ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠵᠠᠷᠯᠢᠭ ᠭᠠᠷᠭᠠᠨ᠂ ᠮᠣᠩ᠋ᠭᠣᠯ ᠤᠨ ᠰᠣᠩ᠋ᠭᠣᠳᠠᠭ ᠤᠷᠠᠯᠢᠭ ᠤᠨ ᠳᠢᠭ᠌ ᠰᠤᠷᠭᠠᠭᠤᠯᠢ᠂ ᠴᠢᠳᠠᠪᠤᠷᠢ᠂ ᠴᠢᠨᠰᠠᠭ᠎ᠠ ᠢᠢ ᠳᠡᠯᠡᠬᠡᠢ ᠢᠢᠨ ᠲᠠᠪᠴᠠᠩ ᠳᠤ ᠬᠦᠯᠢᠶᠡᠨ ᠵᠥᠪᠰᠢᠶᠡᠷᠡᠭᠦᠯᠵᠦ᠂ ᠳᠡᠯᠡᠬᠡᠢ ᠢᠢᠨ ᠬᠡᠮᠵᠢᠶᠡᠨ ᠦ ᠳᠠᠭᠤᠴᠢᠨ ᠬᠡᠮᠡᠨ ᠦᠨᠡᠯᠡᠭᠳᠡᠨ᠂ ᠣᠯᠠᠨ ᠤᠯᠤᠰ ᠲᠤ ᠡᠬᠡ ᠣᠷᠣᠨ ᠤ ᠪᠠᠨ ᠨᠡᠷ᠎ᠡ ᠬᠦᠨᠳᠦ ᠢᠢ ᠥᠰᠬᠡᠬᠦ ᠳᠥ ᠦᠨᠡᠲᠡᠢ ᠬᠤᠪᠢ ᠨᠡᠮᠡᠷᠢ ᠣᠷᠣᠭᠤᠯᠤᠭᠰᠠᠨ ᠤᠯᠤᠰ ᠤᠨ ᠳᠠᠭᠤᠷᠢ᠂ ᠪᠦᠵᠢᠭ᠌ ᠦᠨ ᠡᠷᠳᠡᠮ ᠦᠨ ᠲᠢᠶᠠᠲ᠋ᠷ ᠤᠨ ᠭᠣᠴᠣᠯᠠᠯ ᠳᠠᠭᠤᠴᠢᠨ᠂ ᠭᠠᠪᠢᠶᠠᠲᠤ ᠵᠦᠵᠦᠭᠡᠴᠢᠨ ᠡᠩᠬᠡᠪᠠᠲᠤ ᠢᠢᠨ ᠠᠮᠤᠷᠲᠦᠪᠰᠢᠨ ᠳᠥ ᠮᠣᠩ᠋ᠭᠣᠯ ᠤᠯᠤᠰ ᠤᠨ ᠠᠷᠠᠳ ᠤᠨ ᠵᠦᠵᠦᠭᠡᠴᠢᠨ ᠴᠣᠯᠠ ᠬᠦᠷᠲᠡᠭᠡᠪᠡ᠃
ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠥᠷᠦ ᠢᠢᠨ ᠳᠡᠭᠡᠳᠦ ᠴᠣᠯᠠ ᠬᠦᠷᠢᠲᠦᠭᠰᠡᠨ ᠡ᠊ ∙ ᠠᠮᠤᠷᠲᠦᠪᠰᠢᠨ ᠪᠣᠯᠤᠨ ᠡᠴᠢᠭᠡ᠂ ᠡᠬᠡ᠂ ᠭᠡᠷ ᠪᠦᠯᠢ᠂ ᠲᠥᠷᠦᠯ ᠲᠥᠷᠦᠭᠰᠡᠳ᠂ ᠬᠠᠮᠲᠤ ᠣᠯᠠᠨ ᠳᠤ ᠨᠢ ᠪᠠᠶᠠᠷ ᠬᠦᠷᠭᠡᠵᠦ᠂ ᠰᠠᠢᠢᠨ ᠰᠠᠢᠢᠬᠠᠨ ᠢ ᠬᠦᠰᠡᠨ ᠢᠷᠦᠭᠡᠪᠡ᠃