Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠣᠯᠠᠨ ᠤᠯᠤᠰ ᠤᠨ ᠣᠯᠢᠮᠫᠢᠶᠠᠳ᠋ ᠍ ᠠᠴᠠ ᠮᠧᠳᠠᠯ ᠬᠦᠷᠲᠡᠭᠰᠡᠨ ᠰᠤᠷᠤᠭᠴᠢᠳ ᠲᠤ ᠨᠡᠷᠡᠮᠵᠢᠲᠦ ᠱᠠᠩᠨᠠᠯ ᠢᠶᠠᠨ ᠭᠠᠷᠳᠠᠭᠤᠯᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠣᠶᠤᠨ ᠤᠬᠠᠭᠠᠨ ᠤ ᠳᠡᠯᠡᠬᠡᠢ ᠢᠢᠨ ᠳᠡᠪᠵᠢᠭᠡᠨ ᠳᠥ ᠣᠨᠤᠴᠤᠭᠠᠢ ᠠᠮᠵᠢᠯᠲᠠ ᠭᠠᠷᠭᠠᠵᠤ᠂ ᠡᠬᠡ ᠣᠷᠣᠨ ᠤ ᠪᠠᠨ ᠨᠡᠷ᠎ᠡ ᠢᠢ ᠥᠨᠳᠦᠷ ᠲᠥ ᠡᠷᠭᠦᠭ᠍ᠰᠡᠨ ᠰᠤᠷᠤᠭᠴᠢᠳ᠂ ᠤᠳᠤᠷᠢᠳᠤᠨ ᠪᠡᠯᠡᠳᠬᠡᠭ᠍ᠰᠡᠨ ᠪᠠᠭᠰᠢ ᠨᠠᠷ ᠲᠤ ᠨᠡᠷᠡᠮᠵᠢᠲᠦ ᠱᠠᠩᠨᠠᠯ ᠢᠶᠠᠨ ᠭᠠᠷᠳᠠᠭᠤᠯᠪᠠ᠃

ᠥᠩ᠋ᠭᠡᠷᠡᠭᠰᠡᠨ ᠵᠢᠯ ᠮᠣᠩ᠋ᠭᠣᠯ ᠤᠨ ᠪᠠᠭ 15 ᠮᠧᠳᠠᠯᠳᠤ ᠪᠠᠢᠢᠷᠢ᠂ 3 ᠲᠤᠰᠬᠠᠢ ᠪᠠᠢᠢᠷᠢ ᠡᠵᠡᠯᠡᠵᠦ ᠪᠠᠢᠢᠭᠰᠠᠨ ᠪᠣᠯ᠂ 2022 ᠣᠨ ᠳᠤ ᠣᠯᠠᠨ ᠤᠯᠤᠰ ᠤᠨ ᠲᠠᠪᠤᠨ ᠲᠥᠷᠥᠯ ᠦᠨ ᠣᠯᠢᠮᠫᠢᠶᠠᠳ᠋ ᠍ ᠲᠤ 23 ᠰᠤᠷᠤᠭᠴᠢ ᠣᠷᠣᠯᠴᠠᠨ 17 ᠮᠧᠳᠠᠯ ᠬᠦᠷᠲᠡᠵᠦ᠂ ᠬᠣᠶᠠᠷ ᠲᠤᠰᠬᠠᠢ ᠪᠠᠢᠢᠷᠢ ᠡᠵᠡᠯᠡᠭᠰᠡᠨ ᠪᠠᠢᠢᠨ᠎ᠠ᠃

ᠶᠡᠷᠦᠩᠬᠡᠢᠢᠯᠡᠭᠴᠢ ᠠᠯᠲᠠᠨ ᠮᠧᠳᠠᠯᠲᠠᠨ ᠢ 10 ᠰᠠᠶ᠎ᠠ᠂ ᠮᠥᠩ᠋ᠭᠥᠨ ᠮᠧᠳᠠᠯᠲᠠᠨ ᠢ ᠨᠠᠢᠢᠮᠠᠨ ᠰᠠᠶ᠎ᠠ᠂ ᠬᠦᠷᠡᠯ ᠮᠧᠳᠠᠯᠲᠠᠨ ᠢ ᠲᠠᠪᠤᠨ ᠰᠠᠶ᠎ᠠ᠂ ᠲᠤᠰᠬᠠᠢ ᠪᠠᠢᠢᠷᠢ ᠢᠢᠨ ᠡᠵᠡᠨ ᠢ ᠭᠤᠷᠪᠠᠨ ᠰᠠᠶ᠎ᠠ ᠲᠥᠭᠦᠷᠢᠭ᠌ ᠢᠶᠡᠷ ᠱᠠᠩᠨᠠᠯ᠎ᠠ᠃ ᠮᠥᠨ ᠣᠯᠢᠮᠫᠢᠶᠠᠳ᠋ ᠍ ᠢ ᠵᠣᠬᠢᠶᠠᠨ ᠪᠠᠢᠢᠭᠤᠯᠬᠤ ᠬᠣᠷᠢᠶᠠᠨ ᠤ ᠦᠢᠯᠡ ᠠᠵᠢᠯᠯᠠᠭ᠎ᠠ ᠢᠢ ᠳᠡᠮᠵᠢᠵᠦ᠂ ᠲᠤᠰ ᠪᠦᠷᠢ 10 ᠰᠠᠶ᠎ᠠ ᠲᠥᠭᠥᠷᠢᠭ᠌ ᠦᠨ ᠱᠠᠩᠨᠠᠯ ᠣᠯᠭᠤᠯ᠎ᠠ᠃

ᠣᠯᠠᠨ ᠤᠯᠤᠰ ᠤᠨ ᠣᠯᠢᠮᠫᠢᠶᠠᠳ᠋ ᠍ ᠠᠴᠠ ᠮᠧᠳᠠᠯ ᠬᠦᠷᠲᠡᠭᠰᠡᠨ ᠰᠤᠷᠤᠭᠴᠢᠳ ᠳᠡᠯᠡᠬᠡᠢ ᠢᠢᠨ ᠲᠡᠷᠢᠭᠦᠯᠡᠬᠦ 100 ᠍ ᠲᠤ ᠪᠠᠭᠲᠠᠳᠠᠭ ᠶᠡᠬᠡ᠂ ᠳᠡᠭᠡᠳᠦ ᠰᠤᠷᠭᠠᠭᠤᠯᠢ ᠳᠤ ᠡᠯᠰᠡᠬᠦ ᠡᠷᠬᠡ ᠠᠪᠤᠭᠰᠠᠨ ᠢᠶᠠᠷ 《ᠶᠡᠷᠦᠩᠬᠡᠢᠢᠯᠡᠭᠴᠢ ᠢᠢᠨ ᠢᠯᠡᠭᠡᠯᠲᠡ-2100》 ᠲᠡᠳᠬᠦᠯᠭᠡ ᠲᠥ ᠬᠠᠮᠤᠷᠤᠭᠳᠠᠬᠤ ᠪᠣᠯᠤᠮᠵᠢ ᠲᠠᠢ ᠪᠣᠯᠵᠤ ᠪᠠᠢᠢᠨ᠎ᠠ᠃

ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠰᠤᠷᠤᠭᠴᠢᠳ ᠪᠣᠯᠤᠨ ᠪᠠᠭᠰᠢ ᠨᠠᠷ ᠲᠤ ᠰᠤᠷᠤᠯᠭ᠎ᠠ᠂ ᠬᠥᠳᠡᠯᠮᠦᠷᠢ ᠢᠢᠨ ᠥᠨᠳᠦᠷ ᠠᠮᠵᠢᠯᠲᠠ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠪᠡ᠃

ᠣᠯᠠᠨ ᠤᠯᠤᠰ ᠤᠨ ᠮᠠᠲ᠋ᠧᠮᠠᠲ᠋ᠢᠭ ᠤᠨ ᠣᠯᠢᠮᠫᠢᠶᠠᠳ᠋ 07 ᠳ᠋ᠤᠭᠠᠷ ᠰᠠᠷ᠎ᠠ ᠢᠢᠨ 06-16 ᠍ ᠤ ᠡᠳᠦᠷ ᠦᠳ ᠲᠥ ᠨᠣᠷᠸᠧᠭᠢ ᠤᠯᠤᠰ ᠤᠨ ᠣᠰᠯᠤ‍ ᠬᠣᠲᠠ ᠳᠤ᠂ ᠪᠢᠣᠯᠣᠭᠢ ᠢᠢᠨ ᠣᠯᠢᠮᠫᠢᠶᠠᠳ᠋ 07 ᠳ᠋ᠤᠭᠠᠷ ᠰᠠᠷ᠎ᠠ ᠢᠢᠨ 10-18 ᠍ ᠤ ᠡᠳᠦᠷ ᠦᠳ ᠲᠥ ᠠᠷᠮᠧᠨ ᠤᠯᠤᠰ ᠤᠨ ᠶᠧᠷᠸᠸᠠᠠ ᠬᠣᠲᠠ ᠳᠤ᠂ ᠬᠢᠮᠢ ᠢᠢᠨ ᠣᠯᠢᠮᠫᠢᠶᠠᠳ᠋ 07 ᠳ᠋ᠤᠭᠠᠷ ᠰᠠᠷ᠎ᠠ ᠢᠢᠨ 10-18 ᠍ ᠳᠤ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠲᠢᠶᠨ᠋ᠵᠢᠨ ᠬᠣᠲᠠ ᠳ᠋ᠤ᠂ ᠹᠢᠽᠢᠺ ᠦᠨ ᠣᠯᠢᠮᠫᠢᠶᠠᠳ᠋ ᠱᠸᠢᠼᠠᠷ ᠤᠯᠤᠰ ᠤᠨ ᠴᠢᠶᠷᠢᠾ ᠬᠣᠲᠠ ᠳ᠋ᠤ 08 ᠳ᠋ᠤᠭᠠᠷ ᠰᠠᠷ᠎ᠠ ᠢᠢᠨ 07-15 ᠍ ᠤ ᠡᠳᠦᠷ ᠦᠳ ᠲᠥ᠂ ᠣᠯᠠᠨ ᠤᠯᠤᠰ ᠤᠨ ᠮᠡᠳᠡᠭᠡᠯᠡᠯ ᠵᠦᠢ ᠢᠢᠨ 34 ᠳ᠋ᠦᠭᠡᠷ ᠣᠯᠢᠮᠫᠢᠶᠠᠳ᠋ ᠢᠨ᠋ᠳᠥᠨᠧᠽ ᠤᠯᠤᠰ ᠤᠨ ᠵᠠᠺᠠᠷᠲ᠋ᠠ ᠬᠣᠲᠣᠨ ᠠ 08 ᠳ᠋ᠤᠭᠠᠷ ᠰᠠᠷ᠎ᠠ ᠢᠢᠨ 07-15 ᠍ ᠤ ᠡᠳᠦᠷ ᠦᠳ ᠲᠥ ᠪᠣᠯᠵᠤ᠂ ᠮᠣᠩ᠋ᠭᠣᠯ ᠤᠯᠤᠰ ᠠᠴᠠ 23 ᠰᠤᠷᠤᠭᠴᠢ᠂ 13 ᠳᠠᠰᠬᠠᠯᠵᠢᠭᠤᠯᠤᠭᠴᠢ ᠪᠠᠭᠰᠢ ᠣᠷᠣᠯᠴᠠᠭᠰᠠᠨ ᠶᠤᠮ᠃

ᠮᠠᠲ᠋ᠧᠮᠠᠲ᠋ᠢᠭ ᠤᠨ ᠣᠯᠢᠮᠫᠢᠶᠠᠳ᠋ ᠍ ᠲᠤ 6 ᠰᠤᠷᠤᠭᠴᠢ ᠣᠷᠣᠯᠴᠠᠨ ᠮᠥᠩ᠋ᠭᠥᠨ ᠮᠧᠳᠠᠯ-2᠂ ᠬᠦᠷᠡᠯ ᠮᠧᠳᠠᠯ-3᠂ ᠲᠤᠰᠬᠠᠢ ᠪᠠᠢᠢᠷᠢ-1᠂ ᠬᠢᠮᠢ ᠢᠢᠨ ᠣᠯᠢᠮᠫᠢᠶᠠᠳ᠋ ᠍ ᠲᠤ 4 ᠰᠤᠷᠤᠭᠴᠢ ᠣᠷᠣᠯᠴᠠᠨ ᠮᠥᠩ᠋ᠭᠥᠨ ᠮᠧᠳᠠᠯ-2᠂ ᠬᠦᠷᠡᠯ ᠮᠧᠳᠠᠯ-2᠂ ᠮᠡᠳᠡᠭᠡᠯᠡᠯ ᠵᠦᠢ ᠢᠢᠨ ᠣᠯᠢᠮᠫᠢᠶᠠᠳ᠋ ᠍ ᠲᠤ 4 ᠰᠤᠷᠤᠭᠴᠢ ᠣᠷᠣᠯᠴᠠᠨ ᠬᠦᠷᠡᠯ ᠮᠧᠳᠠᠯ-2᠂ ᠹᠢᠽᠢᠺ ᠦᠨ ᠣᠯᠢᠮᠫᠢᠶᠠᠳ᠋ ᠍ ᠲᠤ 5 ᠰᠤᠷᠤᠭᠴᠢ ᠣᠷᠣᠯᠴᠠᠨ ᠮᠥᠩ᠋ᠭᠥᠨ ᠮᠧᠳᠠᠯ-1᠂ ᠬᠦᠷᠡᠯ ᠮᠧᠳᠠᠯ-3᠂ ᠪᠢᠣᠯᠣᠭᠢ ᠢᠢᠨ ᠣᠯᠢᠮᠫᠢᠶᠠᠳ᠋ ᠍ ᠲᠤ 4 ᠰᠤᠷᠤᠭᠴᠢ ᠣᠷᠣᠯᠴᠠᠨ ᠮᠥᠩ᠋ᠭᠥᠨ ᠮᠧᠳᠠᠯ-2᠂ ᠬᠦᠷᠡᠯ ᠮᠧᠳᠠᠯ-2᠂ ᠨᠡᠢᠢᠲᠡ 5 ᠰᠤᠷᠤᠭᠴᠢ ᠮᠥᠩ᠋ᠭᠥᠨ ᠮᠧᠳᠠᠯ᠂ 12 ᠰᠤᠷᠤᠭᠴᠢ ᠬᠦᠷᠡᠯ ᠮᠧᠳᠠᠯ ᠠᠪᠴᠤ᠂ 2 ᠰᠤᠷᠤᠭᠴᠢ ᠲᠤᠰᠬᠠᠢ ᠪᠠᠢᠢᠷᠢ ᠡᠵᠡᠯᠡᠵᠡᠢ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠮᠣᠩ᠋ᠭᠣᠯ ᠬᠦᠮᠦᠨ ᠦ ᠣᠶᠤᠨ ᠤᠬᠠᠭᠠᠨ ᠤ ᠦᠨᠡᠯᠡᠮᠵᠢ ᠢᠢ ᠳᠡᠭᠡᠭ᠍ᠰᠢᠯᠡᠭᠦᠯᠵᠦ᠂ ᠣᠯᠠᠨ ᠤᠯᠤᠰ ᠤᠨ ᠲᠦᠪᠰᠢᠨ ᠳᠥ ᠰᠢᠨᠵᠢᠯᠡᠬᠦ ᠤᠬᠠᠭᠠᠨ ᠤ ᠮᠡᠳᠡᠯᠭᠡ ᠪᠡᠷ ᠥᠷᠢᠰᠥᠯᠳᠥᠬᠦ ᠴᠢᠳᠠᠪᠤᠷᠢ ᠢᠢ ᠬᠥᠬᠢᠬᠥᠦᠯᠤᠨ ᠳᠡᠮᠵᠢᠵᠦ᠂ ᠣᠯᠠᠨ ᠤᠯᠤᠰ ᠤᠨ ᠣᠯᠢᠮᠫᠢᠶᠠᠳ᠋ ᠍ ᠲᠤ ᠰᠤᠷᠤᠭᠴᠢᠳ ᠢ ᠤᠷᠤᠯᠴᠠᠬᠤ ᠨᠥᠬᠥᠴᠡᠯ ᠢ ᠪᠦᠷᠢᠳᠦᠭᠦᠯᠬᠦ᠂ ᠤᠷᠮᠠᠰᠢᠭᠤᠯᠬᠤ ᠪᠠᠷ 2021 ᠣᠨ ᠤ 08 ᠳ᠋ᠤᠭᠠᠷ ᠰᠠᠷ᠎ᠠ ᠢᠢᠨ 27 ᠍ ᠤ ᠡᠳᠦᠷ ᠵᠠᠰᠠᠭ ᠤᠨ ᠭᠠᠵᠠᠷ ᠲᠤ ᠴᠢᠭᠯᠡᠯ ᠥᠭ᠍ᠬᠦ ᠲᠤᠬᠠᠢ ᠵᠠᠷᠯᠢᠭ ᠪᠠᠭᠤᠯᠭᠠᠭᠰᠠᠨ ᠶᠤᠮ᠃