ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠬᠡᠷᠡᠭᠵᠢᠵᠦ ᠡᠬᠢᠯᠡᠭᠰᠡᠨ ᠡᠴᠡ ᠬᠣᠢᠢᠰᠢ ᠨᠢᠭᠡ ᠵᠢᠯ ᠥᠩ᠋ᠭᠡᠷᠡᠵᠥ ᠪᠠᠢᠢᠨ᠎ᠠ᠃
ᠥᠩ᠋ᠭᠡᠷᠡᠭᠰᠡᠨ ᠬᠤᠭᠤᠴᠠᠭᠠᠨ ᠳᠤ ᠬᠢᠭ᠍ᠰᠡᠨ ᠠᠵᠢᠯ ᠤᠨ ᠲᠠᠯ᠎ᠠ ᠪᠠᠷ ᠪᠠᠢᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠰᠠᠢᠢᠳ ᠪᠠ ∙ ᠪᠠᠲᠤ-ᠡᠷᠳᠡᠨᠢ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠪᠠᠢᠢᠭᠠᠯᠢ ᠣᠷᠴᠢᠨ᠂ ᠨᠣᠭᠣᠭᠠᠨ ᠬᠥᠭ᠍ᠵᠢᠯ ᠦᠨ ᠪᠣᠳᠣᠯᠭ᠎ᠠ ᠢᠢᠨ ᠵᠥᠪᠯᠡᠬᠦ ᠨ ∙ ᠪᠠᠲᠤᠬᠦᠢᠦ᠂ ᠣᠢ ᠢᠢᠨ ᠭᠠᠵᠠᠷ ᠤᠨ ᠳᠠᠷᠤᠭ᠎ᠠ ᠪ ∙ ᠣᠶᠤᠨᠰᠠᠠᠨᠠᠭᠠ ᠨᠠᠷ ᠮᠡᠳᠡᠭᠡᠯᠡᠯ ᠥᠭ᠍ᠪᠡ᠃
ᠤᠯᠤᠰ ᠤᠨ ᠬᠡᠮᠵᠢᠶᠡᠨ ᠳᠥ 10 ᠭᠠᠷᠤᠢ ᠰᠠᠶ᠎ᠠ ᠮᠣᠳᠣ ᠲᠠᠷᠢᠵᠤ᠂ ᠠᠷᠠᠴᠢᠯᠠᠵᠤ᠂ ᠬᠠᠮᠠᠭᠠᠯᠠᠵᠤ ᠪᠠᠢᠢᠨ᠎ᠠ᠃ ᠨᠢᠭᠡ ᠵᠢᠯ ᠦᠨ ᠬᠤᠭᠤᠴᠠᠭᠠᠨ ᠳᠤ ᠤᠯᠤᠰ ᠤᠨ ᠬᠡᠮᠵᠢᠶᠡᠨ ᠳᠥ 39 ᠵᠦᠢᠯ ᠦᠨ ᠮᠣᠳᠣ᠂ ᠰᠥᠭ᠍ᠡᠭᠡᠨ ᠦ 12 ᠲᠣᠨᠨ᠋᠋ ᠦᠷ᠎ᠡ ᠢᠢᠨ ᠨᠥᠭᠡᠴᠡ ᠪᠦᠷᠢᠳᠦᠭᠦᠯᠦᠭᠰᠡᠨ ᠨᠢ ᠡᠮᠦᠨᠡᠬᠢ ᠣᠨ ᠤ ᠮᠥᠨ ᠦᠶ᠎ᠡ ᠲᠡᠢ ᠬᠠᠷᠢᠴᠠᠭᠤᠯᠬᠤ ᠳᠤ 4.5 ᠳ᠋ᠠᠬᠢᠨ ᠨᠡᠮᠡᠭᠳᠡᠭᠰᠡᠨ᠃ ᠮᠥᠨ 306 ᠮᠣᠳᠣ ᠦᠷᠡᠵᠢᠭᠦᠯᠭᠡ ᠢᠢᠨ ᠭᠠᠵᠠᠷ 46 ᠰᠠᠶ᠎ᠠ ᠲᠠᠷᠢᠴᠠ᠂ ᠰᠠᠭᠤᠯᠭᠠᠴᠠ ᠢᠢᠨ ᠨᠥᠭᠡᠴᠡ ᠲᠡᠢ ᠪᠣᠯᠤᠭᠰᠠᠨ ᠨᠢ ᠡᠮᠦᠨᠡᠬᠢ ᠣᠨ ᠤ ᠮᠥᠨ ᠦᠶ᠎ᠡ ᠲᠡᠢ ᠬᠠᠷᠢᠴᠠᠭᠤᠯᠬᠤ ᠳᠤ ᠳᠥᠷᠪᠡ ᠳ᠋ᠠᠬᠢᠨ ᠨᠡᠮᠡᠭᠳᠡᠵᠡᠢ᠃
ᠠᠭᠤᠯᠠ ᠠᠭᠤᠷᠬᠠᠢ ᠢᠢᠨ ᠺᠣᠮᠫᠠᠨᠢ ᠨᠤᠭᠤᠳ 608 ᠰᠠᠶ᠎ᠠ ᠮᠣᠳᠣ ᠲᠠᠷᠢᠵᠤ ᠤᠷᠭᠤᠭᠤᠯᠬᠤ ᠪᠠᠨ ᠢᠯᠡᠷᠬᠡᠢᠢᠯᠡᠵᠦ ᠪᠡᠯᠡᠳᠬᠡᠯ ᠢᠶᠡᠨ ᠬᠠᠩ᠋ᠭᠠᠵᠤ ᠪᠠᠢᠢᠨ᠎ᠠ. 《ᠡᠷᠳᠡᠨᠢᠲᠦ ᠦᠢᠯᠡᠳᠪᠦᠷᠢ》 ᠲᠥᠷᠥ ᠢᠢᠨ ᠥᠮᠴᠢᠲᠤ ᠦᠢᠯᠡᠳᠪᠦᠷᠢ ᠢᠢᠨ ᠭᠠᠵᠠᠷ ᠭᠡᠬᠦ ᠳᠥ ᠯᠠ 1᠂000 ᠲᠣᠨᠨ ᠪᠠᠭᠲᠠᠭᠠᠮᠵᠢ ᠲᠠᠢ ᠮᠣᠳᠣᠨ ᠤ ᠦᠷ᠎ᠡ᠂ ᠲᠠᠷᠢᠴᠠ ᠰᠠᠭᠤᠯᠭᠠᠴᠠ ᠬᠠᠳᠠᠭᠠᠯᠠᠬᠤ ᠠᠭᠤᠯᠬᠤ᠂ ᠦᠷ᠎ᠡ ᠢᠢᠨ ᠴᠢᠨᠠᠷ᠂ ᠪᠢᠣᠲ᠋ᠧᠭᠨᠣᠯᠣᠭᠢ᠂ ᠬᠣᠷᠢᠭ᠎ᠠ ᠴᠡᠭᠡᠷ ᠦᠨ ᠯᠠᠪᠤᠷᠠᠲ᠋ᠣᠷᠢ ᠪᠦᠬᠦᠢ ᠣᠢ ᠢᠢᠨ ᠭᠧᠨᠧᠲ᠋ᠢᠭ ᠨᠥᠭᠡᠴᠡ ᠢᠢᠨ ᠲᠥᠪ ᠢ ᠠᠰᠢᠭᠯᠠᠯᠲᠠ ᠳᠤ ᠣᠷᠣᠭᠤᠯᠤᠭᠰᠠᠨ᠃
ᠮᠥᠨ ᠵᠢᠯ ᠳᠥ 500 ᠮᠧᠲᠷ ᠺᠥᠪ ᠦᠷᠡᠵᠢᠯ ᠰᠢᠮᠡᠲᠦ ᠬᠥᠷᠦᠰᠥ ᠪᠡᠯᠡᠳᠬᠡᠬᠦ ᠲᠥᠪ᠂ ᠵᠢᠯ ᠳᠥ 10 ᠰᠠᠶ᠎ᠠ ᠲᠠᠷᠢᠴᠠ ᠪᠣᠢᠢᠵᠢᠭᠤᠯᠬᠤ ᠬᠦᠴᠦᠨ ᠴᠢᠳᠠᠯ ᠲᠠᠢ᠂ ᠪᠦᠷᠢᠨ ᠠᠦ᠋ᠲ᠋ᠣᠮᠠᠲ ᠮᠣᠳᠣ ᠦᠷᠡᠵᠢᠭᠦᠯᠭᠡ ᠢᠢᠨ ᠴᠣᠭᠴᠠᠯᠠᠪᠤᠷᠢ ᠪᠠᠢᠢᠭᠤᠯᠵᠤ ᠪᠠᠢᠢᠨ᠎ᠠ᠃
ᠬᠣᠯᠪᠣᠭᠳᠠᠬᠤ ᠶᠠᠮᠤᠨ᠂ ᠠᠭᠧᠨᠲᠯᠢᠭ᠂ ᠲᠥᠷᠥ ᠢᠢᠨ ᠪᠣᠯᠤᠨ ᠲᠥᠷᠥ ᠢᠢᠨ ᠪᠤᠰᠤ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ ᠬᠠᠮᠲᠤᠷᠠᠨ 1᠂000 ᠭᠠᠷᠤᠢ ᠰᠤᠷᠭᠠᠭᠴᠢ ᠪᠠᠭᠰᠢ ᠪᠡᠯᠡᠳᠬᠡᠵᠦ᠂ 24 ᠣᠷᠴᠢᠮ ᠮᠢᠩ᠋ᠭᠠᠨ ᠬᠦᠮᠦᠨ ᠢ ᠲᠠᠩᠬᠢᠮ᠂ ᠳᠠᠳᠤᠯᠭ᠎ᠠ ᠢᠢᠨ ᠰᠤᠷᠭᠠᠯᠲᠠ ᠳᠤ ᠬᠠᠮᠤᠷᠤᠭᠤᠯᠵᠠᠢ᠃
《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠠᠢᠢᠮᠠᠭ᠂ ᠨᠡᠢᠢᠰᠯᠡᠯ ᠨᠡᠢᠢᠲᠡ 680 ᠰᠠᠶ᠎ᠠ ᠮᠣᠳᠣ ᠲᠠᠷᠢᠵᠤ᠂ ᠤᠷᠭᠤᠭᠤᠯᠤᠨ᠎ᠠ᠃ ᠨᠡᠢᠢᠰᠯᠡᠯ ᠬᠣᠲᠠ ᠭᠡᠬᠦ ᠳᠥ 2030 ᠣᠨ ᠬᠦᠷᠲᠡᠯ᠎ᠡ 13 ᠭᠠ᠂ ᠲᠠᠯᠠᠪᠠᠢ ᠳᠤ ᠣᠢᠢᠵᠢᠭᠤᠯᠤᠯᠲᠠ᠂ ᠨᠥᠬᠥᠨ ᠰᠡᠷᠭᠦᠭᠡᠯᠲᠡ ᠬᠢᠵᠦ 20 ᠰᠠᠶ᠎ᠠ᠂ ᠪᠦᠬᠦ ᠲᠥᠷᠥᠯ ᠦᠨ ᠬᠠᠮᠠᠭᠠᠯᠠᠯᠲᠠ ᠢᠢᠨ ᠣᠢ ᠢᠢᠨ ᠵᠤᠷᠪᠤᠰ ᠪᠦᠬᠦᠢ 3᠂500 ᠭᠠ᠂ ᠲᠠᠯᠠᠪᠠᠢ ᠳᠤ 4.5 ᠰᠠᠶ᠎ᠠ᠂ ᠤᠯᠠᠭᠠᠨᠪᠠᠭᠠᠲᠤᠷ ᠬᠣᠲᠠ ᠢᠢᠨ ᠨᠣᠭᠣᠭᠠᠨ ᠪᠠᠢᠢᠭᠤᠯᠤᠮᠵᠢ ᠢᠢᠨ 3᠂750 ᠭᠠ᠂ ᠲᠠᠯᠠᠪᠠᠢ ᠳᠤ 65 ᠰᠠᠶ᠎ᠠ᠂ ᠢᠷᠭᠡᠨ᠂ ᠠᠵᠤ ᠠᠬᠤᠢ ᠢᠢᠨ ᠨᠢᠭᠡᠴᠡ ᠪᠠᠢᠢᠭᠤᠯᠤᠯᠭ᠎ᠠ ᠢᠢᠨ ᠰᠠᠨᠠᠭᠠᠴᠢᠯᠠᠭ᠎ᠠ ᠪᠠᠷ 30 ᠰᠠᠶ᠎ᠠ᠂ ᠨᠡᠢᠢᠲᠡ 120 ᠣᠷᠴᠢᠮ ᠰᠠᠶ᠎ᠠ ᠮᠣᠳᠣ ᠲᠠᠷᠢᠵᠤ᠂ ᠤᠷᠭᠤᠭᠤᠯᠤᠨ᠎ᠠ᠃
ᠮᠣᠩ᠋ᠭᠣᠯ ᠤᠨ ᠪᠠᠩᠬᠢᠨ ᠤ ᠬᠣᠯᠪᠣᠭᠠᠨ ᠤ ᠭᠡᠰᠢᠭᠦᠨ ᠪᠠᠢᠢᠭᠤᠯᠤᠯᠭ᠎ᠠ ᠨᠤᠭᠤᠳ ᠵᠢᠯ ᠪᠦᠷᠢ ᠬᠣᠶᠠᠷ ᠲᠡᠷᠪᠤᠮ ᠲᠥᠭᠥᠷᠢᠭ᠌ ᠡᠴᠡ ᠪᠠᠭ᠎ᠠ ᠦᠭᠡᠢ ᠬᠡᠮᠵᠢᠶᠡᠨ ᠦ ᠬᠠᠨᠳᠢᠪ ᠥᠭ᠍ᠬᠦ ᠪᠥᠭᠡᠳ ᠨᠣᠭᠣᠭᠠᠨ ᠵᠢᠭᠡᠯᠡ ᠢᠢ 2030 ᠣᠨ ᠭᠡᠬᠦ ᠳᠥ 10 ᠬᠤᠪᠢ ᠳᠤ ᠬᠦᠷᠭᠡᠵᠦ᠂ ᠲᠠᠪᠤᠨ ᠶᠡᠬᠡ ᠨᠠᠶᠤᠳ ᠬᠣᠶᠠᠷ ᠵᠠᠭᠤᠨ ᠲᠡᠷᠪᠤᠮ ᠲᠥᠭᠥᠷᠢᠭ᠌ ᠦᠨ ᠵᠢᠭᠡᠯᠡ ᠣᠯᠭᠤᠨ᠎ᠠ᠃ ᠪᠠᠩᠬᠢ᠂ ᠰᠠᠩᠬᠦᠦ ᠢᠢᠨ ᠪᠠᠢᠢᠭᠤᠯᠤᠯᠭ᠎ᠠ ᠨᠤᠭᠤᠳ 88 ᠰᠠᠶ᠎ᠠ ᠭᠠᠷᠤᠢ ᠮᠣᠳᠣ ᠲᠠᠷᠢᠵᠤ ᠤᠷᠭᠤᠭᠤᠯᠬᠤ ᠶᠤᠮ᠃
ᠲᠠᠷᠢᠭᠰᠠᠨ ᠮᠣᠳᠣᠨ ᠤ ᠲᠣᠭᠠᠯᠠᠯᠭ᠎ᠠ᠂ ᠪᠦᠷᠢᠳᠬᠡᠯ᠂ ᠮᠣᠳᠣ ᠦᠷᠡᠵᠢᠭᠦᠯᠭᠡ ᠢᠢᠨ ᠭᠠᠵᠠᠷ ᠤᠳ ᠤᠨ ᠪᠠᠢᠢᠷᠢᠰᠢᠯ᠂ ᠲᠠᠷᠢᠴᠠ᠂ ᠰᠠᠭᠤᠯᠭᠠᠴᠠ ᠢᠢᠨ ᠨᠥᠭᠡᠴᠡ᠂ ᠦᠨ᠎ᠡ ᠬᠠᠩᠰᠢ᠂ ᠮᠡᠷᠭᠡᠵᠢᠯ ᠦᠨ ᠪᠠᠢᠢᠭᠤᠯᠤᠯᠭ᠎ᠠ ᠨᠤᠭᠤᠳ ᠤᠨ ᠬᠦᠴᠦᠨ ᠴᠢᠳᠠᠯ᠂ ᠮᠣᠳᠣ ᠲᠠᠷᠢᠬᠤ ᠰᠣᠨᠢᠷᠬᠠᠯ ᠪᠦᠬᠦᠢ ᠢᠷᠭᠡᠳ᠂ ᠠᠵᠤ ᠠᠬᠤᠢ ᠢᠢᠨ ᠨᠢᠭᠡᠴᠡ᠂ ᠰᠠᠩᠬᠦᠵᠢᠭᠦᠯᠦᠭᠴᠢ ᠪᠠᠢᠢᠭᠤᠯᠤᠯᠭ᠎ᠠ ᠨᠤᠭᠤᠳ ᠤᠨ ᠪᠦᠷᠢᠳᠬᠡᠯ ᠵᠡᠷᠭᠡ ᠮᠡᠳᠡᠭᠡᠯᠡᠯ ᠢ https᠄//terbummod.mn᠂ modlog.mn ᠴᠠᠬᠢᠮ ᠬᠠᠭᠤᠳᠠᠰᠤᠨ ᠠᠴᠠ ᠠᠪᠬᠤ ᠪᠣᠯᠤᠮᠵᠢ ᠲᠠᠢ᠃