Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠤᠷᠢᠯᠭ᠎ᠠ ᠪᠠᠷ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠮᠣᠩ᠋ᠭᠣᠯ ᠤᠯᠤᠰ ᠲᠤ ᠠᠯᠪᠠᠨ ᠶᠣᠰᠣᠨ ᠤ ᠠᠢᠢᠯᠴᠢᠯᠠᠯ ᠬᠢᠨ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠤᠷᠢᠯᠭ᠎ᠠ ᠪᠠᠷ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠠᠨᠲ᠋ᠣᠨᠢᠤ‍ ᠭᠤᠲ᠋ᠧᠷᠷᠧᠱ 2022 ᠣᠨ ᠤ 08 ᠳ᠋ᠤᠭᠠᠷ ᠰᠠᠷ᠎ᠠ ᠢᠢᠨ 08-11 ᠍ ᠦ ᠡᠳᠦᠷ ᠦᠳ ᠲᠥ ᠮᠣᠩ᠋ᠭᠣᠯ ᠤᠯᠤᠰ ᠲᠤ ᠠᠯᠪᠠᠨ ᠶᠣᠰᠣᠨ ᠤ ᠠᠢᠢᠯᠴᠢᠯᠠᠯ ᠬᠢᠨ᠎ᠡ᠃

ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠠ᠊ ∙ ᠭᠤᠲ᠋ᠧᠷᠷᠧᠱ ᠠᠢᠢᠯᠴᠢᠯᠠᠯ ᠤᠨ ᠢᠶᠠᠨ ᠬᠦᠷᠢᠶᠡᠨ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦᠬᠡ ᠳᠥ ᠪᠠᠷᠠᠭᠠᠯᠬᠠᠵᠤ᠂ ᠤᠯᠤᠰ ᠤᠨ ᠶᠡᠬᠡ ᠬᠤᠷᠠᠯ ᠤᠨ ᠳᠠᠷᠤᠭ᠎ᠠ ᠭᠤ‍ ∙ ᠽᠠᠨᠳᠠᠨᠰᠢᠲᠠᠷ ᠠ᠂ ᠶᠡᠷᠦᠩᠬᠡᠢ ᠰᠠᠢᠢᠳ ᠯᠤ‍ ∙ ᠣᠶᠤᠨ-ᠡᠷᠳᠡᠨᠢ᠂ ᠭᠠᠳᠠᠭᠠᠳᠤ ᠬᠠᠷᠢᠯᠴᠠᠭᠠᠨ ᠤ ᠰᠠᠢᠢᠳ ᠪ ∙ ᠪᠠᠲᠤᠴᠡᠴᠡᠭ ᠨᠠᠷ ᠲᠠᠢ ᠲᠤᠰ ᠲᠤᠰ ᠠᠭᠤᠯᠵᠠᠯᠲᠠ ᠬᠢᠨ᠎ᠡ᠃ ᠮᠥᠨ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠰᠠᠭᠤᠷᠢᠨ ᠵᠣᠬᠢᠴᠠᠭᠤᠯᠤᠭᠴᠢ ᠢᠢᠨ ᠭᠠᠵᠠᠷ ᠲᠤ ᠵᠣᠴᠢᠯᠠᠵᠤ᠂ ᠮᠠᠨ ᠤ ᠤᠯᠤᠰ ᠤᠨ ᠰᠠᠨᠠᠭᠠᠴᠢᠯᠠᠨ ᠪᠠᠢᠢᠭᠤᠯᠤᠭᠰᠠᠨ ᠳᠠᠯᠠᠢ ᠳᠤ ᠭᠠᠷᠤᠴᠠ ᠦᠭᠡᠢ ᠬᠥᠭ᠍ᠵᠢᠵᠦ ᠪᠤᠢ ᠣᠷᠣᠨ ᠨᠤᠭᠤᠳ ᠤᠨ ᠣᠯᠠᠨ ᠤᠯᠤᠰ ᠤᠨ ᠰᠤᠳᠤᠯᠭᠠᠨ ᠤ ᠲᠥᠪ ᠦᠨ ᠦᠢᠯᠡ ᠠᠵᠢᠯᠯᠠᠭ᠎ᠠ᠂ ᠮᠣᠩ᠋ᠭᠣᠯ ᠤᠯᠤᠰ ᠤᠨ ᠲᠡᠦᠬᠡ᠂ ᠰᠤᠶᠤᠯ᠂ ᠵᠠᠩ ᠵᠠᠩᠰᠢᠯ᠂ ᠪᠠᠢᠢᠭᠠᠯᠢ᠂ ᠬᠦᠷᠢᠶᠡᠯᠡᠩ ᠪᠤᠢ ᠣᠷᠴᠢᠨ ᠲᠠᠢ ᠲᠠᠨᠢᠯᠴᠠᠬᠤ ᠪᠠᠷ ᠲᠥᠯᠥᠪᠯᠡᠵᠦ ᠪᠠᠢᠢᠨ᠎ᠠ᠃

ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠠ᠊ ∙ ᠭᠤᠲ᠋ᠧᠷᠷᠧᠱ 1949 ᠣᠨ ᠤ 04 ᠳ᠋ᠦᠭᠡᠷ ᠰᠠᠷ᠎ᠠ ᠢᠢᠨ 30 ᠍ ᠳᠤ ᠫᠣᠷᠲ᠋ᠤᠢᠭᠠᠯ ᠤᠯᠤᠰ ᠤᠨ ᠯᠢᠰᠰᠠᠪᠤᠨ ᠬᠣᠲᠣᠨ ᠠ ᠲᠥᠷᠦᠵᠡᠢ᠃ ᠲᠡᠷᠡ ᠪᠡᠷ ᠫᠣᠷᠲ᠋ᠤᠢᠭᠠᠯ ᠤᠯᠤᠰ ᠤᠨ ᠫᠠᠷᠯᠠᠮᠧᠨ᠋ᠲ ᠤᠨ ᠭᠡᠰᠢᠭᠦᠨ᠂ ᠧᠦ᠋ᠷᠣᠫᠠ ᠢᠢᠨ ᠵᠥᠪᠯᠡᠯ ᠳ᠋ᠡᠬᠢ ᠫᠣᠷᠲ᠋ᠤᠢᠭᠠᠯ ᠤᠯᠤᠰ ᠤᠨ ᠲᠥᠯᠦᠭᠡᠯᠡᠭᠴᠢ᠂ ᠧᠦ᠋ᠷᠣᠫᠠ ᠢᠢᠨ ᠵᠥᠪᠯᠡᠯ ᠦᠨ ᠶᠡᠷᠦᠩᠬᠡᠢᠢᠯᠡᠭᠴᠢ᠂ ᠰᠣᠴᠢᠶᠠᠯᠢᠰᠲ ᠨᠠᠮ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ᠂ ᠰᠣᠴᠢᠶᠠᠯᠢᠰᠲ ᠢᠨᠲ᠋ᠧᠷᠨᠠᠼᠢᠣᠨᠠᠯ ᠤᠨ ᠳᠡᠳ᠋ ᠶᠡᠷᠦᠩᠬᠡᠢᠢᠯᠡᠭᠴᠢ᠂ ᠶᠡᠷᠦᠩᠬᠡᠢᠢᠯᠡᠭᠴᠢ᠂ ᠫᠣᠷᠲ᠋ᠤᠢᠭᠠᠯ ᠤᠯᠤᠰ ᠤᠨ ᠶᠡᠷᠦᠩᠬᠡᠢ ᠰᠠᠢᠢᠳ᠂ ᠳᠦᠷᠪᠡᠭ᠍ᠰᠡᠳ ᠦᠨ ᠠᠰᠠᠭᠤᠳᠠᠯ ᠡᠷᠬᠢᠯᠡᠭᠰᠡᠨ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠳᠡᠭᠡᠳᠦ ᠺᠣᠮᠢᠰᠰᠠᠷ ᠤᠨ ᠠᠯᠪᠠ ᠢᠢ ᠬᠠᠰᠢᠵᠤ ᠶᠠᠪᠤᠭᠰᠠᠨ ᠲᠤᠷᠰᠢᠯᠭ᠎ᠠ ᠲᠠᠢ ᠤᠯᠤᠰ ᠲᠥᠷᠦᠴᠢ᠂ ᠳ᠋ᠢᠫᠯᠣᠮᠠᠲ᠋ᠴᠢ ᠶᠤᠮ᠃

ᠠ᠊ ∙ ᠭᠤᠲ᠋ᠧᠷᠷᠧᠱ ᠨᠢ 2017 ᠣᠨ ᠤ 01 ᠳ᠋ᠦ᠋ᠭᠡᠷ ᠰᠠᠷ᠎ᠠ ᠢᠢᠨ 01 ᠍ ᠦ ᠡᠳᠦᠷ ᠡᠴᠡ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ 9 ᠳ᠋ᠡᠬᠢ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠪᠠᠷ ᠠᠵᠢᠯᠯᠠᠵᠤ ᠪᠠᠢᠢᠭ᠎ᠠ ᠪᠠ ᠬᠦᠮᠦᠨ ᠦ ᠡᠷᠬᠡ᠂ ᠡᠷᠬᠡ ᠴᠢᠯᠦᠭᠡ ᠢᠢ ᠬᠠᠩ᠋ᠭᠠᠬᠤ᠂ ᠡᠩᠬᠡ ᠢᠢᠨ ᠵᠠᠭᠤᠴᠢᠯᠠᠭᠴᠢ ᠪᠣᠯᠵᠤ᠂ ᠰᠢᠨᠡᠴᠢᠯᠡᠯ᠂ ᠢᠨᠨᠣᠸᠠᠼ ᠢ ᠬᠥᠬᠥᠭᠥᠯᠡᠨ ᠳᠡᠮᠵᠢᠬᠦ ᠢᠢ ᠦᠢᠯᠡ ᠠᠵᠢᠯᠯᠠᠭᠠᠨ ᠤ ᠪᠠᠨ ᠭᠣᠣᠯ ᠵᠣᠷᠢᠯᠲᠠ ᠪᠣᠯᠭᠠᠨ ᠠᠵᠢᠯᠯᠠᠵᠤ ᠪᠠᠢᠢᠨ᠎ᠠ᠃

ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠢᠢᠨ ᠲᠦᠪᠰᠢᠨ ᠳᠥ ᠮᠣᠩ᠋ᠭᠣᠯ ᠤᠯᠤᠰ ᠲᠤ ᠳᠥᠷᠪᠡᠨ ᠤᠳᠠᠭ᠎ᠠ ᠠᠢᠢᠯᠴᠢᠯᠠᠵᠤ ᠪᠠᠢᠢᠭᠰᠠᠨ ᠠᠴᠠ ᠬᠠᠮᠤᠭ ᠤᠨ ᠰᠡᠭᠦᠯ ᠳᠥ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠪᠠᠨ᠋‍᠋ ᠭᠢ ᠮᠥᠥᠨ᠋᠋‍᠋ 2009 ᠣᠨ ᠳᠤ ᠠᠢᠢᠯᠴᠢᠯᠠᠭᠰᠠᠨ᠃