᠦᠵᠦᠭᠡᠴᠢᠨ ᠴᠣᠯᠠ ᠢᠢ᠄
ᠵᠦᠵᠦᠭᠡᠴᠢᠨ᠂ ᠨᠠᠢᠢᠷᠠᠭᠤᠯᠤᠭᠴᠢ ᠭᠠᠩᠪᠣᠯᠣᠳ ᠤᠨ ᠡᠷᠳᠡᠨᠢᠪᠢᠯᠢᠭ᠌;
ᠳᠠᠭᠤᠷᠢ ᠪᠦᠵᠢᠭ᠌ ᠦᠨ ᠡᠷᠳᠡᠮ ᠦᠨ ᠲᠢᠶᠠᠲ᠋ᠷ ᠤᠨ ᠭᠣᠴᠣᠯᠠᠯ ᠳᠠᠭᠤᠴᠢᠨ ᠪᠢᠮᠪᠠᠵᠠᠪ ᠤᠨ ᠭᠣᠮᠪᠣ-ᠸᠴᠢᠷ ᠨᠠᠷ ᠲᠤ ᠬᠦᠷᠲᠡᠭᠡᠵᠦ᠂
ᠬᠥᠳᠡᠯᠮᠦᠷᠢ ᠢᠢᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ᠄
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠲᠥᠷᠥ ᠢᠢᠨ ᠴᠡᠷᠢᠭ ᠦᠨ ᠪᠠᠢᠢᠭᠤᠯᠤᠯᠭ᠎ᠠ ᠢᠢᠨ ᠠᠰᠠᠭᠤᠳᠠᠯ ᠬᠠᠷᠢᠭᠤᠴᠠᠭᠰᠠᠨ ᠠᠬᠠᠯᠠᠬᠤ ᠷᠧᠹᠧᠷᠧᠨᠲ᠂ ᠬᠤᠷᠠᠨᠭᠳᠠ ᠲᠥᠷ ᠢᠢᠨ ᠭᠠᠩᠪᠠᠲᠤ;
ᠨᠡᠢᠢᠰᠯᠡᠯ ᠦᠨ ᠪᠠᠶᠠᠩᠭ᠋ᠤᠤᠠᠯ ᠳᠡᠭᠦᠷᠭᠡ ᠢᠢᠨ ᠯᠠᠪᠤᠷᠠᠲ᠋ᠣᠷᠢ 《ᠡᠷᠳᠡᠮ ᠦᠨ-ᠥᠷᠭᠥᠭᠡ》 ᠴᠣᠭᠴᠠᠯᠠᠪᠤᠷᠢ ᠰᠤᠷᠭᠠᠭᠤᠯᠢ ᠢᠢᠨ ᠠᠬᠠᠮᠠᠳ ᠠᠵᠢᠯᠲᠠᠨ ᠱᠠᠭᠳᠤᠷ ᠤᠨ ᠥᠨᠢᠷᠵᠢᠷᠭᠠᠯ;
ᠴᠡᠷᠢᠭ ᠦᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ᠄
ᠴᠠᠭᠳᠠᠭ᠎ᠠ ᠢᠢᠨ ᠶᠡᠷᠦᠩᠬᠡᠢ ᠭᠠᠵᠠᠷ ᠤᠨ ᠤᠷᠢᠳᠴᠢᠯᠠᠨ ᠰᠡᠷᠭᠡᠢᠢᠯᠡᠬᠦ ᠬᠡᠯᠲᠡᠰ ᠦᠨ ᠳᠠᠷᠤᠭ᠎ᠠ᠂ ᠴᠠᠭᠳᠠᠭ᠎ᠠ ᠢᠢᠨ ᠬᠤᠷᠠᠨᠭᠳᠠ ᠭᠠᠩᠬᠤᠶᠠᠭ ᠤᠨ ᠠᠷᠰᠯᠠᠨᠬᠤᠶᠠᠭ;
ᠠᠯᠲᠠᠨ ᠭᠠᠳᠠᠰᠤ ᠣᠳᠣᠨ ᠢᠶᠠᠷ᠄
ᠤᠯᠠᠭᠠᠨᠪᠠᠭᠠᠲᠤᠷ ᠲᠡᠮᠦᠷ ᠵᠠᠮ ᠤᠨ ᠬᠠᠷᠢᠶ᠎ᠠ 《ᠳᠡᠭᠳᠡᠭᠡᠬᠡᠢ》 ᠴᠡᠴᠡᠷᠯᠢᠭ ᠦᠨ ᠪᠠᠭᠰᠢ ᠳᠠᠰᠢᠵᠡᠪᠡᠭ᠌ ᠦᠨ ᠠᠷᠢᠭᠤᠨ᠎ᠠ;
ᠣᠨᠤᠴᠤᠭᠠᠢ ᠪᠠᠢᠢᠳᠠᠯ ᠤᠨ ᠶᠡᠷᠦᠩᠬᠡᠢ ᠭᠠᠵᠠᠷ ᠤᠨ ᠭᠠᠮᠰᠢᠭ ᠤᠨ ᠡᠷᠦᠰᠳᠡᠯ ᠦᠨ ᠤᠳᠤᠷᠢᠳᠤᠯᠭ᠎ᠠ ᠢᠢᠨ ᠭᠠᠵᠠᠷ ᠤᠨ ᠠᠬᠠᠯᠠᠬᠤ ᠮᠡᠷᠭᠡᠵᠢᠯᠲᠡᠨ ᠪᠢᠮᠪᠠᠰᠦ᠋ᠷᠦᠩ ᠦᠨ ᠳᠥᠪᠰᠢᠨ;
《ᠫᠷᠧᠮᠢᠦᠢᠢᠮ ᠫᠷᠣᠵᠧᠺᠲ᠋ᠰ》 ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ ᠢᠢᠨ ᠵᠦᠪᠯᠡᠬᠦ ᠷᠠᠭᠴᠠᠪᠠᠽᠠᠷ ᠤᠨ ᠪᠠᠲᠤᠵᠢᠷᠭᠠᠯ;
《ᠬ- ᠲᠦᠼ》 ᠫᠷᠣᠳᠠᠠᠺᠱᠢᠨ ᠤ ᠵᠦᠵᠦᠭᠡᠴᠢᠨ᠂ ᠫᠷᠣᠳᠢᠶᠦ᠋ᠰᠧᠷ ᠲᠥᠷᠦᠪᠠᠲᠤ ᠢᠢᠨ ᠪᠠᠷᠬᠥᠢᠦ;
《ᠮᠣᠩ᠋ᠭᠣᠯ ᠡᠢᠢᠴᠳ᠋》 ᠲᠧᠯᠧᠸᠢᠰ ᠦᠨ ᠬᠥᠲᠥᠯᠥᠭᠴᠢ ᠭᠠᠩᠬᠤᠶᠠᠭ ᠤᠨ ᠬᠣᠩ᠋ᠭᠣᠷᠵᠤᠯ;
ᠬᠥᠳᠡᠯᠮᠦᠷᠢ ᠢᠢᠨ ᠬᠦᠨᠳᠦᠳᠥ ᠮᠧᠳᠠᠯ ᠢᠶᠠᠷ᠄
《ᠮᠣᠩ᠋ᠭᠣᠯ ᠡᠢᠢᠴᠳ᠋》 ᠲᠧᠯᠧᠸᠢᠰ ᠦᠨ ᠬᠥᠲᠥᠯᠥᠭᠴᠢ ᠤᠯᠠᠮᠨᠡᠮᠡᠬᠦ ᠢᠢᠨ ᠡᠷᠬᠡᠪᠠᠶᠠᠷ;
ᠦᠨᠳᠦᠰᠦᠨ ᠦ ᠤᠷᠠᠯᠢᠭ ᠤᠨ ᠶᠡᠬᠡ ᠲᠢᠶᠠᠲ᠋ᠷ ᠤᠨ ᠤᠳᠤᠷᠢᠳᠤᠭᠠᠴᠢ ᠡᠷᠳᠡᠨᠢᠪᠠᠭᠠᠲᠤᠷ ᠤᠨ ᠮᠥᠩᠬᠡᠪᠠᠶᠠᠷ ᠨᠠᠷ ᠢ ᠲᠤᠰ ᠲᠤᠰ ᠱᠠᠩᠨᠠᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠥᠷᠥ ᠢᠢᠨ ᠳᠡᠭᠡᠳᠦ ᠴᠣᠯᠠ᠂ ᠣᠳᠣᠨ᠂ ᠮᠧᠳᠠᠯ ᠬᠦᠷᠲᠡᠭᠰᠡᠨ ᠬᠦᠮᠦᠰ ᠲᠥ ᠪᠣᠯᠤᠨ ᠭᠡᠷ ᠪᠦᠯᠢ᠂ ᠦᠷ᠎ᠡ ᠬᠡᠦᠬᠡᠳ᠂ ᠬᠠᠮᠲᠤ ᠣᠯᠠᠨ ᠳᠤ ᠨᠢ ᠰᠠᠢᠢᠨ ᠰᠠᠢᠢᠬᠠᠨ ᠢ ᠬᠦᠰᠡᠨ ᠢᠷᠦᠭᠡᠵᠦ᠂ ᠦᠨᠳᠦᠰᠦᠨ ᠦ ᠶᠡᠬᠡ ᠪᠠᠶᠠᠷ ᠨᠠᠭᠠᠳᠤᠮ ᠤᠨ ᠮᠡᠨᠳᠦ ᠳᠡᠪᠰᠢᠭᠦᠯᠪᠡ᠃