Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠵᠠᠭᠠᠨ ᠴᠣᠯᠠ ᠣᠯᠭᠤᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠥᠨᠥᠳᠥᠷ ᠵᠠᠷᠯᠢᠭ ᠭᠠᠷᠭᠠᠵᠤ᠂ ᠲᠤᠯᠭᠤᠷ ᠲᠥᠷᠥ ᠢᠢᠨ 2230᠂ 2231᠂ ᠶᠡᠬᠡ ᠮᠣᠩ᠋ᠭᠣᠯ ᠤᠯᠤᠰ ᠪᠠᠢᠢᠭᠤᠯᠤᠭᠳᠠᠰᠤᠨ ᠤ 815᠂ 816᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 110᠂ 111᠂ ᠠᠷᠠᠳ ᠤᠨ ᠬᠤᠪᠢᠰᠬᠠᠯ ᠤᠨ 100᠂ 101 ᠵᠢᠯ ᠦᠨ ᠣᠢ ᠢᠢᠨ ᠤᠯᠤᠰ ᠤᠨ ᠪᠠᠶᠠᠷ ᠨᠠᠭᠠᠳᠤᠮ ᠤᠨ ᠦᠨᠳᠦᠰᠦᠨ ᠦ ᠪᠥᠬᠡ ᠢᠢᠨ ᠪᠠᠷᠢᠯᠳᠤᠭᠠᠨ ᠳᠤ ᠳᠣᠯᠣᠭ᠎ᠠ ᠳᠠᠪᠠᠵᠤ 《ᠤᠯᠤᠰ ᠤᠨ ᠵᠠᠭᠠᠨ》 ᠴᠣᠯᠠᠨ ᠤ ᠪᠣᠯᠵᠣᠯ ᠬᠠᠩ᠋ᠭᠠᠭᠰᠠᠨ ᠪᠥᠬᠡᠴᠦᠳ ᠲᠥ ᠴᠣᠯᠠ ᠣᠯᠭᠤᠯ᠎ᠠ᠃

ᠶᠡᠷᠦᠩᠬᠡᠢᠢᠯᠡᠭᠴᠢ ᠢᠢᠨ ᠵᠠᠷᠯᠢᠭ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊ ∙ ᠰᠣᠳᠤᠪᠠᠭᠠᠲᠤᠷ ᠤᠩᠰᠢᠵᠤ ᠰᠣᠨᠣᠷᠳᠠᠭᠤᠯᠤᠭᠰᠠᠨ ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠮᠣᠩ᠋ᠭᠣᠯ ᠤᠯᠤᠰ ᠤᠨ ᠵᠠᠭᠠᠨ ᠴᠣᠯᠠᠨ ᠤ ᠪᠠᠲᠤᠯᠠᠮᠵᠢ ᠢᠢ ᠭᠠᠷᠳᠠᠭᠤᠯᠵᠤ᠂ ᠡᠩ᠋ᠭᠡᠷ ᠦᠨ ᠲᠡᠮᠳᠡᠭ ᠢ ᠨᠢ ᠵᠡᠭᠦᠵᠦ ᠥᠭ᠍ᠪᠡ᠃

ᠮᠣᠩ᠋ᠭᠣᠯ ᠤᠯᠤᠰ ᠤᠨ ᠵᠠᠭᠠᠨ ᠴᠣᠯᠠᠨ ᠤ ᠪᠣᠯᠵᠣᠯ ᠬᠠᠩ᠋ᠭᠠᠭᠰᠠᠨ ᠪᠥᠬᠡᠴᠦᠳ᠄

ᠪᠠᠶᠠᠨ-ᠥᠯᠥᠭᠡᠢ ᠠᠢᠢᠮᠠᠭ ᠤᠨ ᠤᠯᠠᠭᠠᠨᠭᠬᠤᠰᠤ ᠰᠤᠮᠤ ᠢᠢᠨ ᠬᠠᠷᠢᠶᠠᠲᠤ᠂ ᠰᠦᠯᠳᠡ ᠰᠫᠣᠷᠲ ᠬᠣᠷᠢᠶ᠎ᠠ᠂ 《ᠪᠧᠰ ᠪᠤᠭᠳᠠ ᠪᠦᠷᠭᠦᠳ》ᠳᠡᠪᠵᠢᠶᠡᠨ  ᠦ ᠪᠥᠬᠡ ᠪᠧᠷᠳ᠋ᠢᠮᠤᠷᠠᠲ ᠤᠨ ᠰᠧᠷᠢᠺ᠂

ᠵᠠᠪᠬᠠᠨ ᠠᠢᠢᠮᠠᠭ ᠤᠨ ᠢᠷᠠᠭᠤ ᠰᠤᠮᠤ ᠢᠢᠨ ᠬᠠᠷᠢᠶᠠᠲᠤ᠂ ᠬᠢᠯᠢᠴᠢᠨ ᠰᠫᠣᠷᠲ ᠬᠣᠷᠢᠶ᠎ᠠ᠂ 《ᠳᠠᠢᠶᠠᠭ᠌》ᠳᠡᠪᠵᠢᠶᠡᠨ  ᠦ ᠪᠥᠬᠡ ᠮᠥᠩᠬᠡᠲᠦᠷᠦ ᠢᠢᠨ ᡀᠠᠬᠪᠠᠭᠡᠷᠡᠯ᠂

ᠬᠣᠪᠳᠣ ᠠᠢᠢᠮᠠᠭ ᠤᠨ ᠵᠡᠷᠭᠡ ᠰᠤᠮᠤ ᠢᠢᠨ ᠬᠠᠷᠢᠶᠠᠲᠤ᠂ ᠠᠯᠳᠠᠷ ᠰᠫᠣᠷᠲ ᠬᠣᠷᠢᠶ᠎ᠠ᠂ 《ᠬᠣᠪᠳᠣ》ᠳᠡᠪᠵᠢᠶᠡᠨ  ᠦ ᠪᠥᠬᠡ ᠪᠠᠶᠠᠷᠬᠦᠦ ᠢᠢᠨ ᠪᠠᠲᠤ-ᠥᠯᠵᠡᠢ᠃