《ᠴᠢᠩ᠋ᠭᠢᠰ ᠬᠠᠭᠠᠨ》 ᠬᠠᠭᠠᠳ᠂ ᠢᠵᠠᠭᠤᠷᠲᠠᠨ ᠤ ᠮᠦᠽᠧᠢ ᠢᠢ ᠨᠡᠬᠡᠭᠡᠬᠦ ᠶᠣᠰᠣᠯᠠᠯ 2022 ᠣᠨ ᠤ 10 ᠳ᠋ᠤᠭᠠᠷ ᠰᠠᠷ᠎ᠠ ᠢᠢᠨ 11 ᠍ ᠦ ᠡᠳᠦᠷ ᠪᠣᠯᠤᠯ᠎ᠠ᠃
ᠮᠦᠽᠧᠢ ᠳ᠋ᠥ᠄
ᠮᠣᠩ᠋ᠭᠣᠯ ᠤᠨ ᠡᠷᠲᠡᠨ ᠦ ᠲᠥᠷᠥᠳᠦ ᠤᠯᠤᠰ (ᠾᠢᠦᠩᠨᠦ᠂ ᠰᠢᠶᠨᠨᠪᠢ᠂ ᠵᠤᠵᠠᠨ);
ᠡᠷᠲᠡᠨ ᠦ ᠨᠡᠭᠦᠳᠡᠯᠴᠢᠳ ᠦᠨ ᠲᠥᠷᠥᠳᠦ ᠤᠯᠤᠰ (ᠲᠦᠷᠦᠭ᠂ ᠤᠢᠢᠭᠤᠷ᠂ ᠬᠢᠲᠠᠨ);
ᠶᠡᠬᠡ ᠮᠣᠩ᠋ᠭᠣᠯ ᠤᠯᠤᠰ;
ᠮᠣᠩ᠋ᠭᠣᠯ ᠤᠨ ᠶᠡᠬᠡ ᠡᠵᠡᠨᠲᠦ ᠤᠯᠤᠰ;
ᠴᠢᠩ᠋ᠭᠢᠰ ᠬᠠᠭᠠᠨ ᠤ ᠤᠭᠰᠠᠭᠠᠨ ᠤ ᠬᠠᠭᠠᠳ᠂ ᠢᠵᠠᠭᠤᠷᠲᠠᠨ ᠤ (XIV-XX ᠵᠠᠭᠤᠨ ᠤ ᠡᠬᠢᠨ ᠦᠶ᠎ᠡ);
ᠳᠡᠯᠡᠬᠡᠢ ᠳ᠋ᠠᠬᠢᠨ ᠪᠠ ᠮᠣᠩ᠋ᠭᠣᠯᠴᠤᠳ ᠤᠨ ᠲᠠᠩᠬᠢᠮ (ᠮᠣᠩ᠋ᠭᠣᠯ ᠪᠠᠬᠠᠷᠬᠠᠯ ᠤᠨ ᠲᠠᠩᠬᠢᠮ);
ᠶᠡᠬᠡ ᠬᠠᠭᠠᠨ ᠤ ᠬᠦᠨᠳᠦᠳᠬᠡᠯ ᠦᠨ ᠥᠷᠭᠥᠭᠡ ᠭᠡᠰᠡᠨ ᠪᠠᠢᠢᠩ᠋ᠭᠤ ᠢᠢᠨ ᠦᠵᠡᠮᠦᠷᠢ ᠢᠢ ᠨᠡᠢᠢᠲᠡ ᠳᠥ ᠲᠣᠯᠢᠯᠠᠭᠤᠯᠬᠤ ᠶᠤᠮ᠃
《ᠴᠢᠩ᠋ᠭᠢᠰ ᠬᠠᠭᠠᠨ》 ᠬᠠᠭᠠᠳ᠂ ᠢᠵᠠᠭᠤᠷᠲᠠᠨ ᠤ ᠮᠦᠽᠧᠢ 12 ᠮᠢᠩ᠋ᠭ᠎ᠠ ᠣᠷᠴᠢᠮ ᠦᠵᠡᠮᠦᠷᠢ ᠲᠡᠢ ᠪᠥᠭᠡᠳ 92 ᠬᠤᠪᠢ ᠨᠢ ᠡᠬᠡ ᠦᠵᠡᠮᠦᠷᠢ᠂ ᠦᠯᠡᠳᠡᠬᠦ ᠬᠤᠪᠢ ᠨᠢ ᠭᠠᠳᠠᠭᠠᠳᠤ ᠢᠢᠨ ᠤᠯᠤᠰ ᠣᠷᠣᠨ ᠤ ᠮᠦᠽᠧᠢ᠂ ᠨᠣᠮ ᠤᠨ ᠰᠠᠩ᠂ ᠠᠷᠬᠢᠸ ᠲᠤ ᠪᠠᠢᠢᠭ᠎ᠠ ᠵᠠᠷᠢᠮ ᠡᠳ᠋ ᠥᠯᠥᠭ ᠦᠨ ᠵᠦᠢᠯᠡᠰ ᠦᠨ ᠬᠠᠭᠤᠯᠪᠤᠷᠢ᠂ ᠤᠷᠠᠨ ᠪᠦᠲᠦᠭᠡᠯ ᠶᠤᠮ.
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠮᠦᠽᠧᠢ ᠢᠢᠨ ᠨᠡᠭᠡᠭᠡᠯᠲᠡ ᠳᠥ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃
《ᠶᠡᠬᠡ ᠮᠣᠩ᠋ᠭᠣᠯ ᠤᠯᠤᠰ ᠤᠨ ᠭᠠᠯ ᠭᠣᠯᠣᠮᠲᠠ ᠢᠢ ᠰᠠᠬᠢᠨ ᠰᠠᠭᠤᠭ᠎ᠠ ᠮᠠᠨ ᠤ ᠤᠯᠤᠰ ᠤᠨ ᠠᠷᠠᠳ ᠢᠷᠭᠡᠳ ᠡ᠂
ᠳᠡᠯᠡᠬᠡᠢ ᠳᠠᠶᠠᠭᠠᠷ ᠲᠠᠷᠬᠠᠨ ᠰᠠᠭᠤᠭ᠎ᠠ ᠡᠯᠢᠭᠡ ᠨᠢᠭᠡᠲᠦ ᠮᠣᠩ᠋ᠭᠣᠯ ᠠᠬᠠᠨ ᠳᠡᠭᠦᠰ ᠡ᠂
ᠡᠷᠬᠢᠮ ᠬᠦᠨᠳᠦᠳᠥ ᠵᠣᠴᠢᠳ᠂ ᠡᠷᠬᠢᠮ ᠨᠥᠬᠥᠳ ᠡ᠂
ᠢᠷᠦᠭᠡᠯ ᠪᠡᠯᠭᠡ᠂ ᠥᠯᠵᠡᠢ ᠤᠴᠠᠷᠠᠯ ᠲᠡᠭᠰᠢ ᠳᠦᠭᠦᠷᠡᠩ ᠪᠦᠷᠢᠳᠦᠭᠰᠡᠨ ᠡᠨᠡ ᠰᠠᠢᠢᠬᠠᠨ ᠡᠳᠦᠷ ᠡᠵᠡᠨ ᠪᠣᠭᠳᠠ ᠴᠢᠩ᠋ᠭᠢᠰ ᠬᠠᠭᠠᠨ ᠪᠣᠯᠤᠨ ᠲᠡᠭᠦᠨ ᠦ ᠵᠠᠯᠭᠠᠮᠵᠢᠯᠠᠭᠴᠢᠳ ᠤᠨ ᠲᠡᠦᠬᠡᠨ ᠭᠠᠪᠢᠶ᠎ᠠ᠂ ᠦᠢᠯᠡ ᠬᠡᠷᠡᠭ ᠢ ᠠᠯᠳᠠᠷᠰᠢᠭᠤᠯᠵᠤ᠂ ᠰᠤᠤ ᠠᠯᠳᠠᠷ ᠢ ᠮᠥᠩᠬᠡᠵᠢᠭᠦᠯᠬᠦ ᠵᠣᠷᠢᠯᠭ᠎ᠠ ᠪᠠᠷ᠂ ᠳᠠᠶᠠᠭᠠᠷ ᠮᠣᠩ᠋ᠭᠣᠯ ᠤᠨ ᠠᠷᠢᠭᠤᠨ ᠭᠠᠯ ᠭᠣᠯᠣᠮᠲᠠ᠂ ᠤᠯᠤᠰ ᠤᠨ ᠨᠡᠢᠢᠰᠯᠡᠯ ᠤᠯᠠᠭᠠᠨᠪᠠᠭᠠᠲᠤᠷ ᠬᠣᠲᠠ ᠳᠤ 《ᠴᠢᠩ᠋ᠭᠢᠰ ᠬᠠᠭᠠᠨ》 ᠬᠠᠭᠠᠳ᠂ ᠢᠵᠠᠭᠤᠷᠲᠠᠨ ᠤ ᠮᠦᠽᠧᠢ ᠢᠢ ᠨᠡᠭᠡᠭᠡᠵᠦ᠂ ᠳᠠᠯᠠᠢ ᠶᠡᠬᠡ ᠡᠪᠦᠭᠡ ᠳᠡᠭᠡᠳᠦᠰ ᠲᠥ ᠪᠡᠨ ᠭᠦᠨ ᠬᠦᠨᠳᠦᠳᠬᠡᠯ ᠦᠵᠡᠭᠦᠯᠬᠦ ᠪᠡᠷ ᠲᠠ ᠪᠢᠳᠡ ᠬᠤᠷᠠᠨ ᠴᠤᠭᠯᠠᠭᠠᠳ ᠪᠠᠢᠢᠨ᠎ᠠ᠃
ᠡᠨᠡ ᠵᠢᠯ ᠮᠣᠩ᠋ᠭᠣᠯᠴᠤᠳ ᠪᠢᠳᠡᠨ ᠦ ᠬᠤᠪᠢ ᠳᠤ ᠲᠥᠷᠦᠳᠦ ᠶᠣᠰᠣ᠂ ᠲᠡᠦᠬᠡ ᠰᠣᠶᠣᠯ᠂ ᠬᠠᠤᠯᠢ ᠴᠠᠭᠠᠵᠠ ᠢᠢᠨ ᠳ᠋ᠣᠷ ᠮᠣᠩ᠋ᠭᠣᠯ ᠲᠤᠭᠤᠷᠭᠠᠲᠠᠨ ᠢ ᠨᠢᠭᠡᠳᠬᠡᠨ᠂ ᠥᠨᠢ ᠡᠷᠲᠡᠨ ᠡᠴᠡ ᠤᠯᠪᠠᠭ᠎ᠠ ᠲᠠᠢ ᠮᠣᠩ᠋ᠭᠣᠯ ᠲᠥᠷᠦ ᠢᠢᠨ ᠭᠠᠯ ᠭᠣᠯᠣᠮᠲᠠ ᠢᠢ ᠪᠠᠳᠠᠷᠠᠭᠠᠨ᠂ ᠮᠥᠩᠬᠡ ᠲᠩᠷᠢ ᠢᠢᠨ ᠬᠦᠴᠦᠨ ᠳ᠋ᠣᠷ ᠶᠡᠬᠡ ᠮᠣᠩ᠋ᠭᠣᠯ ᠤᠯᠤᠰ ᠢᠶᠠᠨ ᠪᠠᠢᠢᠭᠤᠯᠵᠤ᠂ ᠮᠣᠩ᠋ᠭᠣᠯ ᠦᠨᠳᠦᠰᠦᠲᠡᠨ ᠦ ᠰᠤᠤ ᠠᠯᠳᠠᠷ ᠢ ᠳᠡᠯᠡᠬᠡᠢ ᠳ᠋ᠠᠬᠢᠨ ᠳᠤ ᠲᠤᠩᠬᠠᠭᠯᠠᠨ ᠮᠠᠨᠳᠤᠭᠤᠯᠤᠭᠰᠠᠨ ᠡᠵᠡᠨ ᠪᠣᠭᠳᠠ ᠴᠢᠩ᠋ᠭᠢᠰ ᠬᠠᠭᠠᠨ ᠤ ᠮᠡᠨᠳᠦᠯᠡᠭᠰᠡᠨ ᠦ 860 ᠵᠢᠯ ᠦᠨ ᠲᠡᠭᠰᠢ ᠣᠢ ᠲᠣᠬᠢᠶᠠᠵᠤ ᠪᠠᠢᠢᠨ᠎ᠠ᠃
ᠶᠡᠬᠡ ᠡᠵᠡᠨ ᠴᠢᠩ᠋ᠭᠢᠰ ᠬᠠᠭᠠᠨ ᠮᠣᠩ᠋ᠭᠣᠯ ᠤᠨ ᠲᠡᠳᠦᠢ ᠦᠭᠡᠢ ᠳᠡᠯᠡᠬᠡᠢ ᠶᠢᠷᠲᠢᠨᠴᠦ ᠢᠢᠨ ᠲᠡᠦᠬᠡᠨ ᠳᠥ ᠦᠨᠡᠯᠡᠵᠦ ᠪᠠᠷᠠᠰᠢ ᠦᠭᠡᠢ ᠬᠤᠪᠢ ᠨᠡᠮᠡᠷᠢ ᠣᠷᠣᠭᠤᠯᠵᠤ᠂ ᠬᠦᠮᠦᠨ ᠲᠥᠷᠥᠯᠬᠢᠲᠡᠨ ᠦ ᠬᠥᠭ᠍ᠵᠢᠯ ᠳᠡᠪᠰᠢᠯ ᠦᠨ ᠦᠨᠳᠦᠰᠦ ᠰᠠᠭᠤᠷᠢ ᠢᠢ ᠴᠣᠭᠴᠠᠯᠠᠭᠠᠬᠤ ᠳᠤ ᠣᠨᠦᠴᠦᠭᠠᠢ ᠭᠠᠪᠢᠶ᠎ᠠ ᠪᠠᠢᠢᠭᠤᠯᠤᠭᠰᠠᠨ ᠠᠤᠭ᠎ᠠ ᠶᠡᠬᠡ ᠬᠠᠭᠠᠨ ᠪᠢᠯᠡ᠃
ᠡᠵᠡᠨ ᠬᠠᠭᠠᠨ᠂ ᠲᠡᠭᠦᠨ ᠦ ᠵᠠᠯᠭᠠᠮᠵᠢᠯᠠᠭᠴᠢᠳ ᠧᠦ᠋ᠷᠣᠠᠽᠢ ᠢᠢᠨ ᠥᠷᠭᠡᠨ ᠠᠭᠤᠳᠠᠮ ᠨᠤᠲᠤᠭ ᠲᠤ ᠠᠽᠢ᠂ ᠧᠦ᠋ᠷᠣᠫᠠ ᠢᠢᠨ ᠣᠯᠠᠨ ᠦᠨᠳᠦᠰᠦᠲᠡᠨ ᠬᠣᠭᠣᠷᠣᠨᠳᠣ ᠢᠢᠨ ᠳᠠᠢᠢᠨ ᠲᠤᠯᠤᠭᠠᠨ᠂ ᠵᠥᠷᠢᠴᠡᠯ᠂ ᠲᠡᠮᠡᠴᠡᠯᠳᠦᠭᠡᠨ ᠢ ᠵᠣᠭᠰᠣᠭᠠᠵᠤ᠂ ᠳᠡᠯᠡᠬᠡᠢ ᠶᠢᠷᠲᠢᠨᠴᠦ ᠳ᠋ᠥ 《ᠮᠣᠩ᠋ᠭᠣᠯ ᠤᠨ ᠶᠡᠬᠡ ᠠᠮᠤᠷ ᠠᠮᠤᠭᠤᠯᠠᠩ》 ᠢ ᠲᠣᠭᠲᠠᠭᠠᠵᠤ᠂ ᠤᠯᠤᠰ ᠲᠦᠮᠡᠨ ᠨᠦᠭᠦᠳ ᠦᠨ ᠬᠠᠷᠢᠯᠴᠠᠭ᠎ᠠ ᠬᠣᠯᠪᠣᠭ᠎ᠠ᠂ ᠡᠶ᠎ᠡ ᠡᠪ ᠢ ᠪᠡᠬᠢᠵᠢᠭᠦᠯᠦᠨ᠂ ᠣᠶᠤᠨ ᠰᠠᠨᠠᠭ᠎ᠠ᠂ ᠱᠠᠰᠢᠨ ᠰᠢᠲᠦᠯᠭᠡ᠂ ᠬᠤᠳᠠᠯᠳᠤᠭ᠎ᠠ ᠠᠷᠢᠯᠵᠢᠶ᠎ᠠ᠂ ᠰᠣᠶᠣᠯ᠂ ᠤᠷᠠᠯᠢᠭ᠂ ᠰᠢᠨᠵᠢᠯᠡᠬᠦ ᠤᠬᠠᠭᠠᠨ ᠬᠢᠭᠡᠳ ᠲᠤᠬᠠᠢ ᠢᠢᠨ ᠦᠶ᠎ᠡ ᠢᠢᠨ ᠬᠦᠮᠦᠨ ᠦ ᠨᠡᠢᠢᠭᠡᠮ ᠬᠥᠭ᠍ᠵᠢᠨ ᠳᠡᠪᠵᠢᠬᠦ ᠲᠠᠭᠠᠲᠠᠢ ᠨᠥᠬᠥᠴᠡᠯ ᠢ ᠪᠦᠷᠢᠳᠦᠭᠦᠯᠵᠦ ᠴᠢᠳᠠᠭᠰᠠᠨ ᠶᠤᠮ᠃
ᠳᠡᠯᠡᠬᠡᠢ ᠢᠢᠨ ᠤᠯᠤᠰ ᠲᠦᠮᠡᠨ ᠦᠨᠡᠲᠦ ᠵᠦᠢᠯᠡᠰ ᠢᠶᠡᠨ ᠬᠠᠷᠢᠯᠴᠠᠨ ᠬᠦᠯᠢᠶᠡᠨ ᠵᠥᠪᠰᠢᠶᠡᠷᠡᠵᠥ᠂ ᠣᠯᠠᠨ ᠰᠣᠶᠣᠯ ᠢᠷᠭᠡᠨᠰᠢᠯ᠂ ᠱᠠᠰᠢᠨ ᠰᠢᠲᠦᠯᠭᠡ ᠵᠡᠷᠭᠡᠴᠡᠨ ᠣᠷᠣᠰᠢᠬᠤ ᠤᠴᠢᠷ ᠲᠠᠢ ᠢᠢ ᠠᠩᠬᠠᠯᠠᠨ ᠮᠡᠳᠡᠷᠡᠭᠦᠯᠵᠦ᠂ ᠬᠦᠮᠦᠨ ᠲᠥᠷᠦᠯᠬᠢᠲᠡᠨ ᠦ ᠬᠥᠭ᠍ᠵᠢᠯ ᠳ᠋ᠦ ᠣᠨᠤᠴᠤᠭᠠᠢ ᠭᠠᠪᠢᠶ᠎ᠠ ᠪᠠᠢᠢᠭᠤᠯᠤᠭᠰᠠᠨ ᠶᠡᠬᠡ ᠡᠵᠡᠨ ᠴᠢᠩ᠋ᠭᠢᠰ ᠬᠠᠭᠠᠨ ᠤ ᠲᠡᠦᠬᠡᠨ ᠦᠢᠯᠡ ᠬᠡᠷᠡᠭ ᠢ ᠬᠦᠮᠦᠨ ᠲᠥᠷᠦᠯᠬᠢᠲᠡᠨ ᠬᠦᠯᠢᠶᠡᠨ ᠵᠥᠪᠰᠢᠶᠡᠷᠡᠭᠰᠡᠨ᠃
2005 ᠣᠨ ᠳᠤ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠶᠡᠷᠦᠩᠬᠡᠢ ᠠᠰᠰᠠᠮᠪᠯᠧᠢ ᠶᠡᠬᠡ ᠮᠣᠩ᠋ᠭᠣᠯ ᠤᠯᠤᠰ ᠪᠠᠢᠢᠭᠤᠯᠤᠭᠳᠠᠰᠤᠨ ᠤ 800 ᠵᠢᠯ ᠦᠨ ᠣᠢ ᠢᠢ ᠳᠡᠯᠡᠬᠡᠢ ᠨᠡᠢᠢᠲᠡ ᠪᠡᠷ ᠢᠶᠡᠨ ᠲᠡᠮᠳᠡᠭᠯᠡᠨ ᠥᠩ᠋ᠭᠡᠷᠡᠭᠦᠯᠬᠦ ᠲᠣᠭᠲᠠᠭᠠᠯ ᠭᠠᠷᠭᠠᠵᠤ ᠪᠠᠢᠢᠭᠰᠠᠨ ᠪᠢᠯᠡ᠃
ᠴᠢᠩ᠋ᠭᠢᠰ ᠬᠠᠭᠠᠨ ᠪᠣᠯ ᠳᠡᠯᠡᠬᠡᠢ ᠢᠢᠨ ᠣᠯᠠᠨ ᠦᠨᠳᠦᠰᠦᠲᠡᠨ᠂ ᠠᠷᠠᠳ ᠲᠦᠮᠡᠨ ᠦ ᠡᠩᠬᠡ ᠲᠠᠢᠢᠪᠤᠩ ᠤᠨ ᠲᠥᠯᠦᠭᠡ ᠲᠡᠮᠡᠴᠡᠵᠦ᠂ ᠲᠢᠢᠪ᠂ ᠳᠡᠯᠡᠬᠡᠢ ᠳᠥ ᠠᠮᠤᠷ ᠠᠮᠤᠭᠤᠯᠠᠩ ᠢ ᠴᠣᠭᠴᠠᠯᠠᠭᠠᠨ᠂ ᠬᠦᠮᠦᠨ ᠲᠥᠷᠦᠯᠬᠢᠲᠡᠨ ᠦ ᠡᠮᠦᠨ᠎ᠡ ᠠᠤᠭ᠎ᠠ ᠦᠢᠯᠡ ᠬᠡᠷᠡᠭ ᠢ ᠪᠦᠲᠦᠭᠡᠭ᠍ᠰᠡᠨ ᠶᠡᠬᠡ ᠬᠦᠮᠦᠨ ᠬᠡᠮᠡᠨ ᠣᠯᠠᠨ ᠤᠯᠤᠰ ᠤᠨ ᠲᠡᠦᠬᠡᠴᠢᠳ᠂ ᠡᠷᠳᠡᠮᠲᠡᠨ ᠰᠤᠳᠤᠯᠤᠭᠠᠴᠢᠳ ᠣᠨᠴᠠᠯᠠᠨ ᠲᠡᠮᠳᠡᠭᠯᠡᠳᠡᠭ ᠶᠤᠮ᠃
《ᠴᠢᠩ᠋ᠭᠢᠰ ᠬᠠᠭᠠᠨ》 ᠬᠠᠭᠠᠳ ᠢᠵᠠᠭᠤᠷᠲᠠᠨ ᠤ ᠮᠦᠽᠧᠢ ᠴᠢᠩ᠋ᠭᠢᠰ ᠬᠠᠭᠠᠨ ᠰᠤᠳᠤᠯᠤᠯ ᠤᠨ ᠣᠯᠠᠨ ᠤᠯᠤᠰ ᠤᠨ ᠭᠣᠣᠯ ᠲᠥᠪ ᠪᠣᠯᠵᠤ᠂ ᠶᠡᠬᠡ ᠬᠠᠭᠠᠳ ᠤᠨ ᠰᠤᠤ ᠠᠯᠳᠠᠷ ᠢ ᠳᠡᠯᠡᠬᠡᠢ ᠳ᠋ᠠᠬᠢᠨ ᠠ ᠦᠶ᠎ᠡ ᠢᠢᠨ ᠦᠶ᠎ᠡ ᠳᠥ ᠲᠦᠭᠡᠭᠡᠨ ᠳᠡᠯᠭᠡᠷᠡᠭᠦᠯᠵᠦ ᠪᠠᠢᠢᠬᠤ ᠢᠢᠨ ᠥᠯᠵᠡᠢᠢᠲᠡᠢ ᠢᠷᠦᠭᠡᠯ ᠢ ᠡᠷᠭᠦᠨ ᠳᠡᠪᠰᠢᠭᠦᠯᠦᠶ᠎ᠡ᠃
ᠳᠡᠯᠡᠬᠡᠢ ᠢᠢᠨ ᠮᠢᠩ᠋ᠭᠠᠨ ᠤ ᠰᠤᠤᠲᠤ ᠬᠥᠮᠥᠨ ᠡᠵᠡᠨ ᠪᠣᠭᠳᠠ ᠴᠢᠩ᠋ᠭᠢᠰ ᠬᠠᠭᠠᠨ ᠤ ᠮᠡᠨᠳᠦᠯᠡᠭᠰᠡᠨ ᠦ 860 ᠵᠢᠯ ᠦᠨ ᠣᠢ ᠢᠢ ᠲᠣᠬᠢᠶᠠᠯᠳᠤᠭᠤᠯᠤᠨ ᠮᠣᠩ᠋ᠭᠣᠯ ᠤᠨ ᠠᠷᠠᠳ ᠲᠦᠮᠡᠨ ᠦ ᠣᠯᠠᠨ ᠵᠠᠭᠤᠨ ᠵᠢᠯ ᠦᠨ ᠬᠦᠰᠡᠯ ᠮᠥᠷᠥᠭᠡᠳᠦᠯ ᠦᠨ ᠪᠡᠶᠡᠯᠡᠯ ᠪᠣᠯᠤᠭᠰᠠᠨ ᠡᠵᠡᠨ ᠪᠣᠭᠳᠠ ᠴᠢᠩ᠋ᠭᠢᠰ ᠬᠠᠭᠠᠨ ᠤ ᠬᠦᠨᠳᠦᠳᠬᠡᠯ ᠦᠨ ᠥᠷᠭᠥᠭᠡ- 《ᠴᠢᠩ᠋ᠭᠢᠰ ᠬᠠᠭᠠᠨ》 ᠬᠠᠭᠠᠳ ᠢᠵᠠᠭᠤᠷᠲᠠᠨ ᠤ ᠮᠦᠽᠧᠢ ᠢᠢᠨ ᠥᠨᠳᠥᠷ ᠡᠭᠦᠳᠡ ᠢᠢ ᠡᠷᠭᠦᠵᠦ᠂ ᠠᠯᠲᠠᠨ ᠪᠣᠰᠬ᠎ᠠ ᠢᠢ ᠮᠢᠯᠢᠶᠠᠨ ᠠᠯᠪᠠᠨ ᠶᠣᠰᠣ ᠪᠠᠷ ᠶᠣᠰᠣᠯᠠᠯ ᠲᠡᠭᠦᠯᠳᠡᠷ ᠨᠡᠭᠡᠭᠡᠵᠦ ᠪᠠᠢᠢᠨ᠎ᠠ᠃
ᠮᠥᠩᠬᠡ ᠲᠩᠷᠢ ᠢᠢᠨ ᠬᠦᠴᠦᠨ ᠳ᠋ᠣᠷ ᠶᠡᠬᠡ ᠡᠵᠡᠨ ᠴᠢᠩ᠋ᠭᠢᠰ ᠬᠠᠭᠠᠨ ᠤ ᠰᠤᠤ ᠠᠯᠳᠠᠷ᠂ ᠰᠦᠷ ᠬᠦᠴᠦ ᠮᠣᠩ᠋ᠭᠣᠯᠴᠤᠳ ᠪᠢᠳᠡᠨ ᠢ ᠥᠨᠢ ᠮᠥᠩᠬᠡᠳ ᠢᠪᠡᠭᠡᠬᠦ ᠪᠣᠯᠲᠤᠭᠠᠢ᠃