ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠥᠪ᠂ ᠰᠡᠯᠡᠩ᠋ᠭᠡ᠂ ᠳᠠᠷᠬᠠᠨ-ᠠᠭᠤᠯᠠ ᠠᠢᠢᠮᠠᠭ ᠲᠤ ᠠᠵᠢᠯᠯᠠᠨ᠂ ᠤᠷᠭᠤᠴᠠ ᠬᠤᠷᠢᠶᠠᠯᠲᠠ ᠢᠢᠨ ᠶᠠᠪᠤᠴᠠ ᠲᠠᠢ ᠲᠠᠨᠢᠯᠴᠠᠵᠤ᠂ ᠭᠠᠵᠠᠷ ᠲᠠᠷᠢᠶᠠᠯᠠᠩ ᠡᠷᠭᠯᠡᠭᠴᠢᠳ ᠲᠡᠢ ᠠᠭᠤᠯᠵᠠᠵᠤ ᠪᠠᠢᠢᠨ᠎ᠠ᠃
ᠲᠥᠪ ᠠᠢᠢᠮᠠᠭ ᠨᠡᠢᠢᠲᠡ ᠲᠥᠮᠥᠰᠥ᠂ ᠬᠦᠨᠡᠰᠦᠨ ᠦ ᠨᠣᠭᠣᠭᠠᠨ ᠤ ᠬᠡᠷᠡᠭᠴᠡᠭᠡᠨ ᠦ 70 ᠬᠤᠪᠢ ᠢ ᠬᠠᠩ᠋ᠭᠠᠳᠠᠭ ᠪᠥᠭᠡᠳ 7᠂607 ᠭᠠ᠂ ᠳᠤ ᠤᠯᠠᠭᠠᠨᠪᠤᠭᠤᠳᠠᠢ᠂ 256 ᠭᠠ᠂ ᠳᠤ ᠠᠷᠪᠠᠢ᠂ 1᠂967 ᠭᠠ᠂ ᠳᠤ ᠣᠪᠢᠶᠠᠰᠤ᠂ 1᠂ 824 ᠭᠠ᠂ ᠳᠤ ᠮᠠᠯ ᠤᠨ ᠲᠡᠵᠢᠭᠡᠯ᠂ 6᠂429 ᠭᠠ᠂ ᠳᠤ ᠲᠣᠰᠤᠨ ᠤ ᠤᠷᠭᠤᠮᠠᠯ᠂ 238᠂4 ᠭᠠ᠂ ᠲᠠᠯᠠᠪᠠᠢ ᠳᠤ ᠲᠥᠮᠥᠰᠥ᠂ ᠬᠦᠨᠡᠰᠦᠨ ᠦ ᠨᠣᠭᠣᠭ᠎ᠠ ᠲᠠᠷᠢᠶᠠᠯᠠᠵᠤ᠂ ᠤᠷᠭᠤᠴᠠ ᠬᠤᠷᠢᠶᠠᠯᠲᠠ 36 ᠬᠤᠪᠢ ᠲᠠᠢ ᠪᠠᠢᠢᠨ᠎ᠠ᠃
ᠲᠠᠷᠢᠶᠠᠯᠠᠩᠴᠢᠳ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ ᠬᠦᠨᠡᠰᠦᠨ ᠦ ᠬᠤᠪᠢᠰᠬᠠᠯ᠂ 《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠬᠥᠳᠡᠯᠭᠡᠭᠡᠨ ᠢ ᠲᠠᠯᠠᠷᠬᠠᠨ ᠬᠦᠯᠢᠶᠡᠨ ᠠᠪᠴᠤ᠂ ᠪᠦᠬᠦ ᠪᠣᠯᠤᠮᠵᠢ ᠪᠠᠨ ᠳᠠᠢᠢᠴᠢᠯᠠᠨ ᠠᠵᠢᠯᠯᠠᠵᠤ ᠪᠠᠢᠢᠭ᠎ᠠ ᠪᠠᠨ ᠬᠡᠯᠡᠯ᠎ᠡ᠃ ᠮᠥᠨ ᠲᠥᠮᠥᠰᠥ᠂ ᠬᠦᠨᠡᠰᠦᠨ ᠦ ᠨᠣᠭᠣᠭ᠎ᠠ ᠢᠢ ᠪᠠᠨ ᠵᠠᠬ᠎ᠠ ᠵᠢᠭᠡᠯᠡ ᠳᠥ ᠪᠣᠷᠣᠯᠠᠭᠤᠯᠬᠤ ᠳᠤ ᠬᠦᠨᠳᠦᠷᠡᠯ ᠡᠭᠦᠰᠳᠡᠭ ᠤᠴᠢᠷ ᠡᠨᠡ ᠴᠢᠭᠯᠡᠯ ᠢᠶᠡᠷ ᠳᠡᠮᠵᠢᠯᠭᠡ ᠦᠵᠡᠭᠦᠯᠬᠦ ᠢᠢ ᠬᠦᠰᠡᠵᠦ ᠪᠠᠢᠢᠯ᠎ᠠ᠃
ᠢᠷᠡᠬᠦ ᠲᠠᠪᠤᠨ ᠵᠢᠯ ᠦᠨ ᠳᠣᠲᠣᠷ ᠬᠦᠨᠡᠰᠦᠨ ᠦ 19 ᠨᠡᠷ᠎ᠡ ᠲᠥᠷᠥᠯ ᠦᠨ ᠪᠦᠲᠦᠭᠡᠭ᠍ᠳᠡᠬᠦᠨ ᠢᠶᠡᠷ ᠳᠣᠲᠣᠭᠠᠳᠤ ᠢᠢᠨ ᠬᠡᠷᠡᠭᠴᠡᠭᠡ ᠪᠡᠨ ᠬᠠᠩ᠋ᠭᠠᠬᠤ ᠵᠣᠷᠢᠯᠲᠠ ᠳᠡᠪᠰᠢᠭᠦᠯᠦᠭᠰᠡᠨ᠃ ᠡᠨᠡ ᠵᠢᠯ ᠲᠥᠮᠥᠰᠥ᠂ ᠬᠦᠨᠡᠰᠦᠨ ᠦ ᠨᠣᠭᠣᠭᠠᠨ ᠤ ᠲᠠᠷᠢᠶᠠᠯᠠᠯᠲᠤ ᠬᠣᠶᠠᠷ ᠳᠠᠬᠢᠨ ᠨᠡᠮᠡᠭᠳᠡᠭᠰᠡᠨ ᠨᠢ ᠡᠭᠦᠨ ᠦ ᠦᠷ᠎ᠡ ᠳ᠋ᠦᠩ᠃ ᠴᠢᠨᠠᠭᠰᠢᠳᠠ 《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠭᠠᠵᠠᠷ ᠲᠠᠷᠢᠶᠠᠯᠠᠩ ᠡᠷᠭᠯ᠍ᠡᠭᠴᠢᠳ ᠢᠶᠡᠨ ᠪᠦᠬᠦ ᠲᠠᠯ᠎ᠠ ᠪᠠᠷ ᠳᠡᠮᠵᠢᠨ᠎ᠡ ᠭᠡᠳᠡᠭ ᠢᠶᠡᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠡᠯᠡᠯ᠎ᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠮᠥᠨ ᠡᠳᠦᠷ ᠳᠠᠷᠬᠠᠨ-ᠠᠭᠤᠯᠠ ᠠᠢᠢᠮᠠᠭ ᠤᠨ 《ᠰᠢᠨ᠎ᠡ ᠣᠷᠴᠢᠨ ᠲᠷᠡᠢᠢᠳ᠋》 ХХК᠂ 《ᠥᠶᠥᠭ ᠭᠤᠯᠢᠷ》 ХХК ᠪᠣᠯᠤᠨ 《ᠳᠠᠷᠬᠠᠨ-ᠡᠷᠳᠡᠨᠢ ᠮᠢᠬ᠎ᠠ ᠺᠣᠮᠪᠢᠨᠠᠲ》 ХХК ᠍ ᠳᠥ ᠠᠵᠢᠯᠯᠠᠨ᠎ᠠ᠃
ᠡᠨᠡ ᠣᠨ ᠳᠤ ᠤᠯᠤᠰ ᠤᠨ ᠬᠡᠮᠵᠢᠶᠡᠨ ᠳᠥ 470 ᠮᠢᠩ᠋ᠭᠠᠨ ᠲᠤᠨᠨ᠋᠋᠋ ᠦᠷ᠎ᠡ ᠲᠠᠷᠢᠶ᠎ᠠ᠂ ᠡᠭᠦᠨ ᠡᠴᠡ 441 ᠮᠢᠩ᠋ᠭᠠᠨ ᠲᠤᠨᠨ᠋᠋᠋ ¬ ᠤᠯᠠᠭᠠᠨᠪᠤᠭᠤᠳᠠᠢ᠂ 234 ᠮᠢᠩ᠋ᠭᠠᠨ ᠲᠤᠨᠨ᠋᠋᠋ ᠲᠥᠮᠥᠰᠥ᠂ 126 ᠮᠢᠩ᠋ᠭᠠᠨ ᠲᠤᠨᠨ᠋᠋᠋ ᠬᠦᠨᠡᠰᠦᠨ ᠦ ᠨᠣᠭᠣᠭ᠎ᠠ᠂ 56 ᠮᠢᠩ᠋ᠭᠠᠨ ᠲᠤᠨᠨ᠋᠋᠋ ᠲᠣᠰᠤᠨ ᠤ ᠤᠷᠭᠤᠮᠠᠯ᠂ 104 ᠮᠢᠩ᠋ᠭᠠᠨ ᠲᠤᠨᠨ᠋᠋᠋ ᠮᠠᠯ ᠤᠨ ᠲᠡᠵᠢᠭᠡᠯ ᠦᠨ ᠤᠷᠭᠤᠮᠠᠯ ᠬᠤᠷᠢᠶᠠᠨ ᠠᠪᠬᠤ ᠲᠥᠯᠥᠪ ᠭᠠᠷᠤᠭᠰᠠᠨ᠃