ᠶᠡᠬᠡ ᠡᠵᠡᠨ ᠴᠢᠩ᠋ᠭᠢᠰ ᠬᠠᠭᠠᠨ ᠤ ᠮᠡᠨᠳᠦᠯᠡᠭᠰᠡᠨ ᠦ 860 ᠵᠢᠯ ᠦᠨ ᠣᠢ ᠳᠤ ᠵᠣᠷᠢᠭᠤᠯᠤᠨ ᠮᠣᠩ᠋ᠭᠣᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠶᠢᠨ ᠢᠪᠡᠭᠡᠯ ᠳ᠋ᠣᠷ 《ᠴᠢᠩ᠋ᠭᠢᠰ ᠬᠠᠭᠠᠨ ᠤ ᠶᠢᠷᠲᠢᠨᠴᠦ ᠪᠠ ᠮᠣᠩ᠋ᠭᠣᠯ ᠰᠤᠳᠤᠯᠤᠯ》 ᠰᠡᠳᠦᠪᠲᠦ ᠴᠣᠭᠴᠠ ᠠᠷᠭ᠎ᠠ ᠬᠡᠮᠵᠢᠶ᠎ᠡ ᠶᠢ 2022 ᠣᠨ ᠤ 08 ᠳ᠋ᠤᠭᠠᠷ ᠰᠠᠷ᠎ᠠ ᠶᠢᠨ 5-10 ᠍ ᠤ ᠡᠳᠦᠷ ᠦᠳ ᠲᠥ ᠤᠯᠠᠭᠠᠨᠪᠠᠭᠠᠲᠤᠷ ᠬᠣᠲᠣᠨ ᠠ ᠵᠣᠬᠢᠶᠠᠨ ᠪᠠᠶᠢᠭᠤᠯᠤᠨ᠎ᠠ᠃
ᠡᠨᠡ ᠬᠦᠷᠢᠶᠡᠨ ᠳᠥ 《ᠴᠢᠩ᠋ᠭᠢᠰ ᠬᠠᠭᠠᠨ ᠤ ᠶᠢᠷᠲᠢᠨᠴᠦ ᠪᠠ ᠮᠣᠩ᠋ᠭᠣᠯ ᠰᠤᠳᠤᠯᠤᠯ》 ᠣᠯᠠᠨ ᠤᠯᠤᠰ ᠤᠨ ᠡᠷᠳᠡᠮ ᠰᠢᠨᠵᠢᠯᠡᠭᠡᠨ ᠦ ᠬᠤᠷᠠᠯ ᠢ ᠵᠣᠬᠢᠶᠠᠨ ᠪᠠᠶᠢᠭᠤᠯᠵᠤ᠂ ᠲᠠᠪᠤᠨ ᠰᠠᠯᠪᠤᠷᠢ ᠬᠤᠷᠠᠯᠳᠤᠭᠠᠨ ᠢᠶᠠᠷ 155 ᠢᠯᠡᠳᠬᠡᠯ ᠬᠡᠯᠡᠯᠴᠡᠭᠦᠯᠬᠦ ᠶᠤᠮ᠃
ᠰᠠᠯᠪᠤᠷᠢ ᠬᠤᠷᠠᠯᠳᠤᠭᠠᠨ ᠨᠤᠭᠤᠳ ᠢ᠄
《ᠮᠣᠩ᠋ᠭᠣᠯ ᠤᠨ ᠲᠡᠦᠬᠡ᠂ ᠤᠭᠰᠠᠭᠠᠲᠠᠨ ᠤ ᠰᠤᠳᠤᠯᠤᠯ》᠂
《ᠮᠣᠩ᠋ᠭᠣᠯ ᠬᠡᠯᠡ᠂ ᠤᠷᠠᠨ ᠵᠣᠬᠢᠶᠠᠯ ᠰᠤᠳᠤᠯᠤᠯ》᠂
《ᠮᠣᠩ᠋ᠭᠣᠯᠴᠤᠳ ᠤᠨ ᠰᠤᠶᠤᠯ ᠤᠨ ᠶᠢᠷᠲᠢᠨᠴᠦ》᠂
《ᠮᠣᠩ᠋ᠭᠣᠯᠴᠤᠳ ᠪᠠ ᠭᠠᠳᠠᠭᠠᠳᠤ ᠶᠢᠷᠲᠢᠨᠴᠦ》᠂
《ᠮᠣᠩ᠋ᠭᠣᠯᠴᠤᠳ ᠤᠨ ᠰᠤᠶᠤᠯ ᠤᠨ ᠥᠪ᠂ ᠠᠷᠬᠧᠣᠯᠣᠭᠢ ᠶᠢᠨ ᠰᠤᠳᠤᠯᠭ᠎ᠠ》 ᠰᠡᠳᠦᠪ ᠢᠶᠡᠷ ᠵᠣᠬᠢᠶᠠᠨ ᠪᠠᠶᠢᠭᠤᠯᠤᠨ᠎ᠠ᠃
ᠴᠣᠭᠴᠠ ᠠᠷᠭ᠎ᠠ ᠬᠡᠮᠵᠢᠶᠡᠨ ᠳᠥ 14 ᠣᠷᠣᠨ ᠤ 54 ᠮᠣᠩ᠋ᠭᠣᠯ ᠰᠤᠳᠤᠯᠤᠭᠠᠴᠢ ᠤᠷᠤᠯᠴᠠᠬᠤ ᠪᠥᠭᠡᠳ ᠦᠨᠳᠦᠰᠦᠨ ᠬᠤᠷᠠᠯᠳᠤᠭᠠᠨ 2022 ᠣᠨ ᠤ 08 ᠳ᠋ᠤᠭᠠᠷ ᠰᠠᠷ᠎ᠠ ᠶᠢᠨ 06 ᠍ ᠤ ᠡᠳᠦᠷ ᠲᠥᠷᠥ ᠶᠢᠨ ᠣᠷᠳᠣᠨ ᠳᠤ ᠪᠣᠯᠤᠨ᠎ᠠ᠃