《ᠴᠢᠩ᠋ᠭᠢᠰ ᠬᠠᠭᠠᠨ》 ᠬᠠᠭᠠᠳ᠂ ᠢᠵᠠᠭᠤᠷᠲᠠᠨ ᠤ ᠮᠦᠽᠧᠢ 2022 ᠣᠨ ᠤ 10 ᠳ᠋ᠤᠭᠠᠷ ᠰᠠᠷ᠎ᠠ ᠢᠢᠨ 11 ᠍ ᠦ ᠡᠳᠦᠷ ᠨᠡᠭᠡᠭᠡᠯᠲᠡ ᠪᠡᠨ ᠬᠢᠬᠦ ᠭᠡᠵᠦ ᠪᠠᠢᠢᠨ᠎ᠠ᠃
ᠡᠭᠦᠨ ᠲᠡᠢ ᠬᠣᠯᠪᠣᠭᠳᠠᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊ ∙ ᠰᠣᠳᠤᠪᠠᠭᠠᠲᠤᠷ᠂ ᠰᠣᠶᠣᠯ ᠤᠨ ᠳᠡᠳ᠋ ᠰᠠᠢᠢᠳ ᠮ ∙ ᠪᠠᠲᠤᠪᠠᠶᠠᠷ᠂ ᠮᠦᠽᠧᠢ ᠢᠢᠨ ᠵᠠᠬᠢᠷᠤᠯ᠂ ᠠᠺᠠᠳᠧᠮᠢᠴᠢ ᠰᠤ ∙ ᠴᠢᠯᠠᠭᠤᠨ ᠨᠠᠷ ᠮᠡᠳᠡᠭᠡᠯᠡᠯ ᠦᠭ᠍ᠪᠡ᠃
ᠮᠦᠽᠧᠢ ᠳ᠋ᠥ᠄
ᠮᠣᠩ᠋ᠭᠣᠯ ᠤᠨ ᠡᠷᠲᠡᠨ ᠦ ᠲᠥᠷᠥᠳᠦ ᠤᠯᠤᠰ (ᠾᠢᠦᠩᠨᠦ᠂ ᠰᠢᠶᠨᠨᠪᠢ᠂ ᠵᠤᠵᠠᠨ);
ᠡᠷᠲᠡᠨ ᠦ ᠨᠡᠭᠦᠳᠡᠯᠴᠢᠳ ᠦᠨ ᠲᠥᠷᠥᠳᠦ ᠤᠯᠤᠰ (ᠲᠦᠷᠦᠭ᠂ ᠤᠢᠢᠭᠤᠷ᠂ ᠬᠢᠲᠠᠨ);
ᠶᠡᠬᠡ ᠮᠣᠩ᠋ᠭᠣᠯ ᠤᠯᠤᠰ;
ᠮᠣᠩ᠋ᠭᠣᠯ ᠤᠨ ᠶᠡᠬᠡ ᠡᠵᠡᠨᠲᠦ ᠤᠯᠤᠰ;
ᠴᠢᠩ᠋ᠭᠢᠰ ᠬᠠᠭᠠᠨ ᠤ ᠤᠭᠰᠠᠭᠠᠨ ᠤ ᠬᠠᠭᠠᠳ᠂ ᠢᠵᠠᠭᠤᠷᠲᠠᠨ ᠤ (XIV-XX ᠵᠠᠭᠤᠨ ᠤ ᠡᠬᠢᠨ ᠦᠶ᠎ᠡ);
ᠳᠡᠯᠡᠬᠡᠢ ᠳ᠋ᠠᠬᠢᠨ ᠪᠠ ᠮᠣᠩ᠋ᠭᠣᠯᠴᠤᠳ ᠤᠨ ᠲᠠᠩᠬᠢᠮ (ᠮᠣᠩ᠋ᠭᠣᠯ ᠪᠠᠬᠠᠷᠬᠠᠯ ᠤᠨ ᠲᠠᠩᠬᠢᠮ);
ᠶᠡᠬᠡ ᠬᠠᠭᠠᠨ ᠤ ᠬᠦᠨᠳᠦᠳᠬᠡᠯ ᠦᠨ ᠥᠷᠭᠥᠭᠡ ᠭᠡᠰᠡᠨ ᠪᠠᠢᠢᠩ᠋ᠭᠤ ᠢᠢᠨ ᠦᠵᠡᠮᠦᠷᠢ ᠢᠢ ᠨᠡᠢᠢᠲᠡ ᠳᠥ ᠲᠣᠯᠢᠯᠠᠭᠤᠯᠬᠤ ᠶᠤᠮ᠃
《ᠣᠯᠠᠨ ᠤᠯᠤᠰ ᠤᠨ ᠰᠲ᠋ᠠᠨᠳᠠᠷᠲ ᠲᠤ ᠨᠡᠢᠢᠴᠡᠭᠰᠡᠨ ᠡᠢᠢᠮᠦ ᠮᠦᠽᠧᠢ ᠲᠡᠢ ᠪᠣᠯᠤᠭᠰᠠᠨ ᠨᠢ ᠮᠣᠩ᠋ᠭᠣᠯᠴᠤᠳ ᠤᠨ ᠲᠡᠦᠬᠡ᠂ ᠰᠤᠶᠤᠯ ᠢᠶᠠᠨ ᠰᠤᠷᠲᠠᠯᠴᠢᠯᠠᠬᠤ᠂ ᠠᠶᠠᠯᠠᠯ ᠵᠢᠭᠤᠯᠴᠢᠯᠠᠯ ᠢ ᠬᠥᠭ᠍ᠵᠢᠭᠦᠯᠬᠦ᠂ ᠣᠯᠠᠨ ᠲᠦᠮᠡᠨ ᠢ ᠰᠣᠶᠣᠨ ᠭᠡᠭᠡᠷᠡᠭᠦᠯᠬᠦ ᠵᠡᠷᠭᠡ ᠴᠢᠭᠯᠡᠯ ᠢᠶᠡᠷ ᠬᠢᠵᠦ ᠪᠠᠢᠢᠭ᠎ᠠ ᠣᠯᠠᠨ ᠠᠵᠢᠯ ᠤᠨ ᠨᠢᠭᠡ》 ᠭᠡᠳᠡᠭ ᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊ ∙ ᠰᠣᠳᠤᠪᠠᠭᠠᠲᠤᠷ ᠬᠡᠯᠡᠪᠡ᠃
《ᠴᠢᠩ᠋ᠭᠢᠰ ᠬᠠᠭᠠᠨ》 ᠬᠠᠭᠠᠳ᠂ ᠢᠵᠠᠭᠤᠷᠲᠠᠨ ᠤ ᠮᠦᠽᠧᠢ 12 ᠮᠢᠩ᠋ᠭ᠎ᠠ ᠣᠷᠴᠢᠮ ᠦᠵᠡᠮᠦᠷᠢ ᠲᠡᠢ ᠪᠥᠭᠡᠳ 92 ᠬᠤᠪᠢ ᠨᠢ ᠡᠬᠡ ᠦᠵᠡᠮᠦᠷᠢ᠂ ᠦᠯᠡᠳᠡᠬᠦ ᠬᠤᠪᠢ ᠨᠢ ᠭᠠᠳᠠᠭᠠᠳᠤ ᠢᠢᠨ ᠤᠯᠤᠰ ᠣᠷᠣᠨ ᠤ ᠮᠦᠽᠧᠢ᠂ ᠨᠣᠮ ᠤᠨ ᠰᠠᠩ᠂ ᠠᠷᠬᠢᠸ ᠲᠤ ᠪᠠᠢᠢᠭ᠎ᠠ ᠵᠠᠷᠢᠮ ᠡᠳ᠋ ᠥᠯᠥᠭ ᠦᠨ ᠵᠦᠢᠯᠡᠰ ᠦᠨ ᠬᠠᠭᠤᠯᠪᠤᠷᠢ᠂ ᠤᠷᠠᠨ ᠪᠦᠲᠦᠭᠡᠯ ᠶᠤᠮ. 《ᠴᠢᠩ᠋ᠭᠢᠰ ᠬᠠᠭᠠᠨ》 ᠬᠠᠭᠠᠳ᠂ ᠢᠵᠠᠭᠤᠷᠲᠠᠨ ᠤ ᠮᠦᠽᠧᠢ 2022 ᠣᠨ ᠤ 10 ᠳ᠋ᠤᠭᠠᠷ ᠰᠠᠷ᠎ᠠ ᠢᠢᠨ 12 ᠍ ᠤ ᠡᠳᠦᠷ ᠡᠴᠡ ᠢᠷᠭᠡᠳ ᠲᠥ ᠦᠢᠯᠡᠴᠢᠯᠡᠵᠦ ᠡᠬᠢᠯᠡᠨ᠎ᠡ᠃ 16 ᠬᠦᠷᠲᠡᠯ᠎ᠡ ᠨᠠᠰᠤᠨ ᠤ ᠬᠡᠦᠬᠡᠳ᠂ ᠥᠨᠳᠦᠷ ᠨᠠᠰᠤᠲᠠᠨ᠂ ᠬᠥᠭ᠍ᠵᠢᠯ ᠦᠨ ᠪᠡᠷᠬᠡᠰᠢᠶᠡᠯ ᠲᠡᠢ ᠢᠷᠭᠡᠳ ᠲᠥ ᠦᠨ᠎ᠡ ᠲᠥᠯᠦᠪᠦᠷᠢ ᠦᠭᠡᠢ᠂ ᠨᠠᠰᠤᠨ ᠳᠤ ᠬᠦᠷᠡᠭᠴᠢᠳ ᠲᠥ 30᠂000᠂ ᠣᠶᠤᠲᠠᠨ ᠳᠤ 15᠂000᠂ ᠭᠡᠷ ᠪᠦᠯᠢ ᠳᠥ 20᠂000 ᠲᠥᠭᠦᠷᠢᠭ᠌ ᠢᠶᠡᠷ ᠦᠢᠯᠡᠴᠢᠯᠡᠨ᠎ᠡ᠃
ᠮᠣᠩ᠋ᠭᠣᠯ ᠤᠯᠤᠰ ᠤᠨ ᠵᠠᠰᠠᠭ ᠤᠨ ᠭᠠᠵᠠᠷ ᠤᠨ 2019 ᠣᠨ ᠤ 07 ᠳ᠋ᠤᠭᠠᠷ ᠰᠠᠷ᠎ᠠ ᠢᠢᠨ 03 ᠍ ᠤ ᠡᠳᠦᠷ ᠦᠨ ᠬᠤᠷᠠᠯᠳᠤᠭᠠᠨ ᠠᠴᠠ 《ᠴᠢᠩ᠋ᠭᠢᠰ ᠬᠠᠭᠠᠨ》 ᠮᠦᠽᠧᠢ ᠢᠢ ᠪᠠᠢᠢᠭᠤᠯᠬᠤ ᠪᠠᠷ ᠰᠢᠢᠳᠪᠦᠷᠢᠯᠡᠭᠰᠡᠨ ᠶᠤᠮ᠃