Та "Internet explorer"-ийн сүүлийн хувилбар болох "Microsoft edge"-г ашиглана уу

Хэрэв "Microsoft edge"-г татах бол энд дарж татаж авна уу

ᠰᠤᠪᠤᠷᠭ᠎ᠠ ᠬᠠᠢᠢᠷᠬᠠᠨ ᠠᠭᠤᠯᠠᠨ ᠳᠤ ᠬᠣᠯᠪᠣᠭᠳᠠᠬᠤ ᠲᠡᠦᠬᠡ᠂ ᠱᠠᠰᠢᠨ᠂ ᠰᠤᠶᠤᠯ ᠤᠨ ᠰᠤᠳᠤᠯᠭᠠᠨ ᠤ ᠦᠷ᠎ᠡ ᠳ᠋ᠦᠩ ᠢ ᠬᠡᠯᠡᠯᠴᠡᠵᠦ ᠪᠠᠢᠢᠨ᠎ᠠ

ᠠᠷᠤᠬᠠᠩ᠋ᠭᠠᠢ ᠠᠢᠢᠮᠠᠭ ᠤᠨ ᠴᠡᠩᠬᠡᠷ ᠰᠤᠮᠤ ᠢᠢᠨ ᠨᠤᠲᠤᠭ ᠲᠤ ᠤᠷᠤᠰᠢᠬᠤ ᠲᠥᠷᠥ ᠢᠢᠨ ᠲᠠᠬᠢᠯᠭᠠᠲᠤ ᠰᠤᠪᠤᠷᠭ᠎ᠠ ᠬᠠᠢᠢᠷᠬᠠᠨ ᠠᠭᠤᠯᠠᠨ ᠳᠤ ᠬᠣᠯᠪᠣᠭᠳᠠᠬᠤ ᠲᠡᠦᠬᠡ᠂ ᠱᠠᠰᠢᠨ᠂ ᠰᠤᠶᠤᠯ ᠤᠨ ᠰᠤᠳᠤᠯᠭᠠᠨ ᠤ ᠦᠷ᠎ᠡ ᠳ᠋ᠦᠩ ᠲᠡᠢ ᠬᠣᠯᠪᠣᠭ᠎ᠠ ᠲᠠᠢ ᠡᠷᠳᠡᠮ ᠰᠢᠨᠵᠢᠯᠡᠭᠡᠨ ᠦ ᠪᠠᠭ᠎ᠠ ᠬᠤᠷᠠᠯ ᠲᠤᠰ ᠠᠢᠢᠮᠠᠭ ᠲᠤ ᠪᠣᠯᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠪᠣᠳᠣᠯᠭ᠎ᠠ᠂ ᠦᠢᠯᠡ ᠠᠵᠢᠯᠯᠠᠭᠠᠨ ᠤ ᠬᠥᠲᠥᠯᠪᠦᠷᠢ ᠲᠥ 《ᠠᠭᠤᠯᠠ ᠤᠰᠤ᠂ ᠣᠪᠣᠭ᠎ᠠ ᠲᠠᠬᠢᠯᠭ᠎ᠠ᠂ ᠤᠯᠠᠮᠵᠢᠯᠠᠯᠲᠤ ᠵᠠᠩ ᠦᠢᠯᠡ ᠳᠥ ᠬᠦᠨᠳᠦᠳᠬᠡᠯᠲᠡᠢ ᠬᠠᠨᠳᠤᠵᠤ᠂ ᠲᠥᠷᠥ ᠢᠢᠨ ᠲᠠᠬᠢᠯᠭᠠᠲᠤ ᠬᠠᠢᠢᠷᠬᠠᠨ ᠨᠤᠭᠤᠳ᠂ ᠦᠨᠳᠦᠰᠦᠨ ᠦ ᠪᠠᠬᠠᠷᠬᠠᠯᠳᠤ ᠵᠦᠢᠯᠡᠰ ᠢ ᠳᠡᠭᠡᠳᠦᠯᠡᠨ ᠬᠠᠮᠠᠭᠠᠯᠠᠬᠤ…》 ᠍ ᠪᠠᠷ ᠲᠤᠰᠬ᠋ᠠᠭᠰᠠᠨ᠃

ᠡᠨᠡ ᠳᠠᠭᠠᠭᠤ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠢᠢᠨ ᠵᠠᠬᠢᠷᠤᠮᠵᠢ ᠪᠠᠷ ᠪᠠᠢᠢᠭᠤᠯᠤᠭᠳᠠᠭᠰᠠᠨ ᠰᠤᠳᠤᠯᠭᠠᠨ ᠤ ᠪᠠᠭ ᠰᠤᠪᠤᠷᠭ᠎ᠠ ᠬᠠᠢᠢᠷᠬᠠᠨ ᠠᠭᠤᠯᠠ ᠢᠢᠨ ᠲᠠᠢᠢᠯᠭ᠎ᠠ ᠲᠠᠬᠢᠯᠭ᠎ᠠ ᠢᠢᠨ ᠤᠯᠠᠮᠵᠢᠯᠠᠯ᠂ ᠰᠢᠨᠡᠴᠢᠯᠡᠯ᠂ ᠵᠠᠩ ᠦᠢᠯᠡ ᠪᠣᠯᠤᠨ ᠪᠠᠢᠢᠭᠠᠯᠢ᠂ ᠭᠠᠵᠠᠷ ᠵᠦᠢ ᠢᠢᠨ ᠣᠨᠴᠠᠯᠢᠭ ᠵᠡᠷᠭᠡ ᠢᠢ ᠰᠤᠳᠤᠯᠬᠤ᠂ ᠠᠭᠤᠯᠠ ᠢᠢᠨ ᠲᠩᠷᠢ ᠢᠢ ᠲᠠᠢᠢᠬᠤ ᠲᠠᠬᠢᠯᠭ᠎ᠠ ᠢᠢᠨ ᠶᠣᠰᠣᠯᠠᠯ ᠤᠨ ᠳᠢᠭ᠌᠂ ᠶᠣᠰᠣᠯᠠᠯ ᠦᠢᠯᠡᠳᠬᠦ ᠬᠤᠪᠢᠶᠠᠷᠢ ᠢᠢ ᠰᠢᠨᠡᠳᠭᠡᠬᠦ ᠡᠰᠡᠬᠦ ᠲᠠᠯ᠎ᠠ ᠪᠠᠷ ᠰᠠᠨᠠᠯ ᠪᠣᠯᠪᠠᠰᠤᠷᠠᠭᠤᠯᠵᠠᠢ᠃

ᠰᠤᠪᠤᠷᠭ᠎ᠠ ᠬᠠᠢᠢᠷᠬᠠᠨ ᠠᠭᠤᠯᠠ ᠢᠢ ᠨᠤᠲᠤᠭ ᠤᠨ ᠢᠷᠭᠡᠳ ᠦᠨ ᠰᠠᠨᠠᠯ᠂ ᠬᠦᠰᠡᠯᠲᠡ ᠵᠡᠷᠭᠡ ᠢᠢ ᠬᠠᠷᠠᠭᠠᠯᠵᠠᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ 2007 ᠣᠨ ᠤ 07 ᠳ᠋ᠤᠭᠠᠷ ᠰᠠᠷ᠎ᠠ ᠢᠢᠨ 26 ᠍ ᠤ ᠡᠳᠦᠷ ᠦᠨ 183 ᠳ᠋ᠤᠭᠠᠷ ᠵᠠᠷᠯᠢᠭ ᠢᠶᠠᠷ ᠲᠥᠷᠥ ᠢᠢᠨ ᠲᠠᠬᠢᠯᠭ᠎ᠠ ᠲᠠᠢ ᠪᠣᠯᠭᠠᠭᠰᠠᠨ ᠠᠴᠠ ᠬᠣᠢᠢᠰᠢ ᠭᠤᠷᠪᠠᠨ ᠤᠳᠠᠭ᠎ᠠ ᠲᠠᠬᠢᠭᠠᠳ ᠪᠠᠢᠢᠨ᠎ᠠ᠃

ᠮᠣᠩ᠋ᠭᠣᠯ ᠲᠥᠷᠥ ᠡᠴᠡ ᠠᠷᠠᠳ ᠲᠦᠮᠡᠨ ᠦ ᠳᠤᠮᠳᠠ ᠬᠠᠳᠠᠭᠠᠯᠠᠭᠳᠠᠨ ᠦᠯᠡᠳᠡᠭᠰᠡᠨ ᠪᠠᠢᠢᠭᠠᠯᠢ ᠳᠤ ᠡᠭᠡᠯᠢ ᠲᠡᠢ ᠵᠠᠩ ᠦᠢᠯᠡ᠂ ᠳᠢᠭ᠌ ᠶᠣᠰᠣ᠂ ᠠᠷᠭ᠎ᠠ ᠨᠤᠭᠤᠳ ᠢ ᠨᠡᠭᠡᠭᠡᠨ ᠢᠯᠡᠷᠡᠭᠦᠯᠬᠦ᠂ ᠰᠤᠳᠤᠯᠬᠤ᠂ ᠰᠤᠷᠲᠠᠯᠴᠢᠯᠠᠨ ᠲᠠᠨᠢᠭᠤᠯᠬᠤ ᠳᠤ ᠠᠩᠬᠠᠷᠴᠤ ᠪᠠᠢᠢᠭ᠎ᠠ ᠢᠢᠨ ᠨᠢᠭᠡ ᠢᠯᠡᠷᠡᠯ ᠨᠢ ᠠᠭᠤᠯᠠ ᠬᠠᠢᠢᠷᠬᠠᠳ ᠤᠨ ᠲᠩᠷᠢ ᠢᠢ ᠲᠠᠢᠢᠬᠤ ᠶᠣᠰᠣᠯᠠᠯ ᠶᠤᠮ᠃

ᠥᠨᠥᠳᠥᠷ ᠦᠨ ᠪᠠᠢᠢᠳᠠᠯ ᠢᠶᠠᠷ ᠲᠥᠷᠥ ᠢᠢᠨ ᠲᠠᠬᠢᠯᠭᠠᠲᠤ 12 ᠬᠠᠢᠢᠷᠬᠠᠨ ᠠᠭᠤᠯᠠ ᠢᠢ ᠲᠠᠪᠤᠨ ᠵᠢᠯ ᠲᠤᠲᠤᠮ ᠲᠠᠬᠢᠵᠤ ᠪᠠᠢᠢᠨ᠎ᠠ᠃

ᠴᠠᠭᠠᠰᠢᠳᠠ ᠲᠥᠷᠥ ᠢᠢᠨ ᠶᠣᠰᠣᠯᠠᠯ ᠢ ᠤᠯᠠᠮᠵᠢᠯᠠᠯᠲᠤ ᠵᠠᠩ ᠦᠢᠯᠡ ᠢᠢᠨ ᠳᠠᠭᠠᠭᠤ ᠦᠢᠯᠡᠳᠬᠦ ᠳᠥ ᠠᠩᠬᠠᠷᠴᠤ᠂ ᠪᠦᠬᠦ ᠬᠠᠢᠢᠷᠬᠠᠨ ᠠᠭᠤᠯᠠᠨ ᠳᠤ ᠦᠶ᠎ᠡ ᠱᠠᠲᠤ ᠲᠠᠢ ᠰᠤᠳᠤᠯᠭ᠎ᠠ ᠬᠢᠬᠦ ᠶᠤᠮ᠃