Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠲᠥᠷᠥ ᠢᠢᠨ ᠳᠠᠯᠪᠠᠭᠠᠨ ᠤ ᠡᠳᠦᠷ ᠲᠥ ᠵᠣᠷᠢᠭᠤᠯᠤᠭᠰᠠᠨ ᠴᠡᠷᠢᠭ ᠦᠨ ᠶᠣᠰᠣᠯᠠᠯ ᠤᠨ ᠵᠢᠭᠰᠠᠭᠠᠯ ᠳᠤ ᠣᠷᠣᠯᠴᠠᠵᠤ᠂ ᠦᠭᠡ ᠬᠡᠯᠡᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨᠳᠠᠯᠠᠭᠴᠢ ᠤᠬᠤᠨ᠎ᠠ ᠢᠢᠨ ᠬᠦᠷᠡᠯᠰᠦ᠋ᠬᠡ ᠥᠨᠥᠳᠥᠷ ᠲᠣᠬᠢᠶᠠᠵᠤ ᠪᠤᠢ ᠮᠣᠩ᠋ᠭᠣᠯ ᠤᠯᠤᠰ ᠤᠨ ᠲᠥᠷᠥ ᠢᠢᠨ ᠳᠠᠯᠪᠠᠭᠠᠨ ᠤ ᠡᠳᠦᠷ ᠲᠥ ᠵᠣᠷᠢᠭᠤᠯᠤᠭᠰᠠᠨ ᠴᠡᠷᠢᠭ ᠦᠨ ᠶᠣᠰᠣᠯᠠᠯ ᠤᠨ ᠵᠢᠬᠰᠠᠭᠠᠯ ᠳᠤ ᠣᠷᠣᠯᠴᠠᠵᠤ᠂ ᠦᠭᠡ ᠬᠡᠯᠡᠯ᠎ᠡ᠃

ᠴᠡᠷᠢᠭ ᠦᠨ ᠶᠣᠰᠣᠯᠠᠯ ᠤᠨ ᠵᠢᠬᠰᠠᠭᠠᠯ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨᠳᠠᠯᠠᠭᠴᠢ ᠤᠬᠤᠨ᠎ᠠ ᠢᠢᠨ ᠬᠦᠷᠡᠯᠰᠦ᠋ᠬᠡ᠂ ᠤᠯᠤᠰ ᠤᠨ ᠶᠡᠬᠡ ᠬᠤᠷᠠᠯ ᠤᠨ ᠳᠠᠷᠤᠭ᠎ᠠ ᠭᠣᠮᠪᠣᠵᠠᠪ ᠤᠨ ᠽᠠᠨᠳᠠᠨᠰᠢᠲᠠᠷ ᠠ᠂ ᠶᠡᠷᠦᠩᠬᠡᠢ ᠰᠠᠢᠢᠳ ᠯᠤᠪᠰᠠᠩᠨᠠᠮᠰᠠᠷᠠᠢ ᠢᠢᠨ ᠣᠶᠤᠨ-ᠡᠷᠳᠡᠨᠢ᠂ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠤᠨ ᠭᠡᠰᠢᠭᠦᠳ᠂ ᠪᠠᠲᠤᠯᠠᠨ ᠬᠠᠮᠠᠭᠠᠯᠠᠬᠤ ᠶᠠᠮᠤᠨ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠤᠳᠤᠷᠢᠳᠤᠯᠭ᠎ᠠ᠂ ᠮᠣᠩ᠋ᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠨᠠᠷ᠂ ᠣᠯᠠᠨ ᠤᠯᠤᠰ ᠤᠨ ᠪᠠᠢᠢᠭᠤᠯᠤᠯᠭ᠎ᠠ ᠢᠢᠨ ᠲᠥᠯᠥᠭᠡᠯᠡᠭᠴᠢ᠂ ᠠᠯᠪᠠᠨ ᠤ ᠪᠤᠰᠤᠳ ᠬᠦᠮᠦᠰ ᠪᠣᠯᠤᠨ ᠢᠷᠭᠡᠳ᠂ ᠵᠢᠭᠤᠯᠴᠢᠳ ᠤᠷᠤᠯᠴᠠᠪᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠡᠶ᠎ᠡ ᠪᠦᠷᠢᠯᠳᠦᠬᠦᠨ ᠳᠥ ᠬᠠᠨᠳᠤᠨ᠄

《ᠮᠠᠨ ᠤ ᠤᠯᠤᠰ ᠤᠨ ᠡᠷᠬᠢᠮ ᠬᠦᠨᠳᠦᠳᠥ ᠠᠷᠠᠳ ᠢᠷᠭᠡᠳ ᠡ᠂

ᠡᠷᠬᠢᠮ ᠬᠦᠨᠳᠦᠳᠥ ᠵᠣᠴᠢᠳ ᠠ᠋᠂

ᠡᠬᠡ ᠣᠷᠣᠨ ᠤ ᠪᠠᠨ ᠡᠷᠬᠡ ᠴᠢᠯᠦᠭᠡ᠂ ᠲᠤᠰᠠᠭᠠᠷ ᠲᠣᠭᠲᠠᠨᠢᠯ᠂ ᠠᠶᠤᠯ ᠦᠭᠡᠢ ᠪᠠᠢᠢᠳᠠᠯ ᠤᠨ ᠲᠥᠯᠥᠭᠡ ᠵᠠᠯᠠᠭᠤ ᠨᠠᠰᠤ᠂ ᠵᠢᠷᠦᠬᠡ ᠰᠡᠳᠬᠢᠯ ᠢᠶᠡᠨ ᠵᠣᠷᠢᠭᠤᠯᠤᠭᠰᠠᠨ ᠪᠡᠯᠡᠳᠬᠡᠯ ᠪᠣᠯᠤᠨ ᠴᠢᠯᠦᠭᠡᠨ ᠳᠥ ᠪᠠᠢᠢᠭ᠎ᠠ ᠠᠬᠠᠮᠠᠳ ᠳᠠᠢᠢᠴᠢᠳ ᠠ᠂

ᠡᠷᠬᠢᠮ ᠭᠧᠨᠧᠷᠠᠯ᠂ ᠣᠹᠢᠼᠧᠷ᠂ ᠠᠬᠠᠯᠠᠭᠴᠢ᠂ ᠰᠣᠨᠣᠰᠤᠭᠴᠢ᠂ ᠲᠦᠷᠦᠭᠦᠴᠢ᠂ ᠪᠠᠢᠢᠯᠳᠤᠭᠴᠢᠳ ᠠ᠂

ᠲᠠ ᠪᠦᠬᠦᠨ ᠳᠥ ᠲᠤᠯᠭᠤᠷ ᠲᠥᠷᠥ ᠢᠢᠨ 2230᠂ 2231᠂ ᠶᠡᠬᠡ ᠮᠣᠩ᠋ᠭᠣᠯ ᠤᠯᠤᠰ ᠪᠠᠢᠢᠭᠤᠯᠤᠭᠳᠠᠰᠤᠨ ᠤ 815᠂ 816᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 110᠂ 111᠂ ᠠᠷᠠᠳ ᠤᠨ ᠬᠤᠪᠢᠰᠬᠠᠯ ᠤᠨ ᠲᠡᠦᠬᠡᠲᠦ 100᠂ 101᠂ ᠡᠵᠡᠨ ᠪᠣᠭᠳᠠ ᠴᠢᠩ᠋ᠭᠢᠰ ᠬᠠᠭᠠᠨ ᠤ ᠮᠡᠨᠳᠦᠯᠡᠭᠰᠡᠨ ᠦ 860 ᠵᠢᠯ ᠦᠨ ᠣᠢ ᠢᠢᠨ ᠪᠣᠯᠤᠨ ᠮᠣᠩ᠋ᠭᠣᠯ ᠤᠯᠤᠰ ᠤᠨ ᠲᠥᠷᠥ ᠢᠢᠨ ᠳᠠᠯᠪᠠᠭᠠᠨ ᠤ ᠡᠳᠦᠷ ᠦᠨ ᠪᠠᠶᠠᠷ ᠤᠨ ᠮᠡᠨᠳᠦ ᠢᠢ ᠡᠷᠭᠦᠨ ᠳᠡᠪᠰᠢᠭᠦᠯᠦᠶ᠎ᠡ᠃

ᠲᠡᠦᠬᠡ ᠰᠤᠶᠤᠯ᠂ ᠲᠥᠷᠥ ᠲᠥ ᠶᠣᠰᠣᠨ ᠤ ᠳᠠᠢᠢᠴᠢᠨ ᠤᠯᠠᠮᠵᠢᠯᠠᠯ ᠲᠠᠢ ᠮᠠᠨ ᠤ ᠠᠷᠠᠳ ᠲᠦᠮᠡᠨ᠂ ᠡᠬᠡ ᠣᠷᠣᠨᠴᠢ᠂ ᠡᠷᠡᠯᠬᠡᠭ᠌ ᠵᠣᠷᠢᠭᠲᠤ ᠡᠪᠦᠭᠡ ᠳᠡᠭᠡᠳᠦᠰ ᠦᠨ ᠢᠶᠡᠨ ᠪᠠᠬᠠᠳᠤᠮ᠎ᠠ ᠭᠠᠪᠢᠶ᠎ᠠ᠂ ᠪᠠᠬᠠᠷᠬᠠᠮ᠎ᠠ ᠦᠢᠯᠡᠰ ᠢ ᠵᠠᠭᠤᠨ ᠵᠠᠭᠤᠨ ᠢᠶᠠᠷ ᠲᠦᠭᠦᠴᠢᠭᠡᠯᠡᠨ ᠥᠷᠲᠡᠭᠡᠯᠡᠵᠦ᠂ ᠮᠥᠩᠬᠡ ᠲᠩᠷᠢ ᠢᠢᠨ ᠬᠦᠴᠦᠨ ᠳ᠋ᠣᠷ᠎ ᠲᠥᠷᠥ ᠤᠯᠤᠰ ᠢᠶᠠᠨ ᠪᠠᠲᠤᠳᠬᠠᠨ ᠪᠡᠬᠢᠵᠢᠭᠦᠯᠵᠦ᠂ ᠳᠡᠯᠡᠬᠡᠢ ᠢᠢᠨ ᠳᠠᠢᠢᠳᠤ ᠳᠤ ᠰᠤᠤ ᠠᠯᠳᠠᠷ ᠢᠶᠠᠨ ᠳᠠᠭᠤᠷᠢᠰᠬᠠᠵᠤ ᠢᠷᠡᠭᠰᠡᠨ ᠪᠠᠭᠠᠲᠤᠷᠯᠢᠭ ᠲᠡᠦᠬᠡ ᠲᠡᠢ ᠠᠷᠠᠳ ᠲᠦᠮᠡᠨ ᠶᠤᠮ᠃

ᠲᠡᠢᠢᠮᠦ ᠡᠴᠡ ᠲᠠ ᠪᠢᠳᠡ ᠡᠬᠡ ᠣᠷᠣᠨ ᠤ ᠪᠠᠨ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠢᠢᠳᠠᠯ ᠤᠨ ᠪᠡᠯᠭᠡ ᠲᠡᠮᠳᠡᠭ᠂ ᠠᠷᠠᠳ ᠲᠦᠮᠡᠨ ᠦ ᠪᠡᠨ ᠲᠡᠦᠬᠡᠨ ᠤᠯᠠᠮᠵᠢᠯᠠᠯ᠂ ᠬᠦᠰᠡᠯ ᠲᠡᠮᠡᠦᠯᠥᠯ᠂ ᠡᠪ ᠨᠢᠭᠡᠳᠦᠯ᠂ ᠰᠢᠳᠤᠷᠭᠤ ᠶᠣᠰᠣ᠂ ᠴᠣᠭ ᠬᠡᠢᠢᠮᠣᠷᠢ ᠢᠢᠨ ᠢᠯᠡᠷᠬᠡᠢᠢᠯᠡᠯ ᠪᠣᠯᠤᠭᠰᠠᠨ ᠲᠥᠷᠥ ᠢᠢᠨ ᠰᠦᠯᠳᠡ᠂ ᠲᠤᠭ᠂ ᠳᠠᠯᠪᠠᠭ᠎ᠠ᠂ ᠲᠠᠮᠠᠭ᠎ᠠ᠂ ᠳᠠᠭᠤᠯᠠᠯ᠎ᠠ ᠢᠮᠠᠭᠲᠠ ᠥᠨᠳᠥᠷ ᠲᠥ ᠡᠷᠭᠦᠵᠦ᠂ ᠬᠦᠨᠳᠦᠳᠬᠡᠨ ᠵᠠᠯᠠᠵᠤ᠂ ᠪᠢᠰᠢᠷᠡᠨ ᠳᠡᠭᠡᠳᠦᠯᠡᠵᠦ ᠶᠠᠪᠤᠬᠤ ᠤᠴᠢᠷᠲᠠᠢ᠃

ᠮᠣᠩ᠋ᠭᠣᠯᠴᠤᠳ ᠪᠢᠳᠡ ᠡᠷᠲᠡ ᠴᠠᠭ ᠠᠴᠠ ᠢᠨᠠᠬᠠᠰᠢ ᠲᠥᠷᠥ ᠢᠢᠨ ᠲᠤᠭ᠂ ᠰᠦᠯᠳᠡᠨ ᠳᠥ ᠪᠡᠨ ᠴᠣᠭ ᠬᠡᠢᠢᠮᠣᠷᠢ᠂ ᠠᠮᠢᠳᠤᠷᠠᠯ ᠠᠬᠤᠢ᠂ ᠪᠤᠶᠠᠨ ᠬᠡᠰᠢᠭ᠌᠂ ᠬᠤᠪᠢ ᠵᠠᠶᠠᠭ᠎ᠠ ᠢᠢ ᠪᠠᠨ ᠳᠠᠭᠠᠳᠬᠠᠨ᠂ ᠣᠷᠣᠢ ᠢᠢᠨ ᠳᠡᠭᠡᠳᠦ ᠰᠢᠲᠦᠭᠡᠨ ᠬᠡᠮᠡᠨ ᠭᠦᠨ᠎ᠡ ᠬᠦᠨᠳᠦᠳᠭᠡᠵᠦ᠂ ᠡᠷᠬᠡᠲᠦ ᠲᠥᠷᠥ ᠢᠢᠨ ᠢᠶᠡᠨ ᠡᠪ ᠨᠢᠭᠡᠳᠦᠯ ᠦᠨ ᠪᠠᠲᠤᠯᠠᠭ᠎ᠠ᠂ ᠲᠤᠭᠤᠷᠭ᠎ᠠ ᠲᠤᠰᠠᠭᠠᠷ ᠤᠯᠤᠰ ᠤᠨ ᠢᠶᠠᠨ ᠡᠷᠬᠡ ᠴᠢᠯᠦᠭᠡᠨ ᠦ ᠪᠡᠯᠭᠡᠳᠡᠯ ᠬᠡᠮᠡᠨ ᠣᠩ᠋ᠭᠣᠯᠠᠨ ᠲᠠᠬᠢᠵᠤ᠂ ᠰᠦᠰᠦᠯᠡᠨ ᠵᠠᠯᠪᠠᠷᠢᠵᠤ ᠢᠷᠡᠭᠰᠡᠨ ᠨᠠᠨᠳᠢᠨ ᠰᠠᠢᠢᠬᠠᠨ ᠤᠯᠠᠮᠵᠢᠯᠠᠯ ᠲᠠᠢ ᠪᠢᠯᠡ᠃

ᠡᠢᠢᠮᠦ ᠡᠴᠡ ᠮᠣᠩ᠋ᠭᠣᠯ ᠤᠯᠤᠰ ᠤᠨ ᠲᠥᠷᠥ ᠢᠢᠨ ᠳᠠᠯᠪᠠᠭᠠᠨ ᠤ ᠡᠳᠦᠷ ᠢ 2009 ᠣᠨ ᠠᠴᠠ ᠡᠬᠢᠯᠡᠨ ᠮᠣᠩ᠋ᠭᠣᠯ ᠤᠨ ᠠᠷᠠᠳ ᠲᠦᠮᠡᠨ ᠦ ᠦᠨᠳᠦᠰᠦᠨ ᠦ ᠶᠡᠬᠡ ᠪᠠᠶᠠᠷ ᠨᠠᠭᠠᠳᠤᠮ ᠢᠶᠠᠷ ᠶᠣᠰᠣᠯᠠᠨ ᠲᠡᠮᠳᠡᠭᠯᠡᠵᠦ᠂ ᠤᠯᠤᠰ ᠣᠷᠣᠨ ᠤ ᠪᠠᠨ ᠲᠥᠷᠥ ᠢᠢᠨ ᠪᠡᠯᠭᠡ ᠲᠡᠮᠳᠡᠭ ᠪᠣᠯᠤᠭᠰᠠᠨ ᠠᠯᠲᠠᠨ ᠰᠣᠶᠣᠨᠭ᠍ᠪᠣᠳᠤ ᠲᠥᠷᠥ ᠢᠢᠨ ᠳᠠᠯᠪᠠᠭ᠎ᠠ ᠢᠢ ᠪᠠᠨ ᠴᠢᠩ᠋ᠭᠢᠭᠦᠯᠦᠨ ᠮᠠᠨᠳᠤᠭᠤᠯᠵᠤ᠂ ᠭᠦᠨ ᠬᠦᠨᠳᠦᠳᠬᠡᠯ ᠢᠯᠡᠷᠬᠡᠢᠢᠯᠡᠳᠡᠭ ᠶᠣᠰᠣᠲᠠᠢ᠃

ᠡᠨᠡᠬᠦ ᠶᠣᠰᠣᠯᠠᠯ᠂ ᠬᠦᠨᠳᠦᠳᠬᠡᠯ ᠦᠨ ᠠᠷᠭ᠎ᠠ ᠬᠡᠮᠵᠢᠶ᠎ᠡ ᠨᠢ ᠡᠬᠡ ᠣᠷᠣᠨ ᠤ ᠪᠠᠨ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠢᠢᠳᠠᠯ᠂ ᠠᠷᠠᠳ ᠲᠦᠮᠡᠨ ᠦ ᠪᠡᠨ ᠡᠷᠬᠡ᠂ ᠡᠷᠬᠡ ᠴᠢᠯᠦᠭᠡ ᠢᠢ ᠪᠠᠲᠤᠳᠬᠠᠨ ᠪᠡᠬᠢᠵᠢᠭᠦᠯᠵᠦ᠂ ᠥᠪ ᠰᠤᠶᠤᠯ᠂ ᠡᠦᠬᠡ ᠲᠡᠦᠬᠡ᠂ ᠶᠣᠰᠣ ᠵᠠᠩᠰᠢᠯ ᠢᠶᠠᠨ ᠳᠡᠯᠡᠬᠡᠢ ᠳᠠᠬᠢᠨ ᠢᠶᠠᠨ ᠰᠤᠷᠲᠠᠯᠴᠢᠯᠠᠨ ᠲᠠᠨᠢᠭᠤᠯᠵᠤ᠂ ᠦᠷ᠎ᠡ ᠬᠣᠢᠢᠴᠢ ᠳᠤ ᠪᠠᠨ ᠥᠪᠯᠡᠭᠦᠯᠦᠨ ᠦᠯᠡᠳᠡᠭᠡᠬᠦ᠂ ᠲᠥᠷᠥᠳᠦ ᠶᠣᠰᠣ᠂ ᠲᠡᠦᠬᠡᠨ ᠤᠯᠠᠮᠵᠢᠯᠠᠯ ᠢᠶᠠᠨ ᠬᠦᠨᠳᠦᠳᠬᠡᠨ ᠳᠡᠭᠡᠳᠦᠯᠡᠬᠦ ᠡᠬᠡ ᠣᠷᠣᠨᠴᠢ ᠦᠵᠡᠯ ᠢ ᠲᠥᠯᠦᠪᠰᠢᠭᠦᠯᠬᠦ ᠳᠥ ᠲᠡᠦᠬᠡᠨ ᠠᠴᠢ ᠬᠣᠯᠪᠣᠭᠳᠠᠯ ᠲᠠᠢ ᠶᠤᠮ᠃

《ᠤᠯᠤᠰ ᠤᠨ ᠰᠦᠷ ᠴᠡᠷᠢᠭ ᠲᠥ ᠪᠡᠨ᠂ ᠴᠡᠷᠢᠭ ᠦᠨ ᠰᠦᠷ ᠵᠢᠬᠰᠠᠭᠠᠯ ᠳᠤ ᠪᠠᠨ》 ᠭᠡᠵᠦ ᠬᠡᠯᠡᠳᠡᠭ᠃

ᠡᠨᠡᠬᠦ ᠲᠡᠦᠬᠡᠨ ᠲᠡᠮᠳᠡᠭᠯᠡᠯᠳᠦ ᠡᠳᠦᠷ ᠢᠶᠡᠷ ᠤᠯᠤᠰ ᠣᠷᠣᠨ ᠤ ᠪᠠᠨ ᠲᠤᠰᠠᠭᠠᠷ ᠲᠣᠭᠲᠠᠨᠢᠯ᠂ ᠨᠤᠲᠤᠭ ᠳᠡᠪᠢᠰᠬᠡᠷ᠂ ᠬᠢᠯᠢ ᠢᠢᠨ ᠬᠠᠯᠳᠠᠰᠢ ᠦᠭᠡᠢ ᠳᠠᠷᠬᠠᠨ ᠪᠠᠢᠢᠳᠠᠯ᠂ ᠠᠷᠠᠳ ᠲᠦᠮᠡᠨ ᠦ ᠪᠡᠨ ᠠᠮᠤᠷ ᠲᠠᠢᠢᠪᠤᠩ᠂ ᠠᠶᠤᠯ ᠦᠭᠡᠢ ᠪᠠᠢᠢᠳᠠᠯ ᠤᠨ ᠲᠥᠯᠥᠭᠡ ᠲᠠᠩ᠋ᠭᠠᠷᠢᠭ ᠡᠷᠭᠦᠭ᠍ᠰᠡᠨ ᠲᠥᠷᠥ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠢᠢᠨ ᠠᠯᠪᠠ ᠬᠠᠭᠠᠭᠴᠢᠳ ᠰᠦᠷ ᠬᠦᠴᠢ ᠪᠡᠨ ᠢᠯᠡᠳᠬᠡᠨ ᠲᠥᠷᠥ ᠢᠢᠨ ᠳᠠᠯᠪᠠᠭᠠᠨ ᠳᠤ ᠪᠠᠨ ᠬᠦᠨᠳᠦᠳᠬᠡᠯ ᠦᠵᠡᠭᠦᠯᠬᠦ ᠪᠡᠷ ᠴᠡᠷᠢᠭ ᠦᠨ ᠶᠣᠰᠣᠯᠠᠯ ᠤᠨ ᠵᠢᠬᠰᠠᠭᠠᠯ ᠳᠤ ᠪᠠᠨ ᠵᠢᠭᠳᠡᠷᠡᠨ ᠵᠢᠬᠰᠠᠵᠤ ᠪᠠᠢᠢᠨ᠎ᠠ.᠃

ᠥᠨᠳᠥᠷ ᠲᠥᠷᠥ ᠢᠢᠨ ᠲᠡᠭᠰᠢ ᠣᠢ ᠨᠤᠭᠤᠳ ᠲᠠᠰᠢᠷᠯᠠᠨ ᠳᠠᠪᠬᠤᠴᠠᠵᠤ᠂ ᠥᠷᠭᠡᠨ ᠲᠦᠮᠡᠨ ᠬᠣᠲᠠᠯᠠ ᠣᠯᠠᠨ ᠢᠶᠠᠷ ᠢᠶᠠᠨ ᠪᠠᠶᠠᠷᠯᠠᠨ ᠴᠡᠩ᠋ᠭᠡᠵᠦ ᠪᠤᠢ ᠡᠨᠡ ᠴᠠᠭ ᠳ᠋ᠣᠷ᠎ 4᠂000 ᠭᠠᠷᠤᠢ ᠴᠡᠷᠢᠭ ᠦᠨ ᠠᠯᠪᠠ ᠬᠠᠭᠠᠭᠴᠢ ᠴᠡᠷᠢᠭ ᠦᠨ ᠶᠣᠰᠣᠯᠠᠯ ᠤᠨ ᠵᠢᠬᠰᠠᠭᠠᠯᠳᠤ ᠣᠷᠣᠯᠴᠠᠵᠤ᠂ ᠮᠣᠩ᠋ᠭᠣᠯ ᠴᠡᠷᠢᠭ᠂ ᠮᠣᠩ᠋ᠭᠣᠯ ᠢᠨᠵᠧᠨᠧᠷ ᠦᠳ ᠦᠨ ᠤᠷ᠎ᠠ ᠤᠬᠠᠭᠠᠨ᠂ ᠤᠷᠠᠨ ᠭᠠᠷ ᠢᠶᠠᠷ ᠪᠦᠲᠦᠭᠡᠭ᠍ᠰᠡᠨ ᠲᠤᠰᠬᠠᠢ ᠵᠣᠷᠢᠭᠤᠯᠤᠯᠲᠠ ᠢᠢᠨ᠂ ᠰᠢᠨ᠎ᠡ ᠵᠠᠭᠪᠤᠷ ᠤᠨ ᠠᠦ᠋ᠲ᠋ᠣᠮᠠᠰᠢᠨ ᠨᠤᠭᠤᠳ ᠪᠣᠯᠤᠨ ᠪᠤᠰᠤᠳ ᠴᠡᠷᠢᠭ ᠦᠨ ᠵᠡᠪᠰᠡᠭᠯᠡᠯ᠂ ᠲᠧᠭᠨᠢᠭ ᠢ ᠠᠷᠠᠳ ᠲᠦᠮᠡᠨ ᠳᠥ ᠪᠡᠨ ᠠᠩᠬ᠎ᠠ ᠤᠳᠠᠭ᠎ᠠ ᠳᠡᠯᠭᠡᠨ ᠦᠵᠡᠭᠦᠯᠵᠦ ᠪᠠᠢᠢᠨ᠎ᠠ᠃

ᠮᠣᠩ᠋ᠭᠣᠯ ᠴᠡᠷᠢᠭ – ᠴᠡᠷᠢᠭ ᠦᠨ ᠬᠡᠷᠡᠭ ᠦᠨ ᠮᠡᠳᠡᠯᠭᠡ᠂ ᠮᠡᠷᠭᠡᠵᠢᠯ ᠦᠨ ᠤᠷ᠎ᠠ ᠴᠢᠳᠠᠪᠤᠷᠢ᠂ ᠲᠡᠰᠪᠦᠷᠢ ᠬᠠᠲᠠᠭᠤᠵᠢᠯ᠂ ᠰᠠᠬᠢᠯᠭ᠎ᠠ ᠬᠠᠷᠢᠭᠤᠴᠠᠯᠭ᠎ᠠ ᠪᠠᠷ ᠢᠶᠠᠨ ᠳᠡᠯᠡᠬᠡᠢ ᠨᠡᠢᠢᠲᠡ ᠳᠥ ᠬᠦᠯᠢᠶᠡᠨ ᠵᠥᠪᠰᠢᠶᠡᠷᠡᠭᠳᠡᠵᠦ᠂ 《ᠮᠣᠩ᠋ᠭᠣᠯ ᠴᠡᠷᠢᠭ-ᠳᠡᠯᠡᠬᠡᠢ ᠢᠢᠨ ᠴᠡᠷᠢᠭ》 ᠬᠡᠮᠡᠭᠳᠡᠨ᠂ ᠡᠬᠡ ᠣᠷᠣᠨ ᠤ ᠪᠠᠨ ᠨᠡᠷ᠎ᠡ ᠬᠦᠨᠳᠦ ᠢᠢ ᠥᠨᠳᠥᠷ ᠲᠥ ᠡᠷᠭᠦᠵᠦ ᠶᠠᠪᠤᠭ᠎ᠠ ᠢᠢ ᠡᠨᠡᠬᠦ ᠪᠠᠶᠠᠷ ᠤᠨ ᠡᠳᠦᠷ ᠲᠡᠮᠳᠡᠭᠯᠡᠨ ᠬᠡᠯᠡᠬᠦ ᠳᠥ ᠪᠠᠬᠠᠳᠤᠮ᠎ᠠ ᠰᠠᠢᠢᠬᠠᠨ ᠪᠠᠢᠢᠨ᠎ᠠ᠃

ᠡᠪᠦᠭᠡ ᠳᠡᠭᠡᠳᠦᠰ ᠡᠴᠡ ᠥᠪᠯᠡᠭᠳᠡᠨ ᠢᠷᠡᠭᠰᠡᠨ ᠠᠯᠲᠠᠨ ᠰᠣᠶᠣᠨᠭ᠍ᠪᠣᠳᠤ ᠲᠥᠷᠥ ᠢᠢᠨ ᠳᠠᠯᠪᠠᠭ᠎ᠠ ᠦᠶ᠎ᠡ ᠢᠢᠨ ᠦᠶ᠎ᠡ ᠳᠥ ᠮᠠᠨᠳᠤᠨ ᠪᠠᠳᠠᠷᠠᠵᠤ ᠪᠠᠢᠢᠬᠤ ᠪᠣᠯᠲᠤᠭᠠᠢ᠃

ᠮᠣᠩ᠋ᠭᠣᠯ ᠴᠡᠷᠢᠭ ᠦᠨ ᠢᠷᠠᠭᠤ ᠠᠯᠳᠠᠷ ᠪᠠᠳᠠᠷᠠᠲᠤᠭᠠᠢ᠃

ᠮᠣᠩ᠋ᠭᠣᠯ ᠤᠯᠤᠰ ᠤᠨ ᠲᠥᠯᠥᠭᠡ ᠵᠢᠳᠬᠦᠶ᠎ᠡ᠃

ᠤᠷᠠ ᠨᠥᠬᠥᠳ ᠡ》 ᠭᠡᠯ᠎ᠡ᠃

ᠴᠡᠷᠢᠭ ᠦᠨ ᠶᠣᠰᠣᠯᠠᠯ ᠤᠨ ᠵᠢᠬᠰᠠᠭᠠᠯ ᠳᠤ ᠲᠥᠷᠥ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ 14 ᠪᠠᠢᠢᠭᠤᠯᠤᠯᠭ᠎ᠠ ᠢᠢᠨ 4᠂000 ᠭᠠᠷᠤᠢ ᠠᠯᠪᠠ ᠬᠠᠭᠠᠭᠴᠢ ᠣᠷᠣᠯᠴᠠᠯ᠎ᠠ᠃

ᠨᠡᠢᠢᠲᠡ ᠪᠡᠷ ᠲᠡᠮᠳᠡᠭᠯᠡᠬᠦ ᠪᠠᠶᠠᠷ ᠤᠨ ᠪᠣᠯᠤᠨ ᠲᠡᠮᠳᠡᠭᠯᠡᠯᠲᠦ ᠡᠳᠦᠷ ᠦᠳ ᠦᠨ ᠲᠤᠬᠠᠢ ᠬᠠᠤᠯᠢ ᠳᠤ 07 ᠳ᠋ᠤᠭᠠᠷ ᠰᠠᠷ᠎ᠠ ᠢᠢᠨ 10 ᠍ ᠤ ᠡᠳᠦᠷ ᠢ ᠨᠡᠢᠢᠲᠡ ᠪᠡᠷ ᠲᠡᠮᠳᠡᠭᠯᠡᠬᠦ ᠲᠡᠮᠳᠡᠭᠯᠡᠯᠲᠦ ᠡᠳᠦᠷ ᠬᠡᠮᠡᠨ ᠵᠢᠭᠠᠭᠰᠠᠨ ᠤ ᠳᠠᠭᠠᠭᠤ 2009 ᠣᠨ ᠠᠴᠠ ᠬᠣᠢᠢᠰᠢ ᠮᠣᠩ᠋ᠭᠣᠯ ᠤᠯᠤᠰ ᠤᠨ ᠲᠥᠷᠥ ᠢᠢᠨ ᠳᠠᠯᠪᠠᠭᠠᠨ ᠤ ᠡᠳᠦᠷ ᠢ ᠵᠢᠯ ᠪᠦᠷᠢ ᠲᠡᠮᠳᠡᠭᠯᠡᠨ ᠥᠩ᠋ᠭᠡᠷᠡᠭᠦᠯᠵᠦ ᠪᠠᠢᠢᠨ᠎ᠠ᠃