ᠮᠣᠩ᠋ᠭᠣᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠥᠨᠥᠳᠥᠷ ᠵᠠᠷᠯᠢᠭ ᠭᠠᠷᠭᠠᠵᠤ᠂ ᠲᠤᠯᠭᠤᠷ ᠲᠥᠷᠥ ᠶᠢᠨ 2230᠂ 2231᠂ ᠶᠡᠬᠡ ᠮᠣᠩ᠋ᠭᠣᠯ ᠤᠯᠤᠰ ᠪᠠᠶᠢᠭᠤᠯᠤᠭᠳᠠᠰᠤᠨ ᠤ 815᠂ 816᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 110᠂ 111᠂ ᠠᠷᠠᠳ ᠤᠨ ᠬᠤᠪᠢᠰᠬᠠᠯ ᠤᠨ 100᠂ 101 ᠵᠢᠯ ᠦᠨ ᠣᠢ ᠶᠢᠨ ᠤᠯᠤᠰ ᠤᠨ ᠪᠠᠶᠠᠷ ᠨᠠᠭᠠᠳᠤᠮ ᠤᠨ ᠦᠨᠳᠦᠰᠦᠨ ᠦ ᠪᠥᠬᠡ ᠶᠢᠨ ᠪᠠᠷᠢᠯᠳᠤᠭᠠᠨ ᠳᠤ ᠲᠠᠪᠤ ᠳᠠᠪᠠᠵᠤ 《ᠤᠯᠤᠰ ᠤᠨ ᠨᠠᠴᠢᠨ》 ᠴᠣᠯᠠ᠂ ᠵᠢᠷᠭᠤᠭ᠎ᠠ ᠳᠠᠪᠠᠵᠤ 《ᠤᠯᠤᠰ ᠤᠨ ᠬᠠᠷᠴᠠᠭ᠎ᠠ》 ᠴᠣᠯᠠᠨ ᠤ ᠪᠣᠯᠵᠣᠯ ᠬᠠᠩ᠋ᠭᠠᠭᠰᠠᠨ ᠪᠥᠬᠡᠴᠦᠳ ᠲᠥ ᠴᠣᠯᠠ ᠣᠯᠭᠤᠯ᠎ᠠ᠃
ᠶᠡᠷᠦᠩᠬᠡᠶᠢᠯᠡᠭᠴᠢ ᠶᠢᠨ ᠵᠠᠷᠯᠢᠭ ᠢ ᠮᠣᠩ᠋ᠭᠣᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠶᠠ᠊ ∙ ᠰᠣᠳᠤᠪᠠᠭᠠᠲᠤᠷ ᠤᠩᠰᠢᠵᠤ ᠰᠣᠨᠣᠷᠳᠠᠭᠤᠯᠤᠭᠰᠠᠨ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠮᠣᠩ᠋ᠭᠣᠯ ᠤᠯᠤᠰ ᠤᠨ ᠨᠠᠴᠢᠨ᠂ ᠬᠠᠷᠴᠠᠭ᠎ᠠ ᠴᠣᠯᠠᠨ ᠤ ᠪᠠᠲᠤᠯᠠᠮᠵᠢ ᠶᠢ ᠭᠠᠷᠳᠠᠭᠤᠯᠵᠤ᠂ ᠡᠩ᠋ᠭᠡᠷ ᠦᠨ ᠲᠡᠮᠳᠡᠭ ᠢ ᠨᠢ ᠵᠡᠭᠦᠵᠦ ᠥᠭ᠍ᠪᠡ᠃
ᠮᠣᠩ᠋ᠭᠣᠯ ᠤᠯᠤᠰ ᠤᠨ ᠨᠠᠴᠢᠨ ᠴᠣᠯᠠᠨ ᠤ ᠪᠣᠯᠵᠣᠯ ᠬᠠᠩ᠋ᠭᠠᠭᠰᠠᠨ ᠪᠥᠬᠡᠴᠦᠳ᠄
ᠪᠤᠯᠠᠭᠠᠨ ᠠᠶᠢᠮᠠᠭ ᠤᠨ ᠣᠷᠬᠣᠨ ᠰᠤᠮᠤ ᠶᠢᠨ ᠬᠠᠷᠢᠶᠠᠲᠤ᠂ 《ᠬᠢᠯᠢᠴᠢᠨ》 ᠰᠫᠣᠷᠲ ᠬᠣᠷᠢᠶ᠎ᠠ᠂ 《ᠪᠤᠯᠠᠭᠠᠨ ᠬᠠᠨ》 ᠳᠡᠪᠵᠢᠶᠡᠨ ᠦ ᠪᠥᠬᠡ ᠪᠤᠯᠠᠭᠠᠨ-ᠡᠷᠳᠡᠨᠢ ᠶᠢᠨ ᠲᠦᠮᠡᠨᠳᠡᠮᠪᠡᠷᠢᠯ᠂
ᠡᠮᠦᠨᠡᠭᠣᠪᠢ ᠠᠶᠢᠮᠠᠭ ᠤᠨ ᠪᠤᠯᠠᠭᠠᠨ ᠰᠤᠮᠤ ᠶᠢᠨ ᠬᠠᠷᠢᠶᠠᠲᠤ᠂ 《ᠠᠯᠳᠠᠷ》 ᠰᠫᠣᠷᠲ ᠬᠣᠷᠢᠶ᠎ᠠ᠂ 《ᠭᠣᠪᠢ ᠶᠢᠨ ᠬᠦᠴᠦᠲᠡᠨ》ᠳᠡᠪᠵᠢᠶᠡᠨ ᠦ ᠪᠥᠬᠡ ᠪᠡᠭ᠍ᠵᠡ ᠶᠢᠨ ᠮᠢᠵᠢᠳᠰᠦ᠋ᠷᠦᠩ᠂
ᠬᠡᠨᠲᠡᠢ ᠠᠶᠢᠮᠠᠭ ᠤᠨ ᠪᠠᠶᠠᠨᠬᠤᠲᠤᠭ ᠰᠤᠮᠤ ᠶᠢᠨ ᠬᠠᠷᠢᠶᠠᠲᠤ᠂ 《ᠬᠢᠯᠢᠴᠢᠨ》 ᠰᠫᠣᠷᠲ ᠬᠣᠷᠢᠶ᠎ᠠ᠂ 《ᠬᠠᠨ ᠬᠡᠨᠲᠡᠢ ᠶᠢᠨ ᠠᠪᠤᠷᠭᠤ》ᠳᠡᠪᠵᠢᠶᠡᠨ ᠦ ᠪᠥᠬᠡ ᠣᠳᠣᠬᠦᠦ ᠶᠢᠨ ᠴᠡᠴᠡᠨᠴᠡᠩ᠋ᠭᠡᠯ᠂
ᠤᠪᠰ ᠠᠶᠢᠮᠠᠭ ᠤᠨ ᠲᠡᠰ ᠰᠤᠮᠤ ᠶᠢᠨ ᠬᠠᠷᠢᠶᠠᠲᠤ᠂ 《ᠠᠯᠳᠠᠷ》 ᠰᠫᠣᠷᠲ ᠬᠣᠷᠢᠶ᠎ᠠ᠂ 《ᠤᠪᠰ ᠨᠠᠭᠤᠷ》ᠳᠡᠪᠵᠢᠶᠡᠨ ᠦ ᠪᠥᠬᠡ ᠨᠠᠸᠨᠭ᠌ ᠤ ᠬᠦᠷᠡᠯᠰᠦ᠋ᠬᠡ᠂
ᠪᠤᠯᠠᠭᠠᠨ ᠠᠶᠢᠮᠠᠭ ᠤᠨ ᠮᠣᠭᠠᠳ ᠰᠤᠮᠤ ᠶᠢᠨ ᠬᠠᠷᠢᠶᠠᠲᠤ᠂ 《ᠡᠷᠴᠢ》 ᠰᠫᠣᠷᠲ ᠬᠣᠷᠢᠶ᠎ᠠ᠂ 《ᠪᠤᠯᠭᠠᠨ ᠬᠠᠩ᠋ᠭᠠᠢ》ᠳᠡᠪᠵᠢᠶᠡᠨ ᠦ ᠪᠥᠬᠡ ᠡᠷᠳᠡᠨᠢᠪᠢᠯᠢᠭ᠌ ᠦᠨ ᠡᠩᠬᠡ-ᠠᠮᠤᠭᠤᠯᠠᠩ᠂
ᠪᠤᠯᠠᠭᠠᠨ ᠠᠶᠢᠮᠠᠭ ᠤᠨ ᠬᠡᠰᠢᠭ᠌-ᠥᠨᠳᠥᠷ ᠰᠤᠮᠤ ᠶᠢᠨ ᠬᠠᠷᠢᠶᠠᠲᠤ᠂ 《ᠰᠦᠯᠳᠡ》 ᠰᠫᠣᠷᠲ ᠬᠣᠷᠢᠶ᠎ᠠ᠂ 《ᠪᠤᠯᠠᠭᠠᠨ ᠬᠠᠩ᠋ᠭᠠᠢ》ᠳᠡᠪᠵᠢᠶᠡᠨ ᠦ ᠪᠥᠬᠡ ᠪᠢᠮᠪᠠᠳᠣᠷᠵᠢ ᠶᠢᠨ ᠲᠦᠪᠰᠢᠨᠲᠡᠭᠦᠰ᠂
ᠪᠤᠯᠠᠭᠠᠨ ᠠᠶᠢᠮᠠᠭ ᠤᠨ ᠣᠷᠬᠣᠨ ᠰᠤᠮᠤ ᠶᠢᠨ ᠬᠠᠷᠢᠶᠠᠲᠤ᠂ 《ᠬᠢᠯᠢᠴᠢᠨ》 ᠰᠫᠣᠷᠲ ᠬᠣᠷᠢᠶ᠎ᠠ᠂ 《ᠪᠤᠯᠠᠭᠠᠨ ᠬᠠᠨ》ᠳᠡᠪᠵᠢᠶᠡᠨ ᠦ ᠪᠥᠬᠡ ᠡᠩᠬᠡᠪᠠᠲᠤ ᠶᠢᠨ ᠰᠤᠮᠢᠶᠠᠪᠠᠲᠤ᠂
ᠤᠪᠰ ᠠᠶᠢᠮᠠᠭ ᠤᠨ ᠲᠡᠰ ᠰᠤᠮᠤ ᠶᠢᠨ ᠬᠠᠷᠢᠶᠠᠲᠤ᠂ 《ᠬᠢᠯᠢᠴᠢᠨ》 ᠰᠫᠣᠷᠲ ᠬᠣᠷᠢᠶ᠎ᠠ᠂ 《ᠤᠪᠰ ᠨᠠᠭᠤᠷ》ᠳᠡᠪᠵᠢᠶᠡᠨ ᠦ ᠪᠥᠬᠡ ᠸᠴᠢᠷᠪᠠᠲᠤ ᠶᠢᠨ ᠲᠦᠮᠡᠨ᠂
ᠡᠮᠦᠨᠡᠭᠣᠪᠢ ᠠᠶᠢᠮᠠᠭ ᠤᠨ ᠨᠣᠶᠠᠨ ᠰᠤᠮᠤ ᠶᠢᠨ ᠬᠠᠷᠢᠶᠠᠲᠤ᠂ 《ᠬᠢᠯᠢᠴᠢᠨ》 ᠰᠫᠣᠷᠲ ᠬᠣᠷᠢᠶ᠎ᠠ᠂ 《ᠭᠣᠪᠢ ᠶᠢᠨ ᠬᠦᠴᠦᠲᠡᠨ》ᠳᠡᠪᠵᠢᠶᠡᠨ ᠦ ᠪᠥᠬᠡ ᠡᠷᠳᠡᠨᠢᠪᠠᠲᠤ ᠶᠢᠨ ᠨᠢᠮ᠎ᠠ᠂
ᠬᠣᠪᠳᠣ ᠠᠶᠢᠮᠠᠭ ᠤᠨ ᠪᠤᠶᠠᠨᠲᠤ ᠰᠤᠮᠤ ᠶᠢᠨ ᠬᠠᠷᠢᠶᠠᠲᠤ᠂ 《ᠠᠯᠳᠠᠷ》 ᠰᠫᠣᠷᠲ ᠬᠣᠷᠢᠶ᠎ᠠ᠂ 《ᠬᠣᠪᠳᠣ》ᠳᠡᠪᠵᠢᠶᠡᠨ ᠦ ᠪᠥᠬᠡ ᠪᠠᠲᠤᠳᠣᠷᠵᠢ ᠶᠢᠨ ᠰᠤᠰᠤᠷᠪᠠᠷᠠᠮ᠂
ᠤᠪᠰ ᠠᠶᠢᠮᠠᠭ ᠤᠨ ᠲᠡᠰ ᠰᠤᠮᠤ ᠶᠢᠨ ᠬᠠᠷᠢᠶᠠᠲᠤ᠂ 《ᠬᠦᠴᠦ》 ᠰᠫᠣᠷᠲ ᠬᠣᠷᠢᠶ᠎ᠠ᠂ 《ᠤᠪᠰ ᠨᠠᠭᠤᠷ》ᠳᠡᠪᠵᠢᠶᠡᠨ ᠦ ᠪᠥᠬᠡ ᠬᠦᠷᠡᠯᠪᠠᠭᠠᠲᠤᠷ ᠤᠨ ᠣᠷᠭᠢᠯᠪᠤᠤᠯᠤᠳ᠂
ᠣᠷᠬᠣᠨ ᠠᠶᠢᠮᠠᠭ ᠤᠨ ᠪᠠᠶᠠᠨ-ᠥᠨᠳᠥᠷ ᠰᠤᠮᠤ ᠶᠢᠨ ᠬᠠᠷᠢᠶᠠᠲᠤ᠂ 《ᠠᠪᠤᠷᠠᠭᠴᠢ》 ᠰᠫᠣᠷᠲ ᠬᠣᠷᠢᠶ᠎ᠠ᠂ 《ᠬᠠᠠ ᠭᠠᠷᠤᠳᠢ》 ᠺᠯᠤᠢᠪ᠂ 《ᠶᠡᠬᠡ ᠪᠣᠭᠳᠠ》ᠳᠡᠪᠵᠢᠶᠡᠨ ᠦ ᠪᠥᠬᠡ ᠥᠯᠵᠡᠶᠢᠰᠠᠶᠢᠬᠠᠨ ᠤ ᠪᠠᠲᠤᠵᠤᠯᠠ᠂
ᠥᠪᠦᠷᠬᠠᠩ᠋ᠭᠠᠢ ᠠᠶᠢᠮᠠᠭ ᠤᠨ ᠨᠠᠷᠢᠨᠲᠡᠭᠡᠯᠢ ᠰᠤᠮᠤ ᠶᠢᠨ ᠬᠠᠷᠢᠶᠠᠲᠤ᠂ 《ᠠᠯᠳᠠᠷ》 ᠰᠫᠣᠷᠲ ᠬᠣᠷᠢᠶ᠎ᠠ᠂ 《ᠶᠡᠬᠡ ᠮᠣᠩ᠋ᠭᠣᠯ ᠤᠨ ᠬᠦᠴᠦᠲᠡᠨ》ᠳᠡᠪᠵᠢᠶᠡᠨ ᠦ ᠪᠥᠬᠡ ᠪᠠᠲᠤᠵᠢᠷᠭᠠᠯ ᠤᠨ ᡀᠠᠪᠠᠳᠣᠷᠵᠢ᠂
ᠪᠠᠶᠠᠨᠬᠣᠩ᠋ᠭᠣᠷ ᠠᠶᠢᠮᠠᠭ ᠤᠨ ᠵᠢᠩᠰᠡᠳᠦ ᠰᠤᠮᠤ ᠶᠢᠨ ᠬᠠᠷᠢᠶᠠᠲᠤ᠂ 《ᠠᠯᠳᠠᠷ》 ᠰᠫᠣᠷᠲ ᠬᠣᠷᠢᠶ᠎ᠠ᠂ 《ᠬᠣᠩ᠋ᠭᠣᠷ ᠨᠤᠲᠤᠭ》ᠳᠡᠪᠵᠢᠶᠡᠨ ᠦ ᠪᠥᠬᠡ ᠡᠩᠬᠡᠲᠦᠪᠰᠢᠩ ᠦᠨ ᠪᠠᠲᠤᠮᠠᠩᠨᠠᠢ᠃
ᠮᠣᠩ᠋ᠭᠣᠯ ᠤᠯᠤᠰ ᠤᠨ ᠬᠠᠷᠴᠠᠭ᠎ᠠ ᠴᠣᠯᠠᠨ ᠤ ᠪᠣᠯᠵᠣᠯ ᠬᠠᠩ᠋ᠭᠠᠭᠰᠠᠨ ᠪᠥᠬᠡᠴᠦᠳ᠄
ᠥᠪᠦᠷᠬᠠᠩ᠋ᠭᠠᠢ ᠠᠶᠢᠮᠠᠭ ᠤᠨ ᠲᠥᠭᠥᠷᠢᠭ᠌ ᠰᠤᠮᠤ ᠶᠢᠨ ᠬᠠᠷᠢᠶᠠᠲᠤ᠂ 《ᠠᠯᠳᠠᠷ》 ᠰᠫᠣᠷᠲ ᠬᠣᠷᠢᠶ᠎ᠠ᠂ 《ᠶᠡᠬᠡ ᠮᠣᠩ᠋ᠭᠣᠯ ᠤᠨ ᠬᠦᠴᠦᠲᠡᠨ》ᠳᠡᠪᠵᠢᠶᠡᠨ ᠦ ᠪᠥᠬᠡ ᠴᠡᠳᠡᠨᠰᠣᠳᠨᠠᠮ ᠤᠨ ᠪᠢᠮᠪᠠ-ᠣᠳᠬᠠᠨ᠂
ᠬᠡᠨᠲᠡᠢ ᠠᠶᠢᠮᠠᠭ ᠤᠨ ᠪᠠᠲᠤᠰᠢᠷᠡᠭᠡᠲᠦ ᠰᠤᠮᠤ ᠶᠢᠨ ᠬᠠᠷᠢᠶᠠᠲᠤ. 《ᠬᠢᠯᠢᠴᠢᠨ》 ᠰᠫᠣᠷᠲ ᠬᠣᠷᠢᠶ᠎ᠠ᠂ 《ᠬᠠᠨ-ᠬᠡᠨᠲᠡᠢ ᠶᠢᠨ ᠠᠪᠤᠷᠭᠤ》ᠳᠡᠪᠵᠢᠶᠡᠨ ᠦ ᠪᠥᠬᠡ ᠭᠠᠨᠭᠴᠣᠭᠲᠤ ᠶᠢᠨ ᠪᠠᠳᠠᠷᠠᠬᠤ᠂
ᠵᠠᠪᠬᠠᠨ ᠠᠶᠢᠮᠠᠭ ᠤᠨ ᠠᠯᠳᠠᠷᠬᠠᠭᠠᠨ ᠰᠤᠮᠤ ᠶᠢᠨ ᠬᠠᠷᠢᠶᠠᠲᠤ᠂ 《ᠠᠯᠳᠠᠷ》 ᠰᠫᠣᠷᠲ ᠬᠣᠷᠢᠶ᠎ᠠ᠂ 《ᠵᠠᠪᠬᠠᠨ》ᠳᠡᠪᠵᠢᠶᠡᠨ ᠦ ᠪᠥᠬᠡ ᡀᠠᠭᠪᠠ ᠶᠢᠨ ᡀᠠ-ᠸᠴᠢᠷ᠂
ᠠᠷᠤᠬᠠᠩ᠋ᠭᠠᠢ ᠠᠶᠢᠮᠠᠭ ᠤᠨ ᠬᠠᠶᠢᠷᠬᠠᠨ ᠰᠤᠮᠤ ᠶᠢᠨ ᠬᠠᠷᠢᠶᠠᠲᠤ᠂ 《ᠪᠥᠬᠡ ᠪᠢᠯᠢᠭᠲᠦ》ᠳᠡᠪᠵᠢᠶᠡᠨ ᠦ ᠪᠥᠬᠡ ᠣᠶᠤᠨᠪᠠᠭᠠᠲᠤᠷ ᠤᠨ ᠮᠥᠩᠬᠡ-ᠡᠷᠳᠡᠨᠢ᠃