Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠤᠷᠳᠤᠨ ᠮᠣᠷᠢᠨ ᠤ ᠤᠨᠤᠭᠠᠴᠢ ᠬᠡᠦᠬᠡᠳ ᠦᠳ ᠲᠥ ᠪᠠᠶᠠᠷ ᠬᠦᠷᠭᠡᠵᠦ ᠪᠡᠯᠡᠭ ᠭᠠᠷᠳᠠᠭᠤᠯᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠤᠯᠭᠤᠷ ᠲᠥᠷᠥ ᠢᠢᠨ 2230᠂ 2231᠂ ᠶᠡᠬᠡ ᠮᠣᠩ᠋ᠭᠣᠯ ᠤᠯᠤᠰ ᠪᠠᠢᠢᠭᠤᠯᠤᠭᠳᠠᠰᠤᠨ ᠤ 815᠂ 816᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 110᠂ 111᠂ ᠠᠷᠠᠳ ᠤᠨ ᠬᠤᠪᠢᠰᠬᠠᠯ ᠤᠨ 100᠂ 101 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠢᠶᠠᠷ ᠠᠵᠢᠷᠭ᠎ᠠ᠂ ᠶᠡᠬᠡ ᠨᠠᠰᠤ᠂ ᠰᠣᠶᠣᠯᠠᠩ᠂ ᠬᠢᠵᠠᠭ᠋ᠯᠠᠩ᠂ ᠰᠢᠳᠦᠯᠡᠩ᠂ ᠳᠠᠭ᠎ᠠ ᠨᠠᠰᠤᠨ ᠤ ᠬᠤᠷᠳᠤᠨ ᠮᠣᠷᠢᠨ ᠤ ᠤᠷᠤᠯᠳᠤᠭᠠᠨ ᠳᠤ ᠤᠨᠠᠭᠰᠠᠨ ᠬᠦᠯᠥᠭ᠌ ᠢᠶᠡᠨ ᠲᠦᠷᠦᠭᠦᠦ ᠮᠠᠩᠨᠠᠢ᠂ ᠠᠮᠠᠨ ᠬᠦᠵᠦᠭᠦᠨ ᠳᠥ ᠬᠤᠷᠳᠤᠯᠠᠭᠤᠯᠵᠤ᠂ ᠠᠢᠢᠷᠠᠭᠳᠠᠭᠤᠯᠤᠭᠰᠠᠨ ᠤᠨᠤᠭᠠᠴᠢ ᠬᠡᠦᠬᠡᠳ ᠦᠳ ᠲᠥ ᠭᠠᠷ ᠤᠨ ᠪᠡᠯᠡᠭ ᠭᠠᠷᠳᠠᠭᠤᠯᠵᠤ ᠠᠮᠵᠢᠯᠲᠠ ᠬᠦᠰᠡᠨ ᠢᠷᠦᠭᠡᠯ ᠡ᠃