Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ᠄ ᠡᠮᠡᠭᠲᠡᠢ ᠪᠢᠽᠢᠨ᠋ᠧᠰ ᠡᠷᠬᠢᠯᠡᠭᠴᠢᠳ ᠲᠥ ᠲᠤᠯᠭᠠᠮᠳᠠᠵᠤ ᠪᠤᠢ ᠬᠦᠨᠳᠦᠷᠡᠯ᠂ ᠪᠡᠷᠬᠡᠰᠢᠶᠡᠯ ᠦᠳ ᠢ ᠰᠢᠢᠳᠪᠦᠷᠢᠯᠡᠬᠦ ᠳᠥ ᠣᠨᠤᠴᠤᠭᠠᠢ ᠠᠩᠬᠠᠷᠴᠤ ᠠᠵᠢᠯᠯᠠᠬᠤ ᠱᠠᠭᠠᠷᠳᠠᠯᠭ᠎ᠠ ᠲᠠᠢ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠢᠪᠡᠭᠡᠯ ᠳ᠋ᠣᠷ᠎《ᠡᠳ᠋ ᠍ ᠦᠨ ᠵᠠᠰᠠᠭ ᠤᠨ ᠬᠥᠭ᠍ᠵᠢᠯ ᠳ᠋ᠦ ᠡᠮᠡᠭᠲᠡᠢᠢᠴᠦᠳ ᠦᠨ ᠣᠷᠣᠯᠴᠠᠭ᠎ᠠ ᠢᠢ ᠨᠡᠮᠡᠭᠳᠡᠭᠦᠯᠬᠦ ᠨᠢ》 ᠦᠨᠳᠦᠰᠦᠨ ᠦ ᠴᠢᠭᠤᠯᠭᠠᠨ ᠲᠥᠷᠥ ᠢᠢᠨ ᠣᠷᠳᠣᠨ ᠳᠤ ᠪᠣᠯᠵᠤ ᠪᠠᠢᠢᠨ᠎ᠠ᠃

ᠴᠢᠭᠤᠯᠭᠠᠨ ᠢᠶᠠᠷ ᠡᠳ᠋ ᠍ ᠦᠨ ᠵᠠᠰᠠᠭ ᠤᠨ ᠬᠥᠭ᠍ᠵᠢᠯ ᠳ᠋ᠦ ᠡᠮᠡᠭᠲᠡᠢᠢᠴᠦᠳ ᠦᠨ ᠣᠷᠣᠯᠴᠠᠭ᠎ᠠ᠂ ᠪᠣᠯᠤᠮᠵᠢ᠂ ᠳᠡᠮᠵᠢᠯᠭᠡ᠂ ᠣᠯᠠᠨ ᠤᠯᠤᠰ ᠤᠨ ᠲᠤᠷᠰᠢᠯᠭ᠎ᠠ᠂ ᠵᠧᠨᠳᠧᠷ ᠦᠨ ᠮᠡᠳᠡᠷᠡᠮᠵᠢ ᠲᠡᠢ ᠰᠠᠩᠬᠦᠦ ᠢᠢᠨ ᠰᠠᠯᠪᠤᠷᠢ᠂ ᠬᠠᠷᠢᠭᠤᠴᠠᠯᠭ᠎ᠠ ᠲᠠᠢ ᠪᠢᠽᠢᠨ᠋ᠧᠰ ᠦᠨ ᠪᠠᠢᠢᠭᠤᠯᠤᠯᠭ᠎ᠠ ᠢᠢ ᠬᠥᠭ᠍ᠵᠢᠭᠦᠯᠬᠦ᠂ ᠬᠥᠳᠡᠯᠮᠦᠷᠢ ᠡᠷᠬᠢᠯᠡᠯᠲᠡ᠂ ᠬᠦᠮᠦᠨ ᠦ ᠨᠥᠭᠡᠴᠡ ᠵᠡᠷᠭᠡ ᠢᠢᠨ ᠲᠠᠯ᠎ᠠ ᠪᠠᠷ ᠢᠯᠡᠳᠬᠡᠯ ᠰᠣᠨᠣᠰᠴᠤ᠂ ᠬᠡᠯᠡᠯᠴᠡᠬᠦ ᠶᠤᠮ᠃

ᠴᠢᠭᠤᠯᠭᠠᠨ ᠠᠴᠠ ᠡᠮᠡᠭᠲᠡᠢᠢᠴᠦᠳ ᠦᠨ ᠬᠥᠳᠡᠯᠮᠦᠷᠢ ᠡᠷᠬᠢᠯᠡᠯᠲᠡ᠂ ᠡᠳ᠋ ᠍ ᠦᠨ ᠵᠠᠰᠠᠭ ᠤᠨ ᠣᠷᠣᠯᠴᠠᠭ᠎ᠠ ᠢᠢ ᠨᠡᠮᠡᠭᠳᠡᠭᠦᠯᠬᠦ ᠴᠢᠭᠯᠡᠯ ᠢᠶᠡᠷ ᠣᠢᠢᠷ᠎ᠠ ᠢᠢᠨ ᠬᠤᠭᠤᠴᠠᠭᠠᠨ ᠳᠤ ᠠᠪᠴᠤ ᠬᠡᠷᠡᠭᠵᠢᠭᠦᠯᠬᠦ ᠠᠷᠭ᠎ᠠ ᠬᠡᠮᠵᠢᠶᠡᠨ ᠦ ᠲᠠᠯᠠᠭᠠᠷᠬᠢ ᠵᠥᠪᠯᠡᠮᠵᠢ ᠢᠢ ᠬᠣᠯᠪᠣᠭᠳᠠᠬᠤ ᠪᠠᠢᠢᠭᠤᠯᠤᠯᠭ᠎ᠠ ᠨᠤᠭᠤᠳ ᠲᠤ ᠬᠦᠷᠭᠡᠨ᠎ᠡ᠃

ᠨᠡᠢᠢᠰᠯᠡᠯ᠂ 21 ᠠᠢᠢᠮᠠᠭ᠂ ᠢᠷᠭᠡᠨ ᠦ ᠨᠡᠢᠢᠭᠡᠮ᠂ ᠬᠤᠪᠢ ᠤᠨ ᠬᠡᠪᠰᠢᠯ᠂ ᠣᠯᠠᠨ ᠤᠯᠤᠰ ᠤᠨ ᠪᠠᠢᠢᠭᠤᠯᠤᠯᠭ᠎ᠠ ᠢᠢᠨ ᠲᠥᠯᠥᠭᠡᠯᠡᠯ ᠪᠣᠯᠬᠤ 800 ᠭᠠᠷᠤᠢ ᠬᠦᠮᠦᠨ ᠤᠷᠤᠯᠴᠠᠬᠤ ᠴᠢᠭᠤᠯᠭᠠᠨ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠬᠥᠳᠡᠯᠮᠦᠷᠢ᠂ ᠨᠡᠢᠢᠭᠡᠮ ᠤᠨ ᠬᠠᠮᠠᠭᠠᠯᠠᠯ ᠤᠨ ᠶᠠᠮᠤᠨ᠂ ᠮᠣᠩ᠋ᠭᠣᠯ ᠤᠨ ᠦᠨᠳᠦᠰᠦᠨ ᠦ ᠬᠤᠳᠠᠯᠳᠤᠭ᠎ᠠ᠂ ᠠᠵᠤ ᠦᠢᠯᠡᠳᠪᠦᠷᠢ ᠢᠢᠨ ᠲᠠᠩᠬᠢᠮ᠂ ᠣᠯᠠᠨ ᠤᠯᠤᠰ ᠤᠨ ᠡᠮᠡᠭᠲᠡᠢᠢᠴᠦᠳ ᠦᠨ ᠬᠤᠳᠠᠯᠳᠤᠭ᠎ᠠ᠂ ᠠᠵᠤ ᠦᠢᠯᠡᠳᠪᠦᠷᠢ ᠢᠢᠨ ᠬᠣᠯᠪᠣᠭ᠎ᠠ᠂ ᠠᠽᠢ ᠢᠢᠨ ᠰᠠᠩ ᠬᠠᠮᠲᠤᠷᠠᠨ ᠵᠣᠬᠢᠶᠠᠨ ᠪᠠᠢᠢᠭᠤᠯᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠦᠨᠳᠦᠰᠦᠨ ᠦ ᠴᠢᠭᠤᠯᠭᠠᠨ ᠢ ᠨᠡᠭᠡᠭᠡᠵᠦ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃

《ᠡᠷᠬᠢᠮ ᠬᠦᠨᠳᠦᠳᠥ ᠪᠢᠽᠢᠨ᠋ᠧᠰ ᠡᠷᠬᠢᠯᠡᠭᠴᠢ᠂ ᠪᠠᠶᠠᠯᠢᠭ ᠪᠦᠲᠦᠭᠡᠭ᠍ᠴᠢ ᠡᠮᠡᠭᠲᠡᠢᠢᠴᠦᠳ ᠡ᠂

ᠡᠷᠬᠢᠮ ᠬᠦᠨᠳᠦᠳᠥ ᠵᠣᠴᠢᠳ ᠠ᠋᠂

ᠲᠠ ᠪᠦᠬᠦᠨ ᠳᠥ ᠡᠨᠡ ᠭᠡᠭᠡᠨ ᠰᠠᠢᠢᠬᠠᠨ ᠥᠷᠯᠥᠭᠡᠨ ᠦ ᠮᠡᠨᠳᠦ ᠢᠢ ᠡᠷᠭᠦᠨ ᠳᠡᠪᠰᠢᠭᠦᠯᠦᠶ᠎ᠡ᠃

ᠡᠮᠡᠭᠲᠡᠢ ᠪᠢᠽᠢᠨ᠋ᠧᠰ ᠡᠷᠬᠢᠯᠡᠭᠴᠢᠳ ᠦᠨ ᠦᠨᠳᠦᠰᠦᠨ ᠦ ᠴᠢᠭᠤᠯᠭᠠᠨ ᠴᠠᠷ᠎ ᠲᠠᠬᠤᠯ ᠤᠨ ᠳᠠᠪᠠᠯᠭ᠎ᠠ ᠪᠠᠨ ᠦᠷᠭᠦᠯᠵᠢᠯᠡᠵᠦ᠂ ᠣᠯᠠᠨ ᠤᠯᠤᠰ ᠤᠨ ᠬᠤᠷᠴᠠᠳᠠᠮᠠᠯ ᠪᠠᠢᠢᠳᠠᠯ᠂ ᠲᠡᠭᠡᠭᠡᠪᠦᠷᠢ ᠯᠣᠵᠢᠰᠲ᠋ᠢᠭ ᠤᠨ ᠰᠠᠭᠠᠲᠠᠯ᠎ᠠ᠂ ᠦᠨ᠎ᠡ ᠢᠢᠨ ᠥᠰᠦᠯᠲᠡ᠂ ᠠᠷᠠᠳ ᠢᠷᠭᠡᠳ ᠦᠨ ᠬᠤᠳᠠᠯᠳᠤᠨ ᠠᠪᠬᠤ ᠴᠢᠳᠠᠪᠤᠷᠢ ᠪᠠᠭᠤᠷᠠᠬᠤ ᠵᠡᠷᠭᠡ ᠤᠯᠤᠰ ᠲᠥᠷᠥ᠂ ᠨᠡᠢᠢᠭᠡᠮ᠂ ᠡᠳ᠋ ᠍ ᠦᠨ ᠵᠠᠰᠠᠭ ᠤᠨ ᠲᠤᠯᠭᠠᠮᠳᠠᠭᠰᠠᠨ ᠣᠯᠠᠨ ᠠᠰᠠᠭᠤᠳᠠᠯ ᠲᠠᠢ ᠨᠢᠭᠤᠷ ᠲᠤᠯᠤᠭᠰᠠᠨ ᠬᠦᠨᠳᠦᠬᠡᠨ ᠴᠠᠭ ᠦᠶ᠎ᠡ ᠳᠥ ᠪᠣᠯᠵᠤ ᠪᠠᠢᠢᠨ᠎ᠠ᠃

ᠡᠨᠡ ᠣᠨᠤᠴᠤᠭᠠᠢ ᠬᠦᠨᠳᠦᠷᠡᠯᠲᠡᠢ ᠣᠨ ᠵᠢᠯ ᠦᠳ ᠲᠥ ᠪᠢᠽᠢᠨ᠋ᠧᠰ ᠢᠶᠡᠨ ᠡᠷᠬᠢᠯᠡᠵᠦ᠂ ᠠᠵᠢᠯ ᠤᠨ ᠪᠠᠢᠢᠷᠢ ᠪᠠᠨ ᠬᠠᠳᠠᠭᠠᠯᠠᠨ᠂ ᠲᠥᠷᠥ ᠤᠯᠤᠰ ᠢᠶᠠᠨ ᠳᠡᠮᠵᠢᠵᠦ ᠢᠷᠡᠭᠰᠡᠨ ᠪᠢᠽᠢᠨ᠋ᠧᠰ ᠡᠷᠬᠢᠯᠡᠭᠴᠢ᠂ ᠪᠠᠶᠠᠯᠢᠭ ᠪᠦᠲᠦᠭᠡᠭ᠍ᠴᠢ᠂ ᠬᠥᠷᠥᠩ᠋ᠭᠡ ᠣᠷᠣᠭᠤᠯᠤᠭᠴᠢ ᠡᠮᠡᠭᠲᠡᠢᠢᠴᠦᠳ ᠲᠠ ᠪᠦᠬᠦᠨ ᠳᠥ ᠪᠡᠨ ᠮᠣᠩ᠋ᠭᠣᠯ ᠲᠥᠷᠥ ᠢᠢᠨ ᠨᠡᠷ᠎ᠡ ᠢᠢᠨ ᠡᠮᠦᠨ᠎ᠡ ᠡᠴᠡ ᠭᠦᠨ ᠲᠠᠯᠠᠷᠬᠠᠯ ᠢᠯᠡᠷᠬᠡᠢᠢᠯᠡᠶ᠎ᠡ᠃

ᠬᠦᠮᠦᠨ ᠲᠥᠷᠥᠯᠬᠢᠲᠡᠨ᠂ ᠳᠡᠯᠡᠬᠡᠢ ᠨᠡᠢᠢᠲᠡ ᠪᠡᠷ ᠢᠶᠡᠨ ᠴᠠᠷ ᠲᠠᠬᠤᠯ᠂ ᠭᠧᠣᠫᠣᠯᠢᠲ᠋ᠢᠺ ᠤᠨ ᠠᠮᠠᠷ ᠦᠭᠡᠢ ᠴᠠᠭ ᠦᠶ᠎ᠡ ᠢᠢ ᠬᠠᠮᠲᠤ ᠳᠤ ᠪᠠᠨ ᠲᠤᠭᠤᠯᠵᠤ ᠪᠠᠢᠢᠨ᠎ᠠ᠃

ᠢᠯᠠᠩ᠋ᠭᠤᠶ᠎ᠠ ᠮᠠᠨ ᠤ ᠬᠣᠢᠢᠳᠤ ᠬᠥᠷᠰᠢ ᠳᠠᠢᠢᠨ ᠤ ᠪᠠᠢᠢᠳᠠᠯ ᠲᠠᠢ᠂ ᠤᠯᠤᠰ ᠲᠥᠷᠥ᠂ ᠡᠳ᠋ ᠍ ᠦᠨ ᠵᠠᠰᠠᠭ ᠤᠨ ᠬᠦᠴᠥᠲᠡᠢ ᠬᠣᠷᠢᠭ᠂ ᠬᠢᠵᠠᠭᠠᠷᠯᠠᠯᠲᠠ ᠳᠤ ᠣᠷᠣᠭᠰᠠᠨ᠂ ᠤᠷᠳᠤ ᠬᠥᠷᠰᠢ ᠴᠠᠷ᠎ ᠲᠠᠬᠤᠯ ᠤᠨ ᠬᠢᠵᠠᠭᠠᠷᠯᠠᠯᠲᠠ ᠲᠠᠢ᠂ ᠤᠯᠤᠰ ᠲᠥᠷᠥ᠂ ᠭᠧᠣᠫᠣᠯᠢᠲ᠋ᠢᠺ ᠤᠨ ᠨᠡᠩ ᠡᠭᠡᠵᠢᠭᠲᠡᠢ᠂ ᠬᠤᠷᠴᠠᠳᠠᠮᠠᠯ ᠨᠥᠬᠥᠴᠡᠯ ᠪᠠᠢᠢᠳᠠᠯ ᠳᠤ ᠪᠠᠢᠢᠭ᠎ᠠ ᠢᠢ ᠲᠠ ᠪᠦᠬᠦᠨ ᠮᠡᠳᠡᠵᠦ ᠪᠠᠢᠢᠭ᠎ᠠ᠃

ᠪᠢᠳᠡᠨ ᠡᠴᠡ ᠦᠯᠦ ᠬᠠᠮᠢᠶᠠᠷᠬᠤ ᠭᠠᠳᠠᠭᠠᠳᠤ ᠨᠥᠬᠥᠴᠡᠯ ᠪᠠᠢᠢᠳᠠᠯ᠂ ᠲᠡᠭᠦᠨ ᠦ ᠰᠥᠷᠭᠦ ᠦᠷ᠎ᠡ ᠳᠠᠭᠠᠪᠤᠷᠢ᠂ ᠨᠥᠯᠥᠭᠡᠯᠡᠯ ᠮᠠᠨ ᠤ ᠤᠯᠤᠰ ᠤᠨ ᠡᠳ᠋ ᠍ ᠦᠨ ᠵᠠᠰᠠᠭ᠂ ᠠᠷᠠᠳ ᠲᠦᠮᠡᠨ ᠦ ᠠᠵᠤ ᠠᠮᠢᠳᠤᠷᠠᠯ᠂ ᠪᠢᠽᠢᠨ᠋ᠧᠰ ᠡᠷᠬᠢᠯᠡᠭᠴᠢᠳ ᠲᠥ ᠬᠦᠨᠳᠦ ᠪᠡᠷ ᠲᠤᠰᠴᠤ ᠪᠠᠢᠢᠨ᠎ᠠ᠃

ᠳᠡᠯᠡᠬᠡᠢ ᠨᠡᠢᠢᠲᠡ ᠢᠢ ᠬᠠᠮᠤᠷᠤᠭᠰᠠᠨ ᠴᠠᠷ᠎ ᠲᠠᠬᠤᠯ᠂ ᠳᠠᠢᠢᠨ ᠲᠤᠯᠤᠭᠠᠨ᠂ ᠵᠡᠪᠰᠡᠭᠲᠦ ᠮᠥᠷᠭᠥᠯᠳᠦᠭᠡᠨ᠂ ᠤᠯᠤᠰ ᠲᠥᠷᠥ᠂ ᠡᠳ᠋ ᠍ ᠦᠨ ᠵᠠᠰᠠᠭ ᠤᠨ ᠬᠢᠮᠤᠷᠠᠯᠳᠤ ᠪᠠᠢᠢᠳᠠᠯ ᠨᠢ ᠳᠡᠯᠡᠬᠡᠢ ᠢᠢᠨ ᠶᠡᠬᠡᠩᠬᠢ ᠤᠯᠤᠰ ᠲᠤ ᠪᠠᠷᠠᠭ᠎ᠠ᠂ ᠦᠢᠯᠡᠴᠢᠯᠡᠭᠡᠨ ᠦ ᠨᠡᠢᠢᠯᠡᠭᠦᠯᠦᠯᠲᠡ ᠢᠢ ᠳᠣᠭᠣᠯᠳᠠᠭᠤᠯᠵᠤ᠂ ᠦᠨ᠎ᠡ ᠢᠢᠨ ᠬᠥᠭᠡᠷᠭᠡᠳᠡᠯ ᠪᠤᠢ ᠪᠣᠯᠭᠠᠵᠤ᠂ ᠢᠨᠹᠯᠢᠶᠠᠼ ᠰᠡᠭᠦᠯ ᠦᠨ 10 ᠵᠢᠯ ᠳᠥ ᠪᠠᠢᠢᠭ᠎ᠠ ᠦᠭᠡᠢ ᠥᠨᠳᠥᠷ ᠲᠦᠪᠰᠢᠨ ᠳᠥ ᠬᠦᠷᠴᠦ ᠪᠠᠢᠢᠭ᠎ᠠ ᠨᠢ ᠡᠳ᠋ ᠍ ᠦᠨ ᠵᠠᠰᠠᠭ᠂ ᠳᠣᠲᠣᠭᠠᠳᠤ ᠠᠶᠤᠯ ᠦᠭᠡᠢ ᠪᠠᠢᠢᠳᠠᠯ ᠳᠤ ᠴᠤ ᠰᠥᠷᠭᠥ ᠪᠡᠷ ᠨᠥᠯᠦᠭᠡᠯᠡᠵᠦ ᠪᠠᠢᠢᠨ᠎ᠠ᠃

ᠲᠤᠬᠠᠢᠢᠯᠠᠪᠠᠯ᠂ ᠴᠠᠷ᠎ ᠲᠠᠬᠤᠯ᠂ ᠪᠥᠰᠡ ᠨᠤᠲᠤᠭ ᠤᠨ ᠭᠧᠣᠫᠣᠯᠢᠲ᠋ᠢᠺ ᠤᠨ ᠬᠤᠷᠴᠠᠳᠤᠮᠠᠯ ᠣᠷᠴᠢᠨ᠂ ᠬᠢᠯᠢ ᠪᠣᠭᠣᠮᠲᠠ ᠢᠢᠨ ᠨᠡᠪᠲᠡᠷᠡᠨ ᠥᠩ᠋ᠭᠡᠷᠡᠭᠦᠯᠬᠦ ᠴᠢᠳᠠᠪᠬᠢ ᠢᠢᠨ ᠰᠤᠯᠠ ᠪᠠᠢᠢᠳᠠᠯ ᠵᠡᠷᠭᠡ ᠨᠢ 2020 ᠣᠨ ᠤ ᠡᠬᠢᠨ ᠡᠴᠡ ᠮᠠᠨ ᠤ ᠤᠯᠤᠰ ᠤᠨ ᠡᠳ᠋ ᠍ ᠦᠨ ᠵᠠᠰᠠᠭ ᠲᠤ ᠬᠦᠨᠳᠦ ᠴᠣᠬᠢᠯᠲᠠ ᠥᠭᠴᠦ᠂ ᠠᠵᠢᠯᠭᠦᠢᠢᠳᠡᠯ ᠦᠨ ᠲᠦᠪᠰᠢᠨ 7.5 ᠬᠤᠪᠢ᠂ ᠶᠠᠳᠠᠭᠤᠷᠠᠯ ᠤᠨ ᠲᠦᠪᠰᠢᠨ 27.8 ᠬᠤᠪᠢ ᠲᠠᠢ ᠪᠣᠯᠤᠭᠠᠳ ᠪᠠᠢᠢᠨ᠎ᠠ᠃

ᠪᠠᠷᠠᠭ᠎ᠠ᠂ ᠦᠢᠯᠡᠴᠢᠯᠡᠭᠡᠨ ᠦ ᠦᠨ᠎ᠡ ᠢᠢᠨ ᠥᠰᠦᠯᠲᠡ ᠪᠤᠶᠤ ᠢᠨᠹᠯᠢᠶᠠᠼ ᠤᠨ ᠲᠦᠪᠰᠢᠨ ᠮᠠᠨ ᠤ ᠤᠯᠤᠰ ᠲᠤ ᠰᠡᠭᠦᠯ ᠦᠨ 13 ᠵᠢᠯ ᠳᠥ ᠪᠠᠢᠢᠭ᠎ᠠ ᠦᠭᠡᠢ ᠥᠨᠳᠥᠷ ᠲᠦᠪᠰᠢᠨ ᠳᠥ ᠬᠦᠷᠴᠦ᠂ ᠨᠡᠭᠦᠷᠡᠰᠦ ᠪᠣᠯᠤᠨ ᠪᠤᠰᠤᠳ ᠠᠭᠤᠯᠠ ᠠᠭᠤᠷᠬᠠᠢ ᠢᠢᠨ ᠪᠦᠲᠦᠭᠡᠭ᠍ᠳᠡᠬᠦᠨ ᠦ ᠡᠺᠰᠫᠣᠷᠲ ᠤᠨ ᠪᠡᠶᠡᠳᠦ ᠬᠡᠮᠵᠢᠶ᠎ᠡ ᠣᠭᠴᠣᠮ ᠪᠠᠭᠤᠷᠠᠭᠰᠠᠨ ᠠᠴᠠ ᠭᠠᠳᠠᠭᠠᠳᠤ ᠸᠠᠯᠤᠢᠲ᠋ ᠢᠢᠨ ᠤᠷᠤᠬᠤ ᠤᠷᠤᠰᠬᠠᠯ ᠪᠠᠭᠠᠰᠴᠤ᠂ ᠮᠣᠩ᠋ᠭᠣᠯ ᠲᠥᠭᠥᠷᠢᠭ᠌ ᠠᠮᠧᠷᠢᠺᠠ ᠳ᠋ᠣᠯᠯᠠᠷ ᠤᠨ ᠡᠰᠡᠷᠭᠥ ᠲᠣᠳᠣᠷᠬᠠᠢ ᠬᠡᠮᠵᠢᠶ᠎ᠡ ᠪᠡᠷ ᠰᠤᠯᠠᠷᠠᠬᠤ ᠰᠠᠭᠤᠷᠢ ᠰᠢᠯᠲᠠᠭᠠᠨ ᠪᠣᠯᠤᠯ᠎ᠠ᠃

ᠮᠥᠨ ᠲᠡᠭᠦᠨᠴᠢᠯᠡᠨ ᠣᠯᠠᠨ ᠤᠯᠤᠰ ᠤᠨ ᠪᠠᠢᠢᠭᠤᠯᠤᠯᠭ᠎ᠠ ᠨᠤᠭᠤᠳ ᠤᠨ ᠰᠤᠳᠤᠯᠭ᠎ᠠ ᠪᠠᠷ ᠴᠠᠷ᠎ ᠲᠠᠬᠤᠯ ᠤᠨ ᠡᠳ᠋ ᠍ ᠦᠨ ᠵᠠᠰᠠᠭ ᠲᠤ ᠦᠵᠡᠭᠦᠯᠦᠭᠰᠡᠨ ᠰᠥᠷᠭᠦ ᠨᠥᠯᠥᠭᠡ ᠮᠠᠨ ᠤ ᠪᠢᠽᠢᠨ᠋ᠧᠰ ᠡᠷᠬᠢᠯᠡᠭᠴᠢᠳ᠂ ᠲᠡᠷᠡ ᠳᠤᠮᠳᠠ ᠪᠠᠨ ᠡᠮᠡᠭᠲᠡᠢ ᠪᠢᠽᠢᠨ᠋ᠧᠰ ᠡᠷᠬᠢᠯᠡᠭᠴᠢᠳ ᠲᠥ ᠢᠯᠡᠭᠦᠦ ᠮᠡᠳᠡᠷᠡᠭᠳᠡᠭᠰᠡᠨ ᠭᠡᠰᠡᠨ ᠳ᠋ᠦᠩᠨᠡᠯᠲᠡ ᠭᠠᠷᠴᠠᠢ᠃

ᠮᠠᠨ ᠤ ᠤᠯᠤᠰ ᠡᠨᠡ ᠠᠮᠠᠷ ᠦᠭᠡᠢ ᠴᠠᠭ ᠦᠶ᠎ᠡ ᠢᠢ ᠬᠣᠬᠢᠷᠠᠯ ᠪᠠᠭ᠎ᠠ ᠲᠠᠢ ᠳᠠᠪᠠᠨ ᠲᠤᠭᠤᠯᠬᠤ᠂ ᠴᠢᠨᠠᠭᠰᠢᠯᠠᠭᠠᠳ ᠡᠳ᠋ ᠍ ᠦᠨ ᠵᠠᠰᠠᠭ ᠤᠨ ᠠᠶᠤᠯ ᠦᠭᠡᠢ ᠪᠠᠢᠢᠳᠠᠯ᠂ ᠲᠣᠭᠲᠠᠪᠤᠷᠢᠲᠠᠢ ᠬᠥᠭ᠍ᠵᠢᠯ ᠢ ᠬᠠᠩ᠋ᠭᠠᠨ ᠪᠡᠬᠢᠵᠢᠭᠦᠯᠬᠦ ᠢᠢᠨ ᠲᠥᠯᠥᠭᠡ ᠵᠣᠬᠢᠬᠤ ᠠᠷᠭ᠎ᠠ ᠬᠡᠮᠵᠢᠶ᠎ᠡ ᠨᠦᠭᠦᠳ ᠢ ᠱᠠᠲᠤ ᠳᠠᠷᠠᠭ᠎ᠠ ᠲᠠᠢ ᠠᠪᠴᠤ ᠬᠡᠷᠡᠭᠵᠢᠭᠦᠯᠵᠦ ᠢᠷᠡᠯ᠎ᠡ᠃

ᠲᠤᠬᠠᠢᠢᠯᠠᠪᠠᠯ᠂ ᠮᠣᠩ᠋ᠭᠣᠯ ᠤᠨ ᠬᠤᠳᠠᠯᠳᠤᠭ᠎ᠠ ᠠᠵᠤ ᠦᠢᠯᠡᠳᠪᠦᠷᠢ ᠢᠢᠨ ᠲᠠᠩᠬᠢᠮ ᠠᠴᠠ ᠬᠢᠭ᠍ᠰᠡᠨ ᠰᠤᠳᠤᠯᠭ᠎ᠠ ᠪᠠᠷ ᠴᠠᠷ᠎ ᠲᠠᠬᠤᠯ ᠤᠨ ᠦᠶ᠎ᠡ ᠳᠥ ᠠᠢᠢᠯ ᠡᠷᠦᠬᠡ᠂ ᠠᠵᠤ ᠠᠬᠤᠢ ᠢᠢᠨ ᠨᠢᠭᠡᠴᠡ ᠢᠢᠨ ᠴᠠᠬᠢᠯᠭᠠᠨ᠂ ᠳᠤᠯᠠᠭᠠᠨ᠂ ᠠᠭᠤᠷ ᠤᠰᠤ᠂ ᠬᠣᠭ ᠤᠨ ᠲᠥᠯᠥᠪᠦᠷᠢ ᠢᠢ ᠲᠥᠷᠥ ᠡᠴᠡ ᠬᠠᠷᠢᠭᠤᠴᠠᠭᠰᠠᠨ᠂ ᠲᠠᠲᠠᠪᠤᠷᠢ᠂ ᠨᠡᠢᠢᠭᠡᠮ ᠤᠨ ᠳᠠᠭᠠᠳᠬᠠᠯ ᠤᠨ ᠰᠢᠮᠡᠳᠭᠡᠯ᠂ ᠬᠡᠦᠬᠡᠳ ᠦᠨ ᠮᠥᠩ᠋ᠭᠥ ᠵᠡᠷᠭᠡ ᠵᠣᠬᠢᠬᠤ ᠳᠡᠮᠵᠢᠯᠭᠡ᠂ ᠬᠥᠩ᠋ᠭᠡᠯᠡᠯᠲᠡ᠂ ᠴᠢᠯᠦᠭᠡᠯᠡᠯᠲᠡ ᠦᠵᠡᠭᠦᠯᠦᠭᠰᠡᠨ᠂ ᠮᠥᠨ 《10 ᠶᠡᠬᠡ ᠨᠠᠶᠤᠳ》 ᠍ ᠤᠨ ᠴᠣᠭᠴᠠ ᠲᠥᠯᠦᠪᠯᠡᠭᠡᠨ ᠦ ᠬᠦᠷᠢᠶᠡᠨ ᠳᠥ ᠠᠵᠢᠯ ᠤᠨ ᠪᠠᠢᠢᠷᠢ ᠢᠢ ᠳᠡᠮᠵᠢᠬᠦ ᠳᠥ ᠵᠣᠷᠢᠭᠤᠯᠵᠤ 2 ᠶᠡᠬᠡ ᠨᠠᠶᠤᠳ ᠲᠥᠭᠥᠷᠢᠭ᠌ ᠦᠨ ᠵᠢᠭᠡᠯᠡ ᠣᠯᠭᠤᠵᠤ᠂ 100 ᠮᠢᠩ᠋ᠭ᠎ᠠ ᠭᠠᠷᠤᠢ ᠠᠵᠢᠯ ᠤᠨ ᠪᠠᠢᠢᠷᠢ ᠢᠢ ᠬᠠᠳᠠᠭᠠᠯᠠᠵᠤ ᠴᠢᠳᠠᠭᠰᠠᠨ ᠵᠡᠷᠭᠡ ᠨᠢ ᠠᠷᠠᠳ ᠢᠷᠭᠡᠳ᠂ ᠪᠢᠽᠢᠨ᠋ᠧᠰ ᠡᠷᠬᠢᠯᠡᠭᠴᠢᠳ ᠲᠥ ᠴᠢᠬᠤᠯᠠ ᠳᠡᠮᠵᠢᠯᠭᠡ ᠪᠣᠯᠤᠭᠰᠠᠨ ᠭᠡᠵᠦ ᠦᠵᠡᠵᠡᠢ᠃

ᠡᠭᠦᠨ ᠦ ᠵᠡᠷᠭᠡᠴᠡᠭᠡ ᠲᠥᠷᠥ᠂ ᠵᠠᠰᠠᠭ ᠤᠨ ᠵᠦᠭ ᠡᠴᠡ ᠬᠤᠪᠢ ᠤᠨ ᠬᠡᠪᠰᠢᠯ᠂ ᠪᠢᠽᠢᠨ᠋ᠧᠰ ᠡᠷᠬᠢᠯᠡᠭᠴᠢᠳ᠂ ᠪᠠᠶᠠᠯᠢᠭ ᠪᠦᠲᠦᠭᠡᠭ᠍ᠴᠢᠳ ᠢᠶᠡᠨ ᠪᠦᠬᠦ ᠲᠠᠯ᠎ᠠ ᠪᠠᠷ ᠳᠡᠮᠵᠢᠨ ᠬᠠᠮᠲᠤᠷᠠᠨ ᠠᠵᠢᠯᠯᠠᠬᠤ ᠴᠢᠭᠯᠡᠯ ᠢᠶᠡᠷ ᠣᠯᠠᠨ ᠲᠠᠯᠠᠲᠤ ᠠᠭᠤᠯᠵᠠᠯᠲᠠ᠂ ᠴᠢᠭᠤᠯᠭᠠᠨ᠂ ᠵᠥᠪᠯᠡᠭᠡᠨ᠂ ᠰᠤᠷᠭᠠᠯᠲᠠ᠂ ᠰᠧᠮᠢᠨᠠᠷ ᠵᠣᠬᠢᠶᠠᠨ ᠪᠠᠢᠢᠭᠤᠯᠵᠤ᠂ ᠲᠡᠳᠡᠨ ᠦ ᠪᠡᠨ ᠰᠠᠨᠠᠭ᠎ᠠ ᠪᠣᠳᠣᠯ ᠢ ᠰᠣᠨᠣᠰᠴᠤ᠂ ᠰᠠᠨᠠᠯ ᠰᠠᠨᠠᠭᠠᠴᠢᠯᠠᠭ᠎ᠠ ᠢᠢ ᠨᠢ ᠠᠵᠢᠯ ᠬᠡᠷᠡᠭ ᠪᠣᠯᠭᠠᠬᠤ ᠪᠠᠷ ᠵᠣᠷᠢᠵᠤ ᠪᠠᠢᠢᠭ᠎ᠠ ᠨᠢ ᠲᠥᠷᠥ᠂ ᠬᠤᠪᠢ ᠤᠨ ᠬᠡᠪᠰᠢᠯ ᠦᠨ ᠲᠦᠩᠰᠢᠯᠡᠯ ᠢ ᠰᠢᠨ᠎ᠡ ᠱᠠᠲᠤᠨ ᠳᠤ ᠭᠠᠷᠭᠠᠵᠤ᠂ ᠬᠠᠮᠲᠤ ᠢᠢᠨ ᠠᠵᠢᠯᠯᠠᠭ᠎ᠠ ᠢᠢ ᠪᠡᠬᠢᠵᠢᠭᠦᠯᠬᠦ ᠳᠥ ᠵᠣᠬᠢᠬᠤ ᠦᠷ᠎ᠡ ᠳ᠋ᠦᠩ᠋ ᠪᠡᠨ ᠥᠭ᠍ᠭᠦᠨ᠎ᠡ ᠭᠡᠳᠡᠭ ᠲᠥ ᠢᠲᠡᠭᠡᠵᠦ ᠪᠠᠢᠢᠨ᠎ᠠ᠃

ᠲᠤᠬᠠᠢᠢᠯᠠᠪᠠᠯ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ ᠥᠩ᠋ᠭᠡᠷᠡᠭᠰᠡᠨ ᠣᠨ ᠤ 9 ᠳ᠋ᠦᠭᠡᠷ ᠰᠠᠷ᠎ᠠ ᠳᠤ 《ᠲᠥᠷᠥ᠂ ᠬᠤᠪᠢ ᠤᠨ ᠬᠡᠪᠰᠢᠯ ᠦᠨ ᠵᠥᠪᠯᠡᠯᠳᠦᠬᠦ ᠠᠭᠤᠯᠵᠠᠯᠲᠠ》᠂ ᠡᠨᠡ ᠣᠨ ᠤ 05 ᠳ᠋ᠤᠭᠠᠷ ᠰᠠᠷ᠎ᠠ ᠳᠤ 《ᠪᠢᠽᠢᠨ᠋ᠧᠰ ᠪᠠ ᠡᠮᠡᠭᠲᠡᠢᠢᠴᠦᠳ》 ᠵᠥᠪᠯᠡᠭᠡᠨ᠂ ᠶᠡᠷᠦᠩᠬᠡᠢ ᠰᠠᠢᠢᠳ ᠤᠨ ᠢᠪᠡᠭᠡᠯ ᠳ᠋ᠣᠷ᠎《ᠮᠣᠩ᠋ᠭᠣᠯ ᠤᠨ ᠡᠳ᠋ ᠍ ᠦᠨ ᠵᠠᠰᠠᠭ ᠤᠨ ᠹᠣᠷᠣᠮ》 ᠵᠡᠷᠭᠡ ᠲᠣᠮᠣᠬᠠᠨ ᠠᠷᠭ᠎ᠠ ᠬᠡᠮᠵᠢᠶ᠎ᠡ ᠢᠢ ᠵᠣᠬᠢᠶᠠᠨ ᠪᠠᠢᠢᠭᠤᠯᠤᠯ᠎ᠠ᠃

ᠡᠨᠡ ᠬᠦᠷᠢᠶᠡᠨ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ 《ᠲᠡᠷᠪᠤᠮ ᠮᠣᠳᠣ》᠂ 《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》᠂ 《ᠡᠷᠡᠭᠦᠯ ᠮᠣᠩ᠋ᠭᠣᠯ ᠬᠦᠮᠦᠨ》 ᠵᠡᠷᠭᠡ ᠦᠨᠳᠦᠰᠦᠨ ᠦ ᠬᠥᠳᠡᠯᠭᠡᠭᠡᠨ ᠨᠦᠭᠦᠳ ᠢ ᠤᠯᠤᠰ ᠣᠷᠣᠨ ᠳᠠᠶᠠᠭᠠᠷ ᠬᠡᠷᠡᠭᠵᠢᠭᠦᠯᠵᠦ ᠪᠠᠢᠢᠭ᠎ᠠ ᠢᠢ ᠲᠠ ᠪᠦᠬᠦᠨ ᠮᠡᠳᠡᠵᠦ ᠪᠠᠢᠢᠭ᠎ᠠ᠃

ᠦᠨᠳᠦᠰᠦᠨ ᠦ ᠬᠥᠳᠡᠯᠭᠡᠭᠡᠨ ᠨᠦᠭᠦᠳ ᠨᠢ ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ ᠲᠡᠢ ᠲᠡᠮᠡᠴᠡᠬᠦ᠂ ᠬᠥᠳᠡᠭᠡ ᠠᠵᠤ ᠠᠬᠤᠢ ᠢᠢ ᠬᠥᠭ᠍ᠵᠢᠭᠦᠯᠬᠦ᠂ ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ ᠢ ᠰᠠᠢᠢᠵᠢᠷᠠᠭᠤᠯᠬᠤ᠂ ᠠᠵᠤ ᠦᠢᠯᠡᠳᠪᠦᠷᠢᠵᠢᠯᠲᠡ ᠢᠢ ᠰᠡᠷᠭᠦᠭᠡᠨ ᠬᠥᠭ᠍ᠵᠢᠭᠦᠯᠬᠦ᠂ ᠤᠯᠠᠮ ᠢᠶᠠᠷ ᠠᠵᠢᠯ ᠤᠨ ᠪᠠᠢᠢᠷᠢ ᠢᠢ ᠨᠡᠮᠡᠭᠳᠡᠭᠦᠯᠬᠦ᠂ ᠶᠠᠳᠠᠭᠤᠷᠠᠯ ᠢ ᠪᠠᠭᠤᠷᠠᠭᠤᠯᠬᠤ᠂ ᠢᠷᠭᠡᠳ ᠦᠨ ᠡᠷᠡᠭᠦᠯ᠂ ᠠᠶᠤᠯ ᠦᠭᠡᠢ ᠠᠮᠢᠳᠤᠷᠠᠬᠤ ᠣᠷᠴᠢᠨ ᠢ ᠪᠤᠢ ᠪᠣᠯᠭᠠᠬᠤ ᠵᠡᠷᠭᠡ ᠤᠯᠤᠰ ᠣᠷᠣᠨ ᠤ ᠲᠣᠭᠲᠠᠪᠤᠷᠢᠲᠠᠢ ᠬᠥᠭ᠍ᠵᠢᠯ ᠢ ᠬᠠᠩ᠋ᠭᠠᠬᠤ ᠳᠤ ᠴᠢᠭᠯᠡᠭᠳᠡᠭᠰᠡᠨ ᠡᠶᠡᠷᠭᠦ ᠣᠯᠠᠨ ᠦᠷ᠎ᠡ ᠳ᠋ᠦᠩ ᠠᠪᠴᠢᠷᠠᠨ᠎ᠠ ᠭᠡᠵᠦ ᠲᠣᠭᠠᠴᠠᠵᠤ ᠪᠠᠢᠢᠨ᠎ᠠ᠃

ᠮᠥᠨ ᠤᠯᠤᠰ ᠤᠨ ᠶᠡᠬᠡ ᠬᠤᠷᠠᠯ ᠠᠴᠠ ᠵᠥᠪᠰᠢᠶᠡᠷᠡᠯ ᠦᠨ ᠲᠤᠬᠠᠢ᠂ ᠵᠥᠪᠰᠢᠶᠡᠷᠡᠯ ᠦᠨ ᠵᠢᠭᠰᠠᠭᠠᠯᠲᠠ ᠪᠠᠲᠤᠯᠠᠬᠤ ᠲᠤᠬᠠᠢ ᠬᠠᠤᠯᠢ ᠢᠢ ᠪᠠᠲᠤᠯᠠᠨ ᠭᠠᠷᠭᠠᠵᠤ᠂ ᠲᠥᠷᠥ ᠡᠴᠡ ᠣᠯᠭᠤᠳᠠᠭ ᠵᠥᠪᠰᠢᠶᠡᠷᠡᠯ ᠦᠨ ᠲᠣᠭ᠎ᠠ ᠢᠢ ᠲᠠᠪᠤ ᠳᠠᠬᠢᠨ ᠴᠥᠭᠡᠯᠡᠭᠰᠡᠨ ᠦ ᠵᠡᠷᠭᠡᠴᠡᠭᠡ ᠵᠠᠰᠠᠭ ᠤᠨ ᠭᠠᠵᠠᠷ ᠠᠴᠠ ᠲᠥᠷᠥ᠂ ᠬᠤᠪᠢ ᠤᠨ ᠬᠡᠪᠰᠢᠯ ᠦᠨ ᠲᠦᠩᠰᠢᠯᠡᠯ ᠦᠨ ᠲᠤᠬᠠᠢ ᠬᠠᠤᠯᠢ ᠢᠢᠨ ᠲᠥᠰᠥᠯ ᠢ ᠪᠣᠯᠪᠠᠰᠤᠷᠠᠭᠤᠯᠵᠤ᠂ ᠤᠯᠤᠰ ᠤᠨ ᠶᠡᠬᠡ ᠬᠤᠷᠠᠯ ᠳᠤ ᠥᠷᠭᠡᠨ ᠮᠡᠳᠡᠭᠦᠯᠦᠭᠡᠳ ᠪᠠᠢᠢᠭ᠎ᠠ ᠪᠥᠭᠡᠳ 《ᠰᠢᠨ᠎ᠡ ᠰᠡᠷᠭᠦᠯᠲᠡ ᠢᠢᠨ ᠪᠣᠳᠣᠯᠭ᠎ᠠ》 ᠍ ᠤᠨ ᠬᠦᠷᠢᠶᠡᠨ ᠳᠥ 94 ᠬᠥᠭ᠍ᠵᠢᠯ ᠦᠨ ᠲᠥᠰᠥᠯ᠂ ᠬᠥᠲᠥᠯᠪᠦᠷᠢ ᠢᠢ ᠬᠤᠪᠢ ᠤᠨ ᠬᠡᠪᠰᠢᠯ᠂ ᠪᠠᠶᠠᠯᠢᠭ ᠪᠦᠲᠦᠭᠡᠭ᠍ᠴᠢᠳ ᠲᠡᠢ ᠪᠡᠨ ᠬᠠᠮᠲᠤᠷᠠᠨ ᠬᠡᠷᠡᠭᠵᠢᠭᠦᠯᠬᠦ ᠪᠡᠷ ᠠᠵᠢᠯᠯᠠᠵᠤ ᠪᠠᠢᠢᠨ᠎ᠠ᠃

ᠬᠡᠳᠦᠢ ᠪᠡᠷ ᠲᠣᠳᠣᠷᠬᠠᠢ ᠦᠷ᠎ᠡ ᠳ᠋ᠦᠩ᠂ ᠠᠬᠢᠴᠠ ᠳᠡᠪᠰᠢᠯ ᠭᠠᠷᠴᠤ ᠪᠠᠢᠢᠭ᠎ᠠ ᠬᠡᠳᠦᠢ ᠴᠤ ᠪᠦᠬᠦ ᠵᠦᠢᠯ ᠰᠠᠢᠢᠨ ᠰᠠᠢᠢᠬᠠᠨ ᠪᠣᠯᠴᠢᠭᠰᠠᠨ ᠭᠡᠰᠡᠨ ᠦᠭᠡ ᠪᠢᠰᠢ ᠡ᠃ ᠪᠢᠳᠡ ᠠᠮᠵᠢᠯᠲᠠ ᠪᠦᠲᠦᠭᠡᠯ ᠢᠶᠡᠨ ᠪᠠᠲᠤᠳᠬᠠᠵᠤ᠂ ᠠᠯᠳᠠᠭ᠎ᠠ ᠳᠤᠲᠠᠭᠳᠠᠯ ᠢᠶᠠᠨ ᠵᠠᠰᠠᠵᠤ ᠰᠠᠢᠢᠵᠢᠷᠠᠭᠤᠯᠬᠤ ᠱᠠᠭᠠᠷᠳᠠᠯᠭ᠎ᠠ ᠲᠠᠢ ᠪᠠᠢᠢᠨ᠎ᠠ᠃

ᠥᠨᠥᠳᠥᠷ ᠦᠨ ᠦᠨᠳᠦᠰᠦᠨ ᠦ ᠴᠢᠭᠤᠯᠭᠠᠨ ᠴᠤ ᠭᠡᠰᠡᠨ ᠤᠯᠤᠰ ᠣᠷᠣᠨ ᠤ ᠬᠥᠭ᠍ᠵᠢᠯ ᠳᠡᠪᠰᠢᠯ ᠳᠥ ᠪᠠᠶᠠᠯᠢᠭ ᠪᠦᠲᠦᠭᠡᠭ᠍ᠴᠢ᠂ ᠪᠢᠽᠢᠨ᠋ᠧᠰ ᠡᠷᠬᠢᠯᠡᠭᠴᠢ ᠡᠮᠡᠭᠲᠡᠢᠢᠴᠦᠳ ᠦᠨ ᠢᠶᠡᠨ ᠣᠷᠣᠯᠴᠠᠭ᠎ᠠ ᠢᠢ ᠨᠡᠮᠡᠭᠳᠡᠭᠦᠯᠬᠦ᠂ ᠲᠠ ᠪᠦᠬᠦᠨ ᠦ ᠡᠮᠦᠨ᠎ᠡ ᠲᠤᠯᠭᠠᠷᠠᠵᠤ ᠪᠤᠢ ᠬᠦᠨᠳᠦᠷᠡᠯ ᠪᠡᠷᠬᠡᠰᠢᠶᠡᠯ ᠢ ᠬᠠᠮᠲᠤ ᠳᠤ ᠪᠠᠨ ᠰᠢᠢᠳᠪᠦᠷᠢᠯᠡᠬᠦ ᠳᠥ ᠵᠣᠬᠢᠬᠤ ᠠᠯᠬᠤᠮ ᠪᠣᠯᠤᠨ᠎ᠠ ᠭᠡᠵᠦ ᠲᠥᠷᠥ ᠢᠢᠨ ᠲᠡᠷᠢᠭᠦᠨ ᠦᠵᠡᠵᠦ ᠪᠠᠢᠢᠨ᠎ᠠ᠃

ᠡᠷᠬᠢᠮ ᠪᠠᠶᠠᠯᠢᠭ ᠪᠦᠲᠦᠭᠡᠭ᠍ᠴᠢᠳ ᠡ᠂

ᠮᠣᠩ᠋ᠭᠣᠯ ᠤᠯᠤᠰ ᠤᠨ ᠶᠡᠷᠦᠩᠬᠡᠢᠢᠯᠡᠭᠴᠢ 《100 ᠵᠢᠯ – 10 ᠵᠣᠷᠢᠯᠲᠠ》 ᠬᠥᠭ᠍ᠵᠢᠯ ᠦᠨ ᠰᠠᠨᠠᠭᠠᠴᠢᠯᠠᠭ᠎ᠠ ᠢᠢ ᠳᠡᠪᠰᠢᠭᠦᠯᠦᠭᠰᠡᠨ ᠪᠥᠭᠡᠳ ᠤᠭ ᠵᠣᠷᠢᠯᠲᠠ ᠢᠢ ᠬᠠᠩ᠋ᠭᠠᠨ ᠬᠡᠷᠡᠭᠵᠢᠭᠦᠯᠬᠦ ᠳᠥ ᠲᠥᠷᠥ᠂ ᠬᠤᠪᠢ ᠤᠨ ᠬᠡᠪᠰᠢᠯ ᠦᠨ ᠬᠠᠮᠲᠤ ᠢᠢᠨ ᠠᠵᠢᠯᠯᠠᠭ᠎ᠠ᠂ ᠦᠷ᠎ᠡ ᠳ᠋ᠦᠩ ᠲᠡᠢ ᠲᠦᠩᠰᠢᠯᠡᠯ ᠴᠢᠬᠤᠯᠠ ᠡᠭᠦᠷᠭᠡ ᠭᠦᠢᠴᠡᠳᠭᠡᠨ᠎ᠡ᠃

ᠤᠯᠤᠰ ᠣᠷᠣᠨ ᠢᠶᠠᠨ ᠬᠥᠭ᠍ᠵᠢᠭᠦᠯᠵᠦ᠂ ᠬᠦᠴᠦᠷᠬᠡᠭ᠌ ᠮᠣᠩ᠋ᠭᠣᠯ ᠤᠯᠤᠰ ᠪᠣᠯᠬᠤ ᠳᠤ ᠳᠠᠷᠠᠭᠠᠬᠢ ᠵᠣᠷᠢᠯᠲᠠ ᠨᠤᠭᠤᠳ ᠢ ᠬᠡᠷᠡᠭᠵᠢᠭᠦᠯᠬᠦ ᠵᠠᠢᠢᠯᠠᠰᠢ ᠦᠭᠡᠢ ᠱᠠᠭᠠᠷᠳᠠᠯᠭ᠎ᠠ ᠲᠠᠢ ᠪᠠᠢᠢᠨ᠎ᠠ᠃ ᠡᠭᠦᠨ ᠳᠥ᠄

ᠡᠬᠡ ᠣᠷᠣᠨ ᠢᠶᠠᠨ ᠡᠷᠴᠢᠮ ᠬᠦᠴᠦᠨ ᠦ ᠨᠠᠢᠢᠳᠠᠪᠤᠷᠢᠲᠠᠢ ᠡᠬᠡ ᠡᠭᠦᠰᠪᠦᠷᠢ ᠪᠡᠷ ᠬᠠᠩ᠋ᠭᠠᠵᠤ᠂ ᠴᠠᠭᠠᠰᠢᠯᠠᠪᠠᠯ ᠡᠷᠴᠢᠮ ᠬᠦᠴᠦ ᠡᠺᠰᠫᠣᠷᠲ᠋ᠯᠤᠭᠴᠢ ᠤᠯᠤᠰ ᠪᠣᠯᠬᠤ;

ᠭᠠᠵᠠᠷ ᠤᠨ ᠲᠣᠰᠤᠨ ᠤ ᠪᠦᠲᠦᠭᠡᠭ᠍ᠳᠡᠬᠦᠨ᠂ ᠲᠦᠯᠡᠰᠢ ᠰᠢᠲᠠᠬᠤᠨ ᠢᠶᠠᠨ ᠡᠬᠡ ᠣᠷᠣᠨ ᠳᠤ ᠪᠠᠨ ᠦᠢᠯᠡᠳᠪᠦᠷᠢᠯᠡᠵᠦ᠂ ᠨᠧᠹᠲ ᠬᠢᠮᠢ ᠢᠢᠨ ᠠᠵᠤ ᠦᠢᠯᠡᠳᠪᠦᠷᠢᠯᠡᠯ ᠢ ᠬᠥᠭ᠍ᠵᠢᠭᠦᠯᠬᠦ;

ᠬᠦᠨᠡᠰᠦᠨ ᠦ ᠪᠦᠲᠦᠭᠡᠭ᠍ᠳᠡᠬᠦᠨ ᠢᠶᠡᠷ ᠳᠣᠲᠣᠭᠠᠳᠤ ᠢᠢᠨ ᠬᠡᠷᠡᠭᠴᠡᠭᠡ ᠪᠡᠨ ᠪᠦᠷᠢᠨ ᠬᠠᠩ᠋ᠭᠠᠵᠤ᠂ ᠮᠠᠯ ᠠᠵᠤ ᠠᠬᠤᠢ᠂ ᠭᠠᠵᠠᠷ ᠲᠠᠷᠢᠶᠠᠯᠠᠩ ᠢ ᠪᠠᠨ ᠡᠷᠴᠢᠮᠵᠢᠭᠦᠯᠦᠨ ᠬᠥᠭ᠍ᠵᠢᠭᠦᠯᠵᠦ᠂ ᠪᠥᠰᠡ ᠨᠤᠲᠤᠭ ᠲᠤ ᠪᠠᠨ ᠣᠷᠭᠠᠨᠢᠭ ᠬᠦᠨᠡᠰᠦ ᠡᠺᠰᠫᠣᠷᠲ᠋ᠯᠤᠭᠴᠢ ᠣᠷᠣᠨ ᠪᠣᠯᠬᠤ;

ᠬᠦᠨᠳᠦ᠂ ᠬᠥᠩ᠋ᠭᠡᠨ ᠦᠢᠯᠡᠳᠪᠦᠷᠢ ᠨᠦᠭᠦᠳ ᠪᠠᠷᠢᠵᠤ᠂ ᠠᠯᠲᠠ᠂ ᠵᠡᠰ᠂ ᠲᠡᠮᠦᠷ᠂ ᠨᠡᠭᠦᠷᠡᠰᠦ ᠪᠣᠯᠤᠨ ᠪᠤᠰᠤᠳ ᠪᠠᠢᠢᠭᠠᠯᠢ ᠤᠨ ᠪᠠᠶᠠᠯᠢᠭ᠂ ᠮᠠᠯ ᠤᠨ ᠭᠠᠷᠤᠯ ᠲᠠᠢ ᠲᠦᠭᠦᠬᠡᠢ ᠡᠳ᠋ ᠍ ᠢᠶᠡᠨ ᠡᠴᠦᠰ ᠦᠨ ᠪᠦᠲᠦᠭᠡᠭ᠍ᠳᠡᠬᠦᠨ ᠪᠣᠯᠭᠠᠨ ᠪᠣᠯᠪᠠᠰᠤᠷᠠᠭᠤᠯᠳᠠᠭ ᠠᠵᠤ ᠦᠢᠯᠡᠳᠪᠦᠷᠵᠢᠭᠰᠡᠨ ᠡᠺᠰᠫᠣᠷᠲ᠋ᠯᠤᠭᠴᠢ ᠣᠷᠣᠨ ᠪᠣᠯᠬᠤ;

ᠠᠦ᠋ᠲ᠋ᠣ᠋ ᠵᠠᠮ᠂ ᠲᠡᠮᠦᠷ ᠵᠠᠮ᠂ ᠠᠭᠠᠷ ᠤᠨ ᠲᠡᠭᠡᠭᠡᠪᠦᠷᠢ᠂ ᠪᠠᠢᠢᠭᠠᠯᠢ ᠤᠨ ᠬᠡᠢ ᠢᠢᠨ ᠬᠣᠭᠣᠯᠠᠢ ᠵᠡᠷᠭᠡ ᠳᠡᠳ᠋ ᠪᠦᠲᠦᠴᠡ ᠢᠢᠨ ᠦᠨᠳᠦᠰᠦᠨ ᠦ ᠰᠦᠯᠵᠢᠶ᠎ᠡ ᠪᠠᠢᠢᠭᠤᠯᠤᠨ᠂ ᠬᠡᠪᠲᠡᠭᠡ ᠪᠣᠯᠤᠨ ᠪᠣᠰᠤᠭ᠎ᠠ ᠲᠡᠩᠬᠡᠯᠢᠭ᠌ ᠢ ᠬᠣᠯᠪᠣᠭᠰᠠᠨ ᠲᠡᠭᠡᠭᠡᠪᠦᠷᠢ ᠯᠣᠵᠢᠰᠲ᠋ᠢᠭ ᠤᠨ ᠨᠢᠭᠡᠳᠦᠭᠰᠡᠨ ᠰᠦᠯᠵᠢᠶ᠎ᠡ ᠪᠤᠢ ᠪᠣᠯᠭᠠᠵᠤ᠂ ᠣᠯᠠᠨ ᠤᠯᠤᠰ ᠤᠨ ᠪᠣᠯᠤᠨ ᠪᠥᠰᠡ ᠨᠤᠲᠤᠭ ᠤᠨ ᠰᠦᠯᠵᠢᠶᠡᠨ ᠳᠥ ᠬᠤᠯᠪᠤᠬᠤ ᠵᠠᠮ ᠢᠶᠠᠷ 《ᠲᠷᠠᠨᠽᠢᠳ᠋᠋ ᠮᠣᠩ᠋ᠭᠣᠯ ᠤᠯᠤᠰ》 ᠪᠣᠯᠬᠤ;

ᠠᠵᠤ ᠦᠢᠯᠡᠳᠪᠦᠷᠢ ᠢᠢᠨ 4 ᠳ᠋ᠦᠭᠡᠷ ᠬᠤᠪᠢᠰᠬᠠᠯ ᠤᠨ ᠴᠥᠮ ᠲᠧᠭᠨᠣᠯᠣᠭᠢ ᠪᠣᠯᠬᠤ ᠬᠢᠮᠡᠯ ᠣᠶᠤᠨ ᠤᠬᠠᠭᠠᠨ᠂ ᠪᠯᠣᠺᠴᠡᠢᠢᠨ᠂ ᠷᠣᠪᠣᠳ᠋᠂ ᠶᠠᠭᠤᠮᠠᠰ ᠤᠨ ᠢᠨᠲ᠋ᠧᠷᠨᠡᠲ᠂ ᠶᠡᠬᠡ ᠥᠭ᠍ᠭᠥᠭ᠍ᠳᠡᠯ ᠢ ᠨᠡᠪᠲᠡᠷᠡᠭᠦᠯᠵᠦ᠂ ᠢᠨᠨᠣᠸᠠᠼ ᠰᠢᠩ᠋ᠭᠡᠭ᠍ᠰᠡᠨ ᠦᠢᠯᠡᠳᠪᠦᠷᠢᠯᠡᠯ ᠢ ᠬᠥᠭ᠍ᠵᠢᠭᠦᠯᠦᠨ ᠴᠠᠬᠢᠮ ᠦᠨᠳᠦᠰᠦᠲᠡᠨ᠂ ᠳ᠋ᠢᠵᠢᠲᠠᠯ᠎ ᠮᠣᠩ᠋ᠭᠣᠯ ᠪᠣᠯᠬᠤ;

ᠤᠨᠠᠭᠠᠨ ᠪᠠᠢᠢᠭᠠᠯᠢ᠂ ᠨᠡᠭᠦᠳᠡᠯᠴᠢᠳ ᠦᠨ ᠥᠪ ᠰᠤᠶᠤᠯ᠂ ᠵᠠᠩ ᠵᠠᠩᠰᠢᠯ᠂ ᠲᠡᠦᠬᠡ᠂ ᠤᠯᠠᠮᠵᠢᠯᠠᠯ ᠳᠤ ᠲᠦᠰᠢᠭᠯᠡᠭᠰᠡᠨ ᠰᠤᠶᠤᠯ ᠤᠨ ᠪᠦᠲᠦᠭᠡᠯᠴᠢ ᠦᠢᠯᠡᠳᠪᠦᠷᠢᠯᠡᠯ᠂ ᠲᠡᠦᠬᠡᠨ ᠪᠣᠯᠤᠨ ᠪᠠᠢᠢᠭᠠᠯᠢ ᠤᠨ ᠠᠶᠠᠯᠠᠯ ᠵᠢᠭᠤᠯᠴᠢᠯᠠᠯ ᠢ ᠬᠥᠭ᠍ᠵᠢᠭᠦᠯᠦᠨ᠂ ᠡᠳ᠋ ᠍ ᠦᠨ ᠵᠠᠰᠠᠭ ᠤᠨ ᠲᠡᠷᠢᠭᠦᠯᠡᠬᠦ ᠰᠠᠯᠪᠤᠷᠢ ᠪᠣᠯᠭᠠᠬᠤ;

ᠪᠠᠩᠬᠢ᠂ ᠰᠠᠩᠬᠦᠦ ᠢᠢᠨ ᠪᠣᠯᠤᠨ ᠬᠥᠷᠥᠩ᠋ᠭᠡ ᠢᠢᠨ ᠵᠠᠬ᠎ᠠ ᠵᠡᠭᠡᠯᠢ ᠢᠢ ᠬᠥᠭ᠍ᠵᠢᠭᠦᠯᠵᠦ᠂ ᠤᠬᠠᠭᠠᠯᠢᠭ ᠰᠢᠰᠲ᠋ᠧᠮ ᠢ ᠨᠡᠪᠲᠡᠷᠡᠭᠦᠯᠦᠨ᠂ ᠣᠯᠠᠨ ᠤᠯᠤᠰ ᠤᠨ ᠬᠤᠳᠠᠯᠳᠤᠭ᠎ᠠ᠂ ᠬᠥᠷᠥᠩ᠋ᠭᠡ ᠣᠷᠣᠭᠤᠯᠤᠯᠲᠠ ᠢᠢᠨ ᠢᠳᠡᠪᠬᠢᠲᠡᠢ ᠲᠣᠭᠯᠠᠭᠴᠢ ᠪᠣᠯᠵᠤ᠂ ᠮᠣᠩ᠋ᠭᠣᠯ ᠤᠯᠤᠰ ᠪᠥᠰᠡ ᠨᠤᠲᠤᠭ ᠤᠨ ᠰᠠᠩᠬᠦᠦ᠂ ᠬᠥᠷᠥᠩ᠋ᠭᠡ ᠣᠷᠣᠭᠤᠯᠤᠯᠲᠠ ᠢᠢᠨ ᠰᠢᠨ᠎ᠡ ᠲᠥᠪ ᠪᠣᠯᠬᠤ;

ᠣᠷᠣᠨ ᠵᠠᠢ ᠢᠢᠨ ᠣᠨᠣᠪᠴᠢᠲᠠᠢ ᠪᠦᠲᠦᠴᠡ᠂ ᠨᠤᠲᠤᠭᠰᠢᠯᠲᠠ ᠰᠠᠭᠤᠷᠢᠰᠢᠯ ᠤᠨ ᠵᠥᠪ ᠲᠣᠭᠲᠠᠯᠴᠠᠭ᠎ᠠ ᠲᠠᠢ᠂ ᠮᠧᠲ᠋ᠷᠣᠫᠣᠯᠢᠲ᠋ᠠᠨ ᠬᠣᠲᠠ ᠨᠤᠭᠤᠳ ᠢ ᠬᠥᠭ᠍ᠵᠢᠭᠦᠯᠵᠦ᠂ ᠬᠣᠲᠠ ᠬᠥᠳᠡᠭᠡ ᠢᠢᠨ ᠬᠥᠭ᠍ᠵᠢᠯ ᠢ ᠬᠤᠷᠳᠤᠰᠬᠠᠨ᠂ ᠤᠯᠤᠰ ᠣᠷᠣᠨ ᠢᠶᠠᠨ ᠪᠥᠰᠡᠴᠢᠯᠡᠨ ᠬᠥᠭ᠍ᠵᠢᠭᠦᠯᠬᠦ;

ᠡᠬᠡ ᠳᠡᠯᠡᠬᠡᠢ ᠪᠡᠨ ᠰᠢᠲᠦᠨ ᠬᠠᠢᠢᠷᠠᠯᠠᠳᠠᠭ ᠬᠦᠮᠦᠨ ᠠᠷᠠᠳ ᠲᠠᠢ᠂ ᠡᠺᠣᠯᠣᠭᠢ ᠤᠨ ᠲᠡᠩᠴᠡᠪᠦᠷᠢᠲᠦ ᠪᠠᠢᠢᠳᠠᠯ ᠢ ᠬᠠᠳᠠᠭᠠᠯᠠᠨ ᠬᠠᠮᠠᠭᠠᠯᠠᠳᠠᠭ ᠲᠥᠷᠥ᠂ ᠵᠠᠰᠠᠭ ᠲᠠᠢ 《ᠨᠣᠭᠣᠭᠠᠨ ᠮᠣᠩ᠋ᠭᠣᠯ》 ᠪᠣᠯᠬᠤ ᠢᠢᠨ ᠵᠡᠷᠭᠡᠴᠡᠭᠡ ᠭᠠᠳᠠᠭᠠᠳᠤ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠪᠦᠬᠦ ᠲᠠᠯ᠎ᠠ ᠪᠠᠷ ᠥᠷᠭᠡᠵᠢᠭᠦᠯᠦᠨ ᠬᠥᠭ᠍ᠵᠢᠭᠦᠯᠵᠦ᠂ ᠮᠣᠩ᠋ᠭᠣᠯ ᠤᠯᠤᠰ ᠤᠨ ᠨᠡᠷ᠎ᠡ ᠬᠦᠨᠳᠦ᠂ ᠪᠠᠢᠢᠷᠢ ᠰᠠᠭᠤᠷᠢ ᠢᠢ ᠣᠯᠠᠨ ᠤᠯᠤᠰ ᠤᠨ ᠲᠠᠪᠴᠠᠩ ᠳᠤ ᠥᠨᠳᠥᠷ ᠲᠥ ᠡᠷᠭᠦᠬᠦ ᠨᠢ ᠴᠢᠬᠤᠯᠠ ᠪᠠᠢᠢᠨ᠎ᠠ᠃

ᠡᠳᠡᠭᠡᠷ ᠵᠣᠷᠢᠯᠲᠠ ᠢᠢ ᠬᠠᠩ᠋ᠭᠠᠨ ᠬᠡᠷᠡᠭᠵᠢᠭᠦᠯᠵᠦ ᠴᠢᠳᠠᠰᠤᠨ ᠢᠶᠠᠷ ᠮᠣᠩ᠋ᠭᠣᠯ ᠬᠦᠮᠦᠨ ᠦ ᠡᠷᠡᠭᠦᠯ ᠮᠡᠨᠳᠦ᠂ ᠪᠣᠯᠪᠠᠰᠤᠷᠠᠯ᠂ ᠠᠮᠢᠳᠤᠷᠠᠯ ᠤᠨ ᠴᠢᠨᠠᠷ ᠰᠠᠢᠢᠵᠢᠷᠠᠬᠤ ᠠᠴᠠ ᠡᠬᠢᠯᠡᠭᠡᠳ ᠵᠢᠩᠬᠢᠨᠢ ᠤᠳᠬ᠎ᠠ ᠪᠠᠷ ᠢᠶᠠᠨ ᠡᠳ᠋ ᠍ ᠦᠨ ᠵᠠᠰᠠᠭ ᠤᠨ ᠠᠶᠤᠯ ᠦᠭᠡᠢ ᠪᠠᠢᠢᠳᠠᠯ ᠢᠶᠠᠨ ᠬᠠᠩ᠋ᠭᠠᠭᠰᠠᠨ ᠬᠦᠴᠦᠷᠬᠡᠭ᠌ ᠮᠣᠩ᠋ᠭᠣᠯ ᠤᠯᠤᠰ ᠪᠣᠯᠤᠨ ᠬᠥᠭ᠍ᠵᠢᠬᠦ ᠦᠨᠳᠦᠰᠦ ᠰᠠᠭᠤᠷᠢ ᠲᠠᠯᠪᠢᠭᠳᠠᠨ᠎ᠠ᠃

ᠪᠢᠽᠢᠨ᠋ᠧᠰ ᠡᠷᠬᠢᠯᠡᠭᠴᠢ᠂ ᠪᠠᠶᠠᠯᠢᠭ ᠪᠦᠲᠦᠭᠡᠭ᠍ᠴᠢ ᠡᠮᠡᠭᠲᠡᠢᠢᠴᠦᠳ ᠲᠠ ᠪᠦᠬᠦᠨ ᠦ ᠤᠷ᠎ᠠ ᠤᠬᠠᠭᠠᠨ᠂ ᠬᠢᠴᠢᠶᠡᠯ ᠵᠢᠳᠬᠦᠯ᠂ ᠢᠳᠡᠪᠬᠢᠲᠡᠢ ᠣᠷᠣᠯᠴᠠᠭ᠎ᠠ᠂ ᠬᠠᠮᠲᠤ ᠢᠢᠨ ᠠᠵᠢᠯᠯᠠᠭ᠎ᠠ ᠪᠠᠨ ᠡᠨᠡᠬᠦ ᠵᠣᠷᠢᠯᠲᠠ ᠢᠢ ᠬᠠᠩ᠋ᠭᠠᠨ ᠬᠡᠷᠡᠭᠵᠢᠭᠦᠯᠬᠦ ᠳᠥ ᠣᠨᠤᠴᠤᠭᠠᠢ ᠴᠢᠬᠤᠯᠠ ᠡᠭᠦᠷᠭᠡ ᠭᠦᠢᠴᠡᠳᠭᠡᠨ᠎ᠡ ᠭᠡᠳᠡᠭ ᠢ ᠲᠥᠷᠥ ᠢᠢᠨ ᠲᠡᠷᠢᠭᠦᠨ ᠴᠣᠬᠣᠨ ᠲᠡᠮᠳᠡᠭᠯᠡᠬᠦ ᠢᠢ ᠬᠦᠰᠡᠵᠦ ᠪᠠᠢᠢᠨ᠎ᠠ᠃

ᠥᠨᠥᠳᠥᠷ ᠡᠨᠡ ᠲᠠᠩᠬᠢᠮ ᠳᠤ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠤᠨ ᠭᠡᠰᠢᠭᠦᠳ᠂ ᠮᠣᠩ᠋ᠭᠣᠯ ᠪᠠᠩᠬᠢ᠂ ᠰᠠᠩᠬᠦᠦ ᠢᠢᠨ ᠵᠣᠬᠢᠴᠠᠭᠤᠯᠬᠤ ᠬᠣᠷᠢᠶ᠎ᠠ᠂ ᠬᠣᠯᠪᠣᠭᠳᠠᠬᠤ ᠶᠠᠮᠤᠨ᠂ ᠠᠭᠧᠨᠲᠯᠢᠭ ᠤᠨ ᠤᠳᠤᠷᠢᠳᠤᠯᠭ᠎ᠠ᠂ ᠠᠯᠪᠠᠨ ᠲᠤᠰᠢᠶᠠᠯᠲᠠᠨ ᠨᠤᠭᠤᠳ ᠬᠦᠷᠦᠯᠴᠡᠨ ᠢᠷᠡᠭᠰᠡᠨ ᠤᠴᠢᠷ ᠲᠠ ᠪᠦᠬᠦᠨ ᠰᠠᠨᠠᠭ᠎ᠠ ᠪᠣᠳᠣᠯ ᠢᠶᠠᠨ ᠴᠢᠯᠦᠭᠡᠲᠡᠢ ᠬᠡᠯᠡᠵᠦ᠂ ᠠᠵᠢᠯ ᠬᠡᠷᠡᠭᠴᠢ ᠰᠠᠨᠠᠯ᠂ ᠰᠠᠨᠠᠭᠠᠴᠢᠯᠠᠭ᠎ᠠ ᠭᠠᠷᠭᠠᠨ᠂ ᠢᠯᠡᠨ ᠳᠠᠯᠠᠩ ᠦᠭᠡᠢ᠂ ᠨᠡᠭᠡᠭᠡᠯᠲᠡ ᠲᠡᠢ ᠶᠠᠷᠢᠯᠴᠠᠵᠤ᠂ ᠲᠣᠳᠣᠷᠬᠠᠢ ᠦᠷ᠎ᠡ ᠳ᠋ᠦᠩ ᠳᠥ ᠬᠦᠷᠬᠦ ᠢᠢ ᠬᠦᠰᠡᠵᠦ ᠪᠠᠢᠢᠨ᠎ᠠ᠃

ᠡᠬᠡ ᠳᠡᠯᠡᠬᠡᠢ ᠢᠢ ᠳ᠋ᠢᠸᠠᠵᠠᠨ ᠪᠣᠯᠭᠠᠵᠤ ᠴᠢᠳᠠᠬᠤ ᠦᠯᠡᠮᠵᠢ ᠢᠢᠨ ᠴᠢᠨᠠᠷ ᠡᠮᠡᠭᠲᠡᠢ ᠬᠦᠨᠳᠦ᠂ ᠡᠬᠡ ᠬᠦᠨᠳᠦ ᠪᠤᠢ᠃ ᠮᠣᠩ᠋ᠭᠣᠯ ᠤᠨ ᠰᠠᠢᠢᠬᠠᠨ ᠡᠵᠢ ᠨᠦᠭᠦᠳ᠂ ᠡᠮᠡᠭᠲᠡᠢᠢᠴᠦᠳ᠂ ᠡᠬᠡᠴᠦᠳ ᠲᠠ ᠪᠦᠬᠦᠨ ᠳᠥ ᠨᠡᠢᠢᠭᠡᠮ ᠢ ᠠᠨᠠᠭᠠᠬᠤ ᠡᠨᠡᠷᠢᠯ ᠬᠠᠢᠢᠷ᠎ᠠ ᠢᠢᠨ ᠠᠤᠭ᠎ᠠ ᠶᠡᠬᠡ ᠬᠦᠴᠦ ᠪᠤᠢ ᠭᠡᠳᠡᠭ ᠲᠥ ᠪᠢ ᠪᠠᠲᠤ ᠢᠲᠡᠭᠡᠳᠡᠭ ᠬᠦᠮᠦᠨ᠃

ᠡᠨᠳᠡ ᠬᠦᠷᠦᠯᠴᠡᠨ ᠢᠷᠡᠭᠰᠡᠨ ᠡᠯᠪᠡᠷᠢᠯᠲᠦ ᠰᠠᠢᠢᠬᠠᠨ ᠡᠵᠢ ᠨᠦᠭᠦᠳ᠂ ᠪᠦᠰᠡᠭᠦᠢᠢᠴᠦᠳ ᠲᠥ ᠪᠡᠨ᠂ ᠪᠢᠽᠢᠨ᠋ᠧᠰ ᠡᠷᠬᠢᠯᠡᠭᠴᠢ᠂ ᠪᠠᠶᠠᠯᠢᠭ ᠪᠦᠲᠦᠭᠡᠭ᠍ᠴᠢ ᠨᠡᠢᠢᠲᠡ ᠡᠮᠡᠭᠲᠡᠢᠢᠴᠦᠳ ᠲᠥ ᠪᠡᠨ ᠠᠵᠢᠯ ᠤᠨ ᠥᠨᠳᠥᠷ ᠠᠮᠵᠢᠯᠲᠠ᠂ ᠡᠷᠡᠭᠦᠯ ᠡᠩᠬᠡ᠂ ᠠᠵᠠ ᠵᠢᠷᠭᠠᠯ᠂ ᠡᠨᠡ ᠬᠣᠷᠸ᠎ᠠ ᠢᠢᠨ ᠬᠠᠮᠤᠭ ᠤᠨ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃

ᠮᠣᠩ᠋ᠭᠣᠯᠴᠤᠳ ᠪᠢᠳᠡ ᠣᠶᠤᠨ ᠤᠬᠠᠭᠠᠨ᠂ ᠰᠡᠳᠬᠢᠯ ᠵᠢᠷᠦᠬᠡ᠂ ᠢᠲᠡᠭᠡᠯ ᠨᠠᠢᠢᠳᠠᠪᠤᠷᠢ ᠪᠠᠷ ᠢᠶᠠᠨ ᠨᠢᠭᠡᠳᠦᠨ ᠨᠡᠢᠢᠯᠡᠵᠦ᠂ ᠭᠡᠷᠡᠯᠲᠦ ᠰᠠᠢᠢᠬᠠᠨ ᠢᠷᠡᠭᠡᠳᠦᠢ ᠢᠢᠨ ᠲᠥᠯᠥᠭᠡ᠂ ᠦᠷ᠎ᠡ ᠬᠡᠦᠬᠡᠳ ᠦᠨ ᠢᠶᠡᠨ ᠠᠵᠠ ᠵᠢᠷᠭᠠᠯ ᠤᠨ ᠲᠥᠯᠥᠭᠡ ᠬᠠᠮᠲᠤ ᠳᠤ ᠪᠠᠨ ᠬᠦᠴᠦᠨ ᠵᠢᠳᠬᠦᠴᠡᠭᠡᠶ᠎ᠡ᠃

ᠮᠥᠩᠬᠡ ᠲᠩᠷᠢ ᠢᠢᠨ ᠬᠦᠴᠦᠨ ᠳ᠋ᠣᠷ᠎ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ.》